2026-09-16 17:02:32
ᠰᠣᠨᠣᠷ ᠲᠦ᠍ ᠠᠶᠠᠲᠠᠢᠬᠠᠨ ᠪᠣᠷᠣᠭᠠᠨᠤ ᠴᠡᠩᠭᠡᠷ ᠠᠶᠠᠯᠭᠣ ᠰᠡᠳᠬᠢᠯᠢ ᠲᠦᠯᠭᠡᠭᠡᠨ ᠲᠣᠪᠰᠢᠨᠠ
ᠭᠠᠵᠠᠷᠤᠨ ᠡᠯᠢᠭᠡᠨ ᠳ᠋ᠦ ᠲᠣᠬᠵᠢᠷᠠᠬᠰᠠᠨ ᠡᠪᠡᠰᠦᠨᠤ ᠦᠷᠡ ᠴᠢᠬᠢᠭ ᠦᠨᠦᠷᠯᠡᠵᠦ ᠡᠪᠰᠢᠶᠡᠨᠡ
ᠭᠠᠴᠢᠬ ᠲᠦ᠍ ᠣᠢᠲᠣᠬᠰᠠᠨ ᠪᠠᠢᠭᠠᠯᠢ ᠭᠠᠷᠴᠠᠬ ᠶ᠋ᠢᠡᠨ ᠣᠯᠵᠦ ᠶᠠᠲᠠᠮᠠ ᠰᠡᠷᠪᠡᠭᠡᠨᠡᠨᠡ
ᠭᠠᠩ ᠲᠠᠢ ᠵᠢᠷᠦᠭᠡᠨᠤ ᠨᠠᠮᠠᠭᠠᠨ ᠲᠡᠭᠡᠷᠡ ᠮᠢᠩᠭᠠᠨ ᠰᠢᠪᠠᠭᠣ ᠡᠭᠡᠰᠢᠭᠯᠡᠨ ᠲᠠᠭᠣᠯᠠᠨᠠ
ᠪᠠᠭᠣᠵᠦ ᠪᠣᠢ ᠬᠣᠷᠠ ᠣᠷᠭᠣᠵᠦ ᠪᠠᠢᠭᠠ ᠪᠣᠲᠣᠯ ᠲᠠᠢ ᠢᠵᠢᠯᠢᠰᠢᠨ ᠵᠦᠰᠡᠷᠡᠨᠡ
ᠣᠶᠠᠬᠠᠨ ᠵᠦᠭᠡᠯᠡᠨ ᠠᠮᠢᠰᠬᠣᠭᠠ ᠳ᠋ᠦ ᠬᠡᠨ ᠨᠢᠭᠡᠨ ᠲᠠᠢ ᠠᠭᠣᠯᠵᠠᠵᠦ ᠶᠠᠷᠢᠮᠠᠷ ᠰᠠᠨᠠᠬᠲᠠᠨᠠ
ᠪᠣᠲᠣᠬ ᠨᠢ ᠬᠦᠨᠵᠢᠭᠰᠡᠨ ᠬᠠᠢᠯᠠᠰᠣᠨᠤ ᠮᠦᠴᠢᠷ ᠨᠠᠲᠠ ᠣᠷᠣᠭᠣ ᠣᠴᠢᠷᠲᠠᠢᠬᠠᠨ ᠲᠣᠬᠢᠯᠵᠠᠨᠠ
ᠡᠬᠦᠯᠡ ᠵᠠᠲᠠᠷᠠᠬᠣ ᠠᠨᠢᠷ ᠶ᠋ᠢᠡᠷ ᠣᠨᠢᠶᠠᠷ ᠬᠦᠰᠢᠭᠡᠯᠡᠵᠦ ᠣᠰᠣᠨᠤ ᠬᠣᠷᠮᠣᠢ ᠲᠡᠷᠪᠡᠨᠡ
ᠵᠢᠰᠢᠬᠦᠦ ᠬᠡᠯᠬᠢᠶᠡᠷᠡᠯᠡᠭᠰᠡᠨ ᠮᠦᠩᠬᠦᠨ ᠲᠣᠰᠣᠯ ᠮᠦᠷᠦᠭᠡᠲᠦᠯᠢ ᠬᠦᠲᠦᠯᠬᠦ ᠮᠡᠲᠦ ᠰᠣᠪᠣᠷᠠᠨᠠ
ᠠᠯᠲᠠᠷᠠᠢ ᠨᠠᠰᠣᠨᠤ ᠣᠷᠣᠮ ᠮᠠᠯᠮᠠᠢ ᠲᠠᠭᠠᠨ ᠦᠷᠲᠡᠭᠡᠯᠡᠬᠦᠶᠢ ᠮᠡᠭᠰᠢᠬᠦ ᠲᠠᠯᠠ ᠭᠡᠷᠡᠴᠢᠯᠡᠨᠡ
ᠴᠡᠮᠴᠡᠭᠡᠷ ᠵᠣᠨ ᠨᠣᠮᠢᠨ ᠬᠦᠪᠴᠢ ᠴᠡᠭᠴᠡᠦᠬᠡᠢᠶᠢᠨ ᠵᠡᠬᠦᠲᠦᠨ ᠳ᠋ᠦ ᠰᠡᠷᠢᠬᠦᠦ ᠬᠠᠢᠷᠠ ᠲᠠᠲᠠᠨᠠ
ᠦᠨᠵᠢᠬᠦᠯ ᠬᠡᠳᠦᠨ ᠡᠪᠡᠰᠦᠨ ᠲᠣᠮᠲᠠ ᠣᠯᠠᠷᠢᠯᠤᠨ ᠵᠢᠰᠢᠶᠡᠨ ᠳ᠋ᠦ ᠡᠷᠬᠡᠯᠡᠮᠡᠷ ᠬᠠᠶᠠ ᠮᠦᠬᠦ ᠴᠠᠢᠯᠵᠠᠨᠠ
ᠬᠣᠷᠮᠣᠰᠲᠠᠶᠢᠨ ᠬᠡᠰᠢᠭᠢ ᠲᠣᠰᠣᠬᠰᠠᠨ ᠡᠮᠦᠨᠡ ᠬᠣᠲᠣᠭᠣᠷ ᠴᠠᠢᠯᠵᠠᠨ ᠨᠡᠯᠦᠢᠵᠦ ᠪᠠᠰᠠ ᠰᠢᠮᠰᠢᠨᠡ
ᠬᠠᠢᠷᠠ ᠣᠮᠲᠠᠯᠠᠬᠰᠠᠨ ᠲᠡᠷᠭᠡᠯ ᠬᠦᠲᠡᠭᠡ ᠵᠢᠷᠣᠬ ᠰᠢᠬ ᠭᠠᠩᠭᠠᠷᠠᠵᠦ ᠪᠠᠰᠠ ᠭᠣᠨᠲᠠᠨᠠ
ᠲᠣᠷᠠᠯᠠᠯ ᠠᠰᠬᠠᠷᠠᠬᠰᠠᠨ ᠪᠣᠷᠣᠭᠠᠨ ᠲᠠᠢ ᠦᠲᠡᠰᠢ ᠰᠣᠯᠣᠩᠭᠠ ᠰᠢᠬ ