ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-02 11:40:28

ᠵᠣᠬᠢᠶᠠᠭ᠍ᠴᠢ᠄ ᠬᠠᠷᠠᠭᠳᠠᠨ ᠠᠯᠳᠠᠨᠵᠢᠮᠢᠰ ᠣᠩᠱᠢᠭ᠍ᠰᠠᠨ ᠣᠳᠠᠭ᠎ᠠ᠄ 3



ᠡᠵᠢ᠎ᠶᠢᠨ ᠮᠢᠨᠢ ᠰᠡᠳᠬᠢᠯ᠎ᠡᠴᠡ ᠳᠡᠯᠭᠡᠷᠡᠳᠡᠭ

ᠦᠵᠡᠰᠬᠦᠯᠠᠩ ᠪᠦᠬᠦᠨ ᠴᠡᠴᠡᠭᠡᠰ ᠲᠤ᠌ ᠬᠤᠪᠢᠯᠵᠤ

ᠲᠠᠯ᠎ᠠ ᠰᠢᠭ᠋᠎ᠢᠶᠡᠨ ᠲᠡᠨᠢᠭᠦᠬᠡᠨ᠂ ᠤᠰᠤ ᠮᠡᠲᠦ ᠪᠤᠯᠤᠷᠬᠠᠨ

ᠲᠡᠢᠮᠤ ᠯᠠ ᠭᠤᠸ᠎ᠠ ᠨᠠᠷᠠᠨ ᠬᠡᠷᠡᠯ᠎ᠢᠶᠡᠷ

ᠦᠷ᠎ᠡ ᠨᠠᠮᠠᠶ᠋ᠢ᠎ᠪᠡᠨ ᠢᠪᠡᠭᠡᠳᠡᠭ ᠪᠠᠢᠭᠰᠠᠨ᠎ᠢ

ᠦᠯᠢᠬᠡᠷ᠎ᠦᠨ ᠬᠡ ᠲᠠᠢ ᠣᠷᠴᠢᠯᠠᠩ᠎ᠠᠴᠠ ᠪᠢ

ᠦᠭᠡ᠎ᠶᠢᠨ ᠢᠷᠠᠭᠤ᠂ ᠨᠠᠢᠷᠠᠭ ᠪᠣᠯᠭᠠᠨ ᠲᠠᠨ᠎ᠳᠤ ᠡᠷᠭᠦᠮᠦ




ᠲᠠᠩᠰᠤᠭ ᠢᠷᠠᠭᠤ ᠠᠶᠠᠯᠭᠤ᠎ᠶᠢ ᠵᠢᠷᠦᠬᠡ᠎ᠪᠡᠷ᠎ᠢᠶᠡᠨ ᠮᠡᠳᠡᠷᠡᠵᠦ

ᠲᠤᠩᠭᠠᠯᠠᠭ ᠬᠡᠬᠡᠨ ᠲᠥᠷᠬᠦ᠎ᠶᠢ ᠨᠢ ᠬᠠᠷᠠᠭᠠᠨ᠎ᠳᠠᠭᠠᠨ ᠬᠠᠳᠠᠩᠰᠢᠭᠤᠯᠵᠤ

ᠪᠦᠲᠦᠨ ᠰᠥᠨᠢ᠎ᠶᠢᠨ ᠨᠣᠢᠷ ᠶ᠋ᠢᠡᠨ ᠵᠢᠷᠭᠠᠯ ᠪᠣᠯᠭᠠᠨ ᠪᠦᠪᠡᠢᠯᠡᠭᠰᠡᠨ

ᠪᠤᠳᠤᠯ᠎ᠤᠨ ᠲᠡᠷᠭᠡᠯᠬᠡᠨ ᠬᠦᠰᠡᠯ᠎ᠳᠦᠨᠢ ᠢᠪᠡᠭᠡᠭᠳᠡᠵᠦ

ᠪᠤᠭᠤᠷᠤᠯ ᠲᠤᠮᠤᠭ ᠲᠠᠢ ᠡᠳᠦᠷ᠎ᠦᠳ ᠲᠤᠨᠢ ᠰᠣᠯᠣᠩᠭ᠎ᠠ ᠲᠠᠲᠠᠭᠤᠯᠤᠨ

ᠪᠤᠮᠠᠨ ᠬᠡᠯᠡ ᠲᠠᠢ ᠬᠣᠷᠸ᠎ᠠ᠎ᠶᠢᠨ ᠰᠠᠢᠬᠠᠨ ᠪᠦᠬᠦᠨ᠎ᠢ ᠪᠢ

