ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-21 11:39:21

ᠵᠣᠬᠢᠶᠠᠭ᠍ᠴᠢ᠄ ᠵᠠ᠊·ᠷᠢᠨᠴᠢᠨ ᠣᠩᠱᠢᠭ᠍ᠰᠠᠨ ᠣᠳᠠᠭ᠎ᠠ᠄ 3

ᠤᠯᠠᠭᠠᠨ ᠴᠡᠷᠢᠭ ᠪᠡᠷᠬᠡᠰᠢᠶᠡᠯ ᠡᠴᠡ ᠠᠶᠤᠬᠤ ᠦᠭᠡᠢ

ᠤᠷᠲᠤ ᠵᠠᠮ᠎ᠤᠨ ᠠᠶᠠᠨ ᠲᠠᠢᠨ᠎ᠤ ᠪᠤᠳᠤᠯᠭ᠎ᠠ᠎ᠶᠢ ᠲᠤᠭᠲᠠᠭᠠᠪᠠᠢ

ᠬᠥᠬᠡᠮᠦᠢ᠍ᠷᠡᠨ᠎ᠦ ᠡᠮᠦᠨ᠎ᠡ ᠤᠮᠠᠷ᠎ᠠ ᠡᠴᠡ

ᠱᠠᠨ ᠭᠠᠨ᠎ᠤ ᠬᠤᠪᠢᠰᠬᠠᠯ᠎ᠤᠨ ᠰᠠᠭᠤᠷᠢᠨ ᠭᠠᠵᠠᠷ ᠵᠦᠭ ᠰᠢᠯᠵᠢᠪᠡᠢ


ᠤᠯᠠᠭᠠᠨ ᠴᠡᠷᠢᠭ ᠲᠠᠢᠰᠤᠨ ᠡᠴᠡ ᠡᠮᠢᠶᠡᠬᠦ ᠦᠭᠡᠢ

ᠤᠬᠠᠭᠠᠨ ᠵᠤᠷᠢᠭ᠋᠎ᠢᠶᠠᠷ ᠲᠦᠷᠢᠮᠡᠭᠡᠢ᠎ᠶᠢ ᠲᠡᠢᠯᠪᠡᠢ

ᠤᠷᠤᠭ᠍ᠰᠢ ᠪᠠᠨ ᠭᠡᠰᠡᠨ ᠭᠠᠭᠴᠠ ᠪᠤᠳᠤᠯ᠎ᠢᠶᠠᠷ

ᠤᠷᠢᠳᠴᠢᠯᠠᠨ ᠲᠤᠭᠲᠠᠭᠠᠭᠰᠠᠨ ᠬᠠᠷᠠᠯᠲᠠ᠎ᠳᠠᠭᠠᠨ ᠬᠦᠷᠪᠡᠢ


ᠠᠷᠤ ᠭᠡᠷ᠎ᠢᠶᠡᠨ 《ᠮᠠᠷᠲᠠᠭᠰᠠᠨ》 ᠰᠢᠯᠢᠳᠡᠭ ᠦᠬᠢᠳ ᠬᠦᠪᠡᠭᠦᠳ

ᠡᠬᠡ ᠤᠷᠤᠨ ᠠᠷᠠᠳ ᠲᠦᠮᠡᠨ᠎ᠤ ᠪᠠᠨ ᠡᠮᠦᠨ᠎ᠡ ᠡᠴᠡ

ᠡᠵᠡᠷᠭᠡᠭ ᠦᠵᠡᠯ᠎ᠢ ᠪᠤᠰᠠᠨᠢᠭᠤᠯᠬᠤ ᠪᠠᠷ

ᠡᠮᠦᠨ᠎ᠡ ᠹᠷᠤᠨᠲ ᠲᠦ᠍ ᠮᠤᠷᠳᠠᠵᠠᠭᠠᠪᠠ


ᠠᠵᠢᠯᠴᠢᠨ ᠲᠠᠷᠢᠶᠠᠴᠢᠨ᠎ᠤ ᠭᠤᠤᠯ ᠬᠦᠴᠦᠨ ᠴᠡᠷᠢᠭ

ᠬᠠᠷᠰᠢ ᠰᠠᠭᠠᠳ᠎ᠢ ᠬᠦᠴᠢᠷ ᠪᠡᠷᠭᠡᠰᠢᠶᠡᠯ᠎ᠢᠶᠠᠷ ᠪᠤᠳᠤᠬᠤ ᠦᠭᠡᠢ

ᠴᠠᠰᠤ ᠪᠤᠷᠤᠭ᠎ᠠ ᠰᠠᠯᠬᠢ ᠰᠢᠭᠤᠷᠭ᠎ᠠ ᠲᠠᠢ ᠦᠷᠢᠰᠴᠤ

ᠴᠠᠭᠯᠠᠰᠢ ᠦᠭᠡᠢ ᠮᠤᠨᠲᠠᠭ ᠪᠠᠭᠠᠳᠤᠷᠯᠢᠭ᠋ ᠲᠤᠤᠯᠢ᠎ᠶᠢ ᠪᠢᠴᠢᠭᠯᠡᠪᠡᠢ


