2026-10-15 17:23:33
ᠠᠪᠤ ᠵᠢᠨ ᠪᠤᠢ ᠳ᠋ᠤ᠌ ᠬᠥᠮᠥᠨ ᠪᠣᠯᠵᠤ
ᠠᠭᠲᠠ ᠵᠢᠨ ᠪᠤᠢ ᠳ᠋ᠤ᠌ ᠭᠠᠵᠠᠷ ᠲᠠᠨᠢᠵᠦ
ᠠᠪᠤᠷᠠᠯᠤᠨ ᠲᠡᠭᠷᠢ ᠳ᠋ᠤ᠌ ᠡᠷᠳᠡᠮ ᠡᠪᠦᠷᠯᠡᠵᠦ
ᠠᠰᠢᠳᠠ ᠵᠢᠨ ᠪᠡᠯᠭᠡᠰᠢᠶᠡᠯᠢ ᠠᠮᠢᠯᠠᠵᠤ ᠠᠪᠤᠭᠰᠠᠨ
ᠠᠪᠤ ᠭᠡᠳᠡᠭ ᠦᠭᠡ ᠠᠮᠢᠳᠤ ᠵᠢᠨ ᠵᠢᠷᠭᠠᠯ ᠢᠪᠡᠭᠡᠵᠦ
ᠠᠪᠤ ᠭᠡᠳᠡᠭ ᠦᠭᠡ ᠠᠮᠢᠳᠤ ᠵᠢᠨ ᠢᠪᠡᠭᠡᠯ ᠰᠣᠶᠣᠷᠬᠠᠵᠤ
ᠠᠪᠤ ᠭᠡᠳᠡᠭ ᠦᠭᠡ ᠠᠮᠢᠳᠤ ᠵᠢᠨ ᠡᠷᠴᠢ ᠡᠷᠴᠢᠮᠯᠡᠵᠦ
ᠠᠪᠤ ᠭᠡᠳᠡᠭ ᠦᠭᠡ ᠪᠤᠷᠬᠠᠨ ᠰᠡᠳᠬᠢᠯ ᠡᠪᠦᠷᠯᠡᠭᠦᠯᠦᠭᠰᠡᠨ
ᠠᠪᠤ ᠭᠡᠳᠡᠭ ᠦᠭᠡ ᠰᠤᠷᠭᠠᠯ ᠪᠣᠯᠣᠨ ᠣᠷᠣᠨᠵᠢᠵᠤ
ᠠᠪᠤ ᠭᠡᠳᠡᠭ ᠦᠭᠡ ᠰᠣᠶᠣᠷᠬᠠᠯ ᠪᠣᠯᠣᠨ ᠲᠡᠳᠬᠦᠭᠳᠡᠵᠦ
ᠠᠪᠤ ᠭᠡᠳᠡᠭ ᠦᠭᠡ ᠰᠣᠶᠣᠯᠤᠨ ᠳᠡᠭᠡᠳᠦ ᠶ᠋ᠢ ᠰᠣᠶᠣᠭᠠᠯᠠᠭᠤᠯᠵᠤ
ᠠᠪᠤ ᠭᠡᠳᠡᠭ ᠦᠭᠡ ᠰᠣᠳᠣ᠌ ᠵᠢᠨ ᠳᠡᠭᠡᠳᠦ ᠶ᠋ᠢ ᠲᠠᠨᠢᠭᠤᠯᠤᠭᠰᠠᠨ
ᠠᠪᠤ ᠵᠢᠨ ᠠᠴᠢ ᠵᠢᠨ ᠳᠡᠭᠡᠳᠦ ᠳ᠋ᠤ᠌ ᠬᠥᠮᠥᠨ ᠮᠥᠰᠥ ᠵᠢᠨ ᠴᠢᠨᠠᠷᠢ ᠤᠬᠠᠵᠤ
ᠠᠪᠤ ᠵᠢᠨ ᠠᠴᠢᠯᠠᠯᠤᠨ ᠳᠡᠭᠡᠳᠦ ᠳ᠋ᠤ᠌ ᠬᠥᠮᠥᠨ ᠶᠣᠰᠣ᠌ ᠵᠢᠨ ᠦᠨᠡᠨᠢ ᠮᠡᠳᠡᠷᠡᠵᠦ
ᠠᠪᠤ ᠵᠢᠨ ᠬᠦᠨᠳᠦᠳᠬᠡᠯᠤᠨ ᠪᠤᠶᠠᠨᠳᠤ ᠪᠤᠶᠠᠨ ᠢᠪᠡᠭᠡᠯ ᠵᠢᠠᠨ ᠬᠤᠷᠤᠢᠯᠠᠵᠤ