ᠪᠣᠰᠣᠭ᠎ᠠ ᠦᠰᠦᠭ᠎ᠦᠨ ᠤᠷᠠᠯᠢᠭ᠋᠎ᠢᠶᠡᠷ ᠰᠢᠯᠦᠭ ᠪᠣᠯᠭᠠᠨ ᠲᠠᠷᠯᠡᠮᠤ




ᠡᠵᠢ᠎ᠶᠢᠨ ᠮᠢᠨᠢ ᠵᠢᠷᠦᠬᠡᠨ᠎ᠡᠴᠡ ᠤᠷᠭᠤᠭᠰᠠᠨ

ᠲᠡᠭᠦᠯᠳᠡᠷ ᠡᠷᠬᠢᠮᠰᠦᠭ ᠪᠦᠬᠦᠨ ᠬᠡᠷᠡᠯ ᠬᠡᠬᠡᠨ᠎ᠳᠦ ᠰᠢᠩᠭᠡᠵᠦ

ᠭᠠᠭᠴᠠᠬᠠᠨ ᠪᠠᠢᠳᠠᠭ ᠠᠮᠢ ᠨᠠᠰᠤ᠎ᠪᠠᠨ

ᠦᠷ᠎ᠡ᠎ᠶᠢᠨ᠎ᠢᠶᠡᠨ ᠲᠥᠯᠥᠭᠡ ᠡᠷᠭᠦᠵᠦ ᠪᠠᠢᠳᠠᠭ

ᠡᠬᠡ᠎ᠶᠢᠨ ᠬᠠᠢᠷ᠎ᠠ᠎ᠠᠴᠠ ᠠᠮᠢ ᠨᠠᠰᠤᠨ᠎ᠤ ᠬᠡᠷᠡᠯ ᠠᠰᠬᠠᠷᠠᠭᠠᠳ

ᠠᠭᠤᠳᠠᠮ ᠶᠡᠬᠡ ᠲᠠᠯ᠎ᠠ᠎ᠶᠢᠨ ᠡᠩᠭᠡᠷ᠎ᠡᠴᠡ ᠤᠷᠠᠨ ᠰᠠᠨᠠᠭ᠎ᠠ ᠲᠦᠷᠦᠬᠦᠯᠦᠭᠰᠡᠨ

ᠠᠷᠢᠭᠤᠨ ᠬᠠᠢᠷ᠎ᠠ᠎ᠶᠢᠨ ᠳᠡᠭᠡᠳᠦ ᠰᠢᠳᠢ ᠪᠣᠯᠭᠠᠨ ᠬᠡᠬᠡᠯᠡᠮᠤ




ᠡᠬᠢᠯᠡᠯ᠎ᠢ ᠪᠤᠷᠬᠠᠨ ᠪᠠᠶᠠᠷ ᠭᠤᠨᠢᠭ᠋᠎ᠢᠶᠠᠷ᠎ᠢᠶᠠᠨ ᠠᠷᠭᠠᠳᠠᠨ

ᠤᠬᠢᠯᠠᠵᠤ ᠳᠠᠭᠤᠯᠠᠬᠤ ᠬᠣᠷᠸ᠎ᠠ᠎ᠶᠢᠨ ᠵᠢᠮ᠎ᠡ᠎ᠶᠢ ᠲᠣᠭᠲᠠᠭᠠᠵᠤ

ᠬᠠᠭᠠᠷᠠᠬᠤ᠎ᠪᠠᠷ᠎ᠢᠶᠠᠨ ᠪᠦᠲᠦᠨ ᠡᠷᠭᠢᠳᠡᠭ

ᠡᠬᠡ ᠦᠷ᠎ᠡ᠎ᠶᠢᠨ ᠲᠠᠪᠢᠯᠠᠩ ᠢᠩᠭᠢᠵᠦ ᠵᠠᠶᠠᠭᠠᠳᠠᠭ᠎ᠢ

ᠡᠵᠢ ᠪᠤᠯᠬᠤ᠎ᠶᠢᠨ ᠮᠥᠴᠡ ᠤᠬᠠᠳᠠᠭ ᠪᠠᠢᠵᠤ

ᠡᠷᠲᠡᠨ ᠡᠳᠦᠭᠡ᠎ᠶᠢᠨ ᠬᠡᠭᠡᠷ᠎ᠡ᠎ᠶᠢᠨ ᠲᠤᠮᠤᠭ᠎ᠠᠴᠠ ᠬᠡᠬᠡᠷᠡᠵᠤ

ᠡᠵᠢ ᠲᠠᠨ᠎ᠳᠠᠭᠠᠨ ᠤᠶᠠᠩᠭ᠎ᠠ ᠪᠣᠯᠭᠠᠨ ᠤᠶᠠᠩᠭᠠᠯᠠᠮᠤ