ᠠᠯᠤᠰ᠎ᠤᠨ ᠠᠭᠤᠯᠠᠰ ᠤᠷᠮ᠎ᠠ ᠦᠭᠭᠦᠨ ᠦᠨᠳᠡᠢᠪᠡ

ᠠᠮᠠᠨ ᠲᠠᠩᠭᠠᠷᠢᠭ᠋ ᠡᠴᠡ ᠪᠠᠨ ᠪᠤᠴᠠᠰᠢ ᠦᠭᠡᠢ

ᠠᠯᠳᠠᠨ ᠬᠢᠯᠢ ᠬᠦᠴᠦ ᠰᠡᠯᠭᠦᠨ ᠨᠠᠮᠢᠷᠠᠪᠠ

ᠠᠤᠭ᠎ᠠ ᠵᠤᠷᠢᠯᠲᠠ ᠡᠴᠡ ᠪᠠᠨ ᠰᠢᠯᠵᠢᠰᠢ ᠦᠭᠡᠢ


ᠡᠯᠢᠭᠡᠨ ᠢᠯᠴᠢ ᠪᠠᠷ᠎ᠢᠶᠠᠨ ᠠᠩᠭᠢ᠎ᠶᠢᠨ ᠨᠦᠬᠦᠳ᠎ᠢᠶᠡᠨ ᠲᠤᠯᠠᠭᠠᠯᠠᠵᠤ

ᠡᠰᠭᠡᠮ᠎ᠡ ᠬᠦᠢᠳᠡᠨ᠎ᠢ ᠬᠠᠭᠤᠯᠤᠨ ᠬᠠᠶᠠᠪᠠ

ᠡᠷᠴᠢ ᠵᠤᠷᠢᠭ᠋᠎ᠢᠶᠠᠷ᠎ᠢᠶᠠᠨ ᠨᠠᠮᠤᠭ ᠲᠠᠯ᠎ᠠ᠎ᠶᠢ ᠰᠠᠮᠨᠠᠵᠤ

ᠵᠢᠷᠦᠭᠡᠨ ᠴᠤᠭ᠎ᠢᠶᠠᠷ᠎ᠢᠶᠠᠨ ᠬᠤᠪᠢᠰᠬᠠᠯ᠎ᠤᠨ ᠭᠤᠯᠤᠮᠳᠠ ᠵᠢ ᠲᠦᠷᠡᠯᠵᠡᠭᠦᠯᠪᠡ


ᠪᠡᠶ᠎ᠡ ᠮᠠᠬᠠᠪᠤᠳ᠎ᠤᠨ᠎ᠢᠶᠠᠨ ᠬᠢᠵᠠᠭᠠᠷ ᠡᠴᠡ

ᠦᠷ᠎ᠦᠨ ᠭᠡᠭᠡ᠎ᠶᠢ ᠢᠳᠡᠭᠡᠨ ᠬᠦᠯᠢᠶᠡᠵᠦ

ᠤᠢ ᠤᠬᠠᠭᠠᠨ᠎ᠤ ᠪᠠᠨ ᠦᠨᠳᠦᠷᠯᠢᠭ ᠲᠦ᠍

ᠦᠨᠡᠨ ᠶᠤᠰᠤᠨ᠎ᠤ ᠲᠤᠭ᠎ᠢ ᠮᠠᠨᠳᠤᠭᠤᠯᠵᠤ


ᠬᠠᠳᠠ ᠴᠢᠯᠠᠭᠤ ᠪᠤᠯᠪᠠᠴᠤ ᠰᠦᠢᠷᠡᠳᠡᠭ

ᠬᠠᠲᠠᠨ ᠪᠠᠭᠠᠳᠤᠷ ᠴᠤᠭ ᠰᠦᠯᠳᠡ ᠤᠨᠳᠠᠷᠠᠰᠢ ᠦᠭᠡᠢ

ᠬᠠᠯᠠᠭᠤᠨ ᠠᠮᠢᠳᠤᠷᠠᠯ᠎ᠢᠶᠡᠨ ᠬᠠᠮᠠᠭᠠᠯᠠᠬᠤ ᠲᠡᠮᠡᠴᠡᠯ᠎ᠳᠦ

ᠬᠦᠮᠦᠨ᠎ᠦ ᠶᠢᠷᠲᠢᠨᠴᠦ᠎ᠶᠢᠨ ᠰᠢᠳᠤᠷᠭᠤ ᠦᠢᠯᠡᠰ᠎ᠢ ᠪᠤᠰᠬᠠᠪᠠ


ᠤᠷᠲᠤ ᠵᠠᠮ᠎ᠤᠨ ᠠᠶᠠᠨ ᠲᠠᠢᠨ

ᠵᠤᠷᠢᠭ᠋ ᠰᠠᠨᠠᠭᠠᠨ᠎ᠤ ᠢᠷᠠᠭᠤ ᠲᠤᠤᠯᠢᠰ

ᠤᠷᠲᠤ ᠵᠠᠮ᠎ᠤᠨ ᠠᠶᠠᠨ ᠲᠠᠢᠨ

ᠤᠷᠢᠳ ᠪᠠᠢᠭ᠎ᠠ ᠦᠭᠡᠢ ᠭᠠᠢᠬᠠᠮᠰᠢᠭ᠍ᠲᠤ ᠬᠦᠰᠢᠶ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面