ᠠᠪᠤ ᠵᠢᠨ ᠬᠦᠨᠳᠦ ᠡᠭᠦᠷᠭᠡ ᠵᠢᠨ ᠬᠠᠷᠢᠭᠤᠴᠠᠯᠭ᠎ᠠ ᠳ᠋ᠤ᠌ ᠬᠥᠮᠥᠨ ᠪᠤᠯᠬᠤ ᠶ᠋ᠢ ᠣᠬᠠᠭᠠᠷᠠᠬᠰᠠᠨ
ᠠᠪᠤ ᠬᠥᠮᠥᠨᠢ ᠬᠥᠷᠥᠰᠥᠲᠦ ᠠᠯᠲᠠᠨ ᠳᠡᠯᠡᠬᠡᠢ ᠳ᠋ᠤ᠌ ᠠᠯᠲᠠᠨ ᠬᠠᠷᠴᠠᠭᠠᠢ ᠭᠡᠳᠡᠭ
ᠠᠪᠤ ᠬᠥᠮᠥᠨᠢ ᠬᠥᠮᠥᠨ ᠶᠢᠷᠲᠢᠨᠴᠦ ᠵᠢᠨ ᠡᠭᠦᠷᠭᠡᠯᠡᠭᠴᠢ ᠭᠡᠳᠡᠭ
ᠠᠪᠤ ᠬᠥᠮᠥᠨᠢ ᠠᠮᠢᠳᠤᠷᠠᠯᠤᠨ ᠲᠤᠯᠭᠠᠭᠤᠷᠢ ᠡᠷᠴᠢᠮ ᠭᠡᠳᠡᠭ
ᠠᠪᠤ ᠬᠥᠮᠥᠨᠢ ᠬᠥᠮᠥᠨᠤ ᠣᠷᠴᠢᠯᠠᠩᠤᠨ ᠰᠢᠨᠳᠠᠰᠤ ᠭᠡᠳᠡᠭ
ᠠᠪᠤ ᠬᠥᠮᠥᠨ ᠡᠷᠳᠡᠮᠤᠨ ᠵᠢᠯᠣᠭᠣ᠌ ᠶ᠋ᠢ ᠠᠳᠬᠤᠭᠤᠯᠵᠤ
ᠠᠪᠤ ᠬᠥᠮᠥᠨ ᠡᠷᠬᠢᠮᠤᠨ ᠤᠬᠠᠭᠠᠨᠢ ᠰᠡᠭᠡᠭᠦᠯᠵᠦ
ᠠᠪᠤ ᠬᠥᠮᠥᠨ ᠤᠬᠠᠭᠠᠷᠠᠯᠤᠨ ᠳᠡᠭᠡᠳᠦ ᠶ᠋ᠢ ᠰᠣᠶᠣᠭᠠᠯᠠᠭᠤᠯᠵᠤ
ᠠᠪᠤ ᠬᠥᠮᠥᠨ ᠬᠥᠮᠥᠨ ᠮᠥᠰᠥ ᠶ᠋ᠢ ᠵᠢᠯᠣᠭᠣᠳᠤᠭᠰᠠᠨ
ᠠᠪᠤ ᠵᠢᠨ ᠮᠢᠨᠢ ᠬᠡᠯᠡᠵᠦ ᠶᠠᠷᠢᠬᠤ ᠵᠦᠢ ᠶᠣᠰᠣ᠌ ᠶ᠋ᠢ ᠪᠠᠷᠢᠵᠤ
ᠠᠪᠤ ᠵᠢᠨ ᠮᠢᠨᠢ ᠬᠦᠴᠦ ᠭᠦᠳᠡᠯᠮᠦᠷᠢ ᠦᠨᠡᠨ ᠵᠥᠪᠢ ᠠᠳᠬᠤᠵᠤ
ᠠᠪᠤ ᠵᠢᠨ ᠮᠢᠨᠢ ᠵᠢᠳᠬᠦᠯ ᠭᠠᠪᠢᠶ᠎ᠠ ᠦᠨᠡᠨ ᠶᠣᠰᠣ᠌ ᠶ᠋ᠢ ᠵᠥᠪᠲᠡᠭᠡᠵᠦ
ᠠᠪᠤ ᠵᠢᠨ ᠮᠢᠨᠢ ᠠᠯᠳᠠᠷ ᠨᠡᠷ᠎ᠡ ᠬᠥᠮᠥᠰᠢ ᠵᠥᠪᠯᠡᠭᠰᠡᠨ ᠶᠣᠰᠣ᠌ ᠪᠠᠢᠭ᠎ᠠ
