ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-21 11:23:27

ᠵᠣᠬᠢᠶᠠᠭ᠍ᠴᠢ᠄ ᠨᠠ᠊·ᠬᠦᠬᠡᠰᠢᠭᠤᠢ ᠣᠩᠱᠢᠭ᠍ᠰᠠᠨ ᠣᠳᠠᠭ᠎ᠠ᠄ 3

ᠴᠠᠰᠤᠳᠤ ᠠᠭᠤᠯᠠ ᠨᠠᠮᠤᠭᠳᠤ ᠲᠠᠯ᠎ᠠ

ᠴᠠᠭᠠᠨ᠎ᠠ ᠠ᠋ᠴᠠ ᠢᠰᠬᠡᠷᠬᠦ ᠲᠠᠢᠰᠦᠨ ᠤ᠋ ᠰᠤᠮᠤ

ᠯᠤ᠌ ᠳ᠋ᠢᠩ ᠴᠢᠶᠤᠤ ᠬᠦᠬᠦᠷᠭᠡ ᠶ᠋ᠢᠨ ᠲᠡᠮᠤᠷ ᠬᠢᠨᠵᠢ

ᠯᠦᠷᠬᠢᠯᠡᠨ ᠰᠤᠨᠤᠰᠲᠠᠬᠤ ᠲᠠᠷᠢ ᠶ᠋ᠢᠨ ᠲᠡᠯᠪᠡᠴᠢᠯᠲᠡ


ᠳᠠ ᠳᠦ ᠾᠧ ᠭᠤᠤᠯ ᠤ᠋ᠨ ᠲᠤᠭ᠍ᠰᠢᠨ ᠲᠠᠪᠠᠯᠭᠠᠨ

ᠲᠠᠪᠬᠤᠷ ᠲᠠᠪᠬᠤᠷ ᠪᠦᠰᠡᠯᠡᠨ ᠤᠰᠠᠳᠬᠠᠯᠲᠠ

ᠡᠯ ᠯᠠᠩ ᠱᠠᠨ ᠠᠭᠤᠯᠠᠨ ᠤ᠋ ᠡᠭᠦᠯᠡ ᠮᠠᠨᠠᠨ

ᠤᠷᠤᠭᠰᠢᠯᠠᠯᠲᠠ ᠶ᠋ᠢᠨ ᠪᠦᠷᠢᠶ᠎ᠡ ᠶ᠋ᠢᠨ ᠬᠠᠩᠭᠢᠨᠠᠮ᠎ᠠ ᠲᠠᠭᠤᠨ


ᠡᠷᠡᠯᠭᠡᠭ ᠲᠠᠢᠴᠢᠳ ᠤ᠋ᠨ ᠤᠯᠠᠭᠠᠨ ᠴᠢᠰᠦ

ᠡᠬᠡ ᠭᠠᠵᠠᠷ ᠢ᠋ ᠢᠩᠭᠢᠵᠤ ᠪᠤᠳᠤᠭᠯᠠᠪᠠ

ᠡᠷᠭᠡ ᠴᠢᠯᠦᠭᠡᠨ ᠤ᠋ ᠤᠯᠠᠭᠠᠨ ᠲᠤᠭ

ᠡᠬᠡ ᠤᠷᠤᠨ ᠤ᠋ ᠲᠡᠭᠷᠢ᠎ᠳᠦ ᠨᠠᠮᠢᠷᠠᠪᠠ


ᠡᠨᠡ ᠪᠦᠬᠦᠨ ᠦᠩᠭᠡᠷᠡᠭᠡᠳ ᠨᠢᠭᠡᠨᠲᠡ

ᠶᠡᠷᠡᠨ ᠵᠢᠯ ᠪᠤᠯᠤᠭᠰᠠᠨ ᠴᠦ᠍

ᠦᠨᠦᠳᠦᠷ ᠡᠷᠭᠢᠴᠡᠭᠦᠯᠦᠨ ᠪᠤᠳᠤᠬᠤ᠎ᠳᠦ

ᠡᠯᠢᠭᠡ ᠵᠢᠷᠦᠭᠡ ᠶᠠᠭᠤᠲᠠᠢ ᠲᠤᠭᠳᠤᠯᠤᠨ᠎ᠠ


ᠠᠵᠢᠯᠴᠢᠨ ᠲᠠᠷᠢᠶᠠᠴᠢᠨ ᠤ᠋ ᠤᠯᠠᠭᠠᠨ ᠴᠡᠷᠢᠭ

ᠠᠶᠠᠨ ᠲᠠᠢᠨ᠎ᠳᠦ ᠮᠤᠷᠳᠠᠭᠰᠠᠨ ᠦᠭᠡᠢ ᠪᠤᠯ

ᠠᠯᠲᠠᠨ ᠠᠮᠢ ᠪᠠᠨ ᠴᠦᠯᠡᠨ ᠦᠷᠡᠭᠲᠡᠭᠦᠯᠬᠦ

ᠠᠤᠭ᠎ᠠ ᠵᠤᠷᠢᠭ᠋ ᠪᠠᠢᠭᠰᠠᠨ ᠦᠭᠡᠢ ᠪᠤᠯ


ᠽᠦᠨ ᠡᠢ ᠶ᠋ᠢᠨ ᠬᠤᠷᠠᠯ ᠤ᠋ᠨ ᠦᠷ ᠤ᠋ᠨ ᠲᠤᠶᠠᠭ᠎ᠠ