ᠡᠵᠢ᠎ᠶᠢᠨ᠎ᠢᠶᠡᠨ ᠡᠯᠢᠭᠡᠨ᠎ᠳᠦ ᠡᠷᠬᠡᠯᠡᠭᠰᠡᠨ

ᠲᠣᠮᠣᠭ᠎ᠠ ᠦᠭᠡᠢ ᠴᠠᠢᠯᠭᠠᠨ ᠬᠡᠦᠬᠡᠳ ᠨᠠᠰᠤ ᠡᠷᠢᠭᠳᠡᠨ

ᠲᠠᠩᠬᠢᠯᠬᠠᠨ ᠵᠠᠯᠠᠭᠤ ᠡᠵᠢ᠎ᠶᠢᠨ᠎ᠢᠶᠡᠨ ᠪᠦᠪᠡᠢ᠎ᠪᠡᠷ ᠠᠷᠭᠠᠳᠠᠭᠤᠯᠵᠤ

ᠠᠩᠭᠢᠷ ᠰᠢᠷ᠎ᠠ ᠤᠭᠤᠷᠠᠭ᠎ᠢ ᠨᠢ ᠰᠢᠮᠡᠨ ᠰᠢᠮᠡᠨ ᠡᠷᠬᠡᠯᠡᠨ

ᠠᠯᠳᠠᠨ ᠳᠡᠯᠡᠬᠡᠢ᠎ᠶᠢᠨ ᠠᠭᠤᠳᠠᠮ᠎ᠢ ᠤᠬᠠᠭᠠᠷᠠᠨ ᠪᠠᠢᠵᠤ

ᠠᠮᠵᠢᠯᠲᠠ᠎ᠶᠢᠨ ᠬᠣᠷᠣᠮ ᠪᠦᠬᠦᠨ᠎ᠢ ᠬᠠᠷᠠᠭᠤᠯᠤᠨ᠎ᠠ ᠬᠡᠮᠡᠨ

ᠠᠴᠢᠲᠤ ᠲᠠᠨ᠎ᠳᠠᠭᠠᠨ ᠢᠷᠦᠭᠡᠯ ᠪᠣᠯᠭᠠᠨ ᠲᠡᠪᠰᠢᠬᠦᠯᠦᠮᠦ




ᠪᠤᠷᠬᠠᠨ᠎ᠤ ᠠᠯᠳᠠᠨ ᠲᠥᠷᠬᠦ᠎ᠡᠴᠡ ᠬᠡᠷᠡᠯ ᠵᠢᠭᠡᠯᠡᠵᠦ

ᠪᠡᠷᠬᠡᠳᠡᠨ ᠵᠣᠪᠠᠭᠤᠷᠢᠯᠠᠵᠤ ᠡᠪᠡᠳᠦᠨ ᠰᠢᠨᠠᠯᠵᠤ ᠪᠠᠢᠭᠰᠠᠨ ᠴᠤ᠌

ᠦᠷ᠎ᠡ᠎ᠪᠠᠨ ᠭᠡᠰᠡᠨ ᠰᠡᠳᠬᠢᠯ ᠶᠠᠭᠤ ᠪᠦᠬᠦᠨ᠎ᠢ ᠲᠠᠢᠳᠬᠣᠷᠠᠭᠤᠯᠤᠨ

ᠠᠭᠤᠳᠠᠮᠴᠢ᠎ᠶᠢᠨ ᠬᠢᠵᠠᠭᠠᠷ᠎ᠢ ᠥᠭᠦᠯᠡᠭᠰᠡᠨ ᠬᠠᠢᠷ᠎ᠠ᠎ᠶᠢᠨ ᠬᠡᠮᠨᠡᠯ᠎ᠳᠦ

ᠦᠯᠡᠮᠵᠢ᠎ᠶᠢᠨ ᠴᠢᠨᠠᠷ ᠠᠭᠤᠰᠤᠨ ᠰᠢᠩᠭᠡᠵᠦ

ᠥᠪᠡᠷ᠎ᠢᠶᠡᠨ ᠦᠷ᠎ᠡ᠎ᠶᠢᠨ ᠦᠷᠭᠦᠯᠵᠢᠯᠡᠯ᠎ᠢᠶᠡᠷ ᠬᠡᠬᠡᠷᠡᠵᠤ

ᠥᠷᠥᠰᠢᠶᠡᠯᠲᠦ ᠲᠠᠨ᠎ᠳᠤ ᠳᠠᠭᠤᠤ ᠪᠣᠯᠭᠠᠨ ᠳᠠᠭᠤᠯᠠᠮᠤ



  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面