ᠠᠪᠤ ᠵᠢᠨ ᠮᠢᠨᠢ ᠥᠮᠥᠭ ᠲᠦᠰᠢᠭ ᠲᠸ᠋ ᠦᠷ᠎ᠡ ᠨᠢ ᠥᠯᠮᠡᠢ ᠳᠥᠷᠥᠭᠡᠯᠡᠵᠦ
ᠠᠪᠤ ᠵᠢᠨ ᠮᠢᠨᠢ ᠬᠠᠨᠠᠭᠠᠷ ᠴᠡᠭᠡᠵᠢᠨᠳᠤ ᠦᠷ᠎ᠡ ᠨᠢ ᠬᠥᠮᠥᠨᠤ ᠶᠣᠰᠣ᠌ ᠶ᠋ᠢ ᠤᠬᠠᠭᠠᠷᠠᠵᠤ
ᠠᠪᠤ ᠵᠢᠨ ᠮᠢᠨᠢ ᠰᠦᠮᠪᠦᠷ ᠠᠭᠤᠯᠠᠨ ᠳ᠋ᠤ᠌ ᠦᠷ᠎ᠡ ᠨᠢ ᠪᠦᠪᠡᠢᠯᠡᠭᠳᠡᠨ ᠶᠠᠰᠤᠵᠢᠵᠤ
ᠠᠪᠤ ᠵᠢᠨ ᠮᠢᠨᠢ ᠬᠥᠮᠥᠨ ᠮᠥᠰᠥᠨᠳᠤ ᠦᠷ᠎ᠡ ᠨᠢ ᠳᠡᠭᠡᠳᠦ ᠵᠢᠨ ᠶᠣᠰᠣ᠌ ᠶ᠋ᠢ ᠬᠦᠨᠳᠦᠯᠡᠭᠰᠡᠨ
ᠠᠪᠤ ᠵᠢᠨ ᠮᠢᠨᠢ ᠰᠣᠶᠣᠨ ᠭᠡᠭᠡᠷᠡᠯ ᠦᠷ᠎ᠡ ᠪᠠᠨ ᠰᠢᠮᠡᠵᠢᠭᠦᠯᠵᠦ
ᠠᠪᠤ ᠵᠢᠨ ᠮᠢᠨᠢ ᠰᠢᠨᠲᠠᠷᠠᠰᠢ ᠦᠭᠡᠢ ᠵᠣᠷᠢᠭ᠋ ᠦᠷ᠎ᠡ ᠪᠠᠨ ᠦᠷᠭᠦᠯᠵᠢᠯᠡᠭᠦᠯᠵᠦ
ᠠᠪᠤ ᠵᠢᠨ ᠮᠢᠨᠢ ᠥᠪ ᠰᠣᠶᠣᠯ ᠦᠷ᠎ᠡ ᠵᠢᠨ ᠵᠢᠠᠨ ᠠᠩᠭᠠᠭᠰᠠᠨ ᠰᠡᠳᠬᠢᠯᠢ ᠪᠠᠶᠠᠯᠢᠭ᠍ᠵᠢᠭᠤᠯᠵᠤ
ᠠᠪᠤ ᠵᠢᠨ ᠮᠢᠨᠢ ᠡᠷᠢᠯ ᠬᠦᠰᠡᠯ ᠦᠷ᠎ᠡ ᠵᠢᠨ ᠵᠢᠠᠨ ᠬᠦᠰᠡᠯᠤᠨ ᠵᠢᠭᠦᠷᠢ ᠤᠷᠭᠤᠭᠤᠯᠤᠬ᠍ᠰᠠᠨ
ᠠᠪᠤ ᠵᠢᠨ ᠮᠢᠨᠢ ᠠᠴᠢ ᠭᠠᠪᠢᠶ᠎ᠠ ᠥᠨᠢ ᠮᠥᠩᠬᠡ
ᠠᠪᠤ ᠵᠢᠨ ᠮᠢᠨᠢ ᠠᠯᠳᠠᠷ ᠭᠠᠪᠢᠶ᠎ᠠ ᠥᠨᠢ ᠳᠠᠭᠤᠷᠢᠰᠬᠠᠯ ᠲᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