ᠵᠡᠭᠦᠨ ᠤ᠋ ᠪᠦᠭᠡᠷᠡᠩᠬᠡᠢ ᠦᠵᠡᠯ ᠢ᠋ ᠢᠯᠠᠭᠰᠠᠨ ᠦᠭᠡᠢ ᠪᠤᠯ

ᠠᠭᠤᠤ ᠤᠳᠤᠷᠢᠳᠤᠭ᠍ᠴᠢ ᠶ᠋ᠢᠨ ᠵᠦᠪ ᠤᠨᠤᠯ

ᠤᠯᠠᠭᠠᠨ ᠴᠡᠷᠢᠭ ᠢ᠋ ᠤᠳᠤᠷᠢᠳᠤᠭᠰᠠᠨ ᠦᠭᠡᠢ ᠪᠤᠯ


ᠠᠶᠠᠨ ᠲᠠᠢᠨ ᠤ᠋ ᠠᠭᠤᠤ ᠶᠡᠬᠡ ᠢᠯᠠᠯᠲᠠ

ᠡᠬᠡ ᠤᠷᠤᠨ ᠤ᠋  ᠪᠦᠬᠦ ᠲᠠᠯ᠎ᠠ ᠶ᠋ᠢᠨ ᠴᠢᠯᠦᠭᠡᠯᠡᠯᠲᠡ

ᠠᠷᠠᠳ ᠲᠦᠮᠡᠨ ᠤ᠋ ᠵᠤᠯ ᠵᠢᠷᠭᠠᠯᠳᠤ ᠠᠮᠢᠳᠤᠷᠠᠯ

ᠡᠨᠡ ᠪᠦᠬᠦᠨ ᠪᠠᠢᠬᠤ ᠶᠤᠰᠤ ᠦᠭᠡᠢ ᠡ


ᠤᠯᠠᠭᠠᠨ ᠴᠡᠷᠢᠭ ᠤ᠋ᠨ ᠡᠪᠡᠰᠦᠨ ᠱᠠᠬᠠᠢ

ᠦᠷᠭᠡᠰᠦ ᠰᠤᠨᠳᠤᠣ ᠵᠢ ᠲᠤᠭᠤᠯᠤᠭᠰᠠᠨ ᠪᠠᠷᠳᠠᠭᠠᠳᠤ ᠠᠶᠠᠨ

ᠦᠬᠦᠯ ᠠ᠋ᠴᠠ ᠰᠦᠷᠲᠡᠬᠦ ᠦᠭᠡᠢ ᠡᠷᠡᠮᠡᠬᠡᠢ ᠵᠤᠷᠢᠭ᠋

ᠡᠷᠬᠡ ᠴᠢᠯᠦᠭᠡᠨ ᠤ᠋ ᠲᠦᠯᠦᠭᠡ ᠤᠷᠤᠰᠬᠠᠭᠰᠠᠨ ᠠᠷᠢᠭᠤᠨ ᠴᠢᠰᠦ


ᠬᠤᠶᠠᠷ ᠲᠦᠮᠡ ᠲᠠᠪᠤᠨ ᠮᠢᠩᠭᠠᠨ ᠭᠠᠵᠠᠷ

ᠬᠤᠷᠸ᠎ᠠ᠎ᠳᠦ ᠬᠤᠤᠰ ᠦᠭᠡᠢ ᠭᠠᠢᠬᠠᠮᠰᠢᠭ᠍ᠳᠤ ᠠᠶᠠᠨ ᠲᠠᠢᠨ

ᠬᠤᠶᠠᠷ ᠵᠢᠯ ᠲᠤᠯᠤᠭᠠᠨ ᠵᠠᠭᠤ ᠭᠤᠴᠢᠨ ᠡᠳᠦᠷ

ᠬᠦᠮᠦᠨ ᠲᠦᠷᠦᠯᠬᠢᠲᠡᠨ ᠤ᠋ ᠲᠡᠦᠬᠡᠨ᠎ᠳᠦ ᠭᠠᠷᠤᠭ᠎ᠠ ᠦᠭᠡᠢ ᠠᠤᠭ᠎ᠠ ᠦᠢᠯᠡᠰ


ᠡᠨᠡ ᠪᠤᠯ ᠠᠵᠢᠯᠴᠢᠨ ᠲᠠᠷᠢᠶᠠᠴᠢᠨ ᠤ᠋ ᠤᠯᠠᠭᠠᠨ ᠴᠡᠷᠢᠭ ᠤ᠋ᠨ

ᠤᠷᠳᠤ ᠵᠠᠮ ᠤ᠋ᠨ ᠠᠶᠠᠨ ᠲᠠᠢᠨ

ᠡᠬᠡ ᠤᠷᠤᠨ ᠤ᠋ ᠴᠢᠯᠦᠭᠡᠯᠡᠯᠲᠡ ᠶ᠋ᠢᠨ ᠲᠦᠯᠦᠭᠡ

ᠡᠷᠡᠯᠭᠡᠭᠯᠡᠨ ᠮᠤᠷᠳᠠᠭᠰᠠᠨ ᠠᠭᠤᠤ ᠶᠡᠬᠡ ᠠᠶᠠᠨ ᠲᠠᠢᠨ ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面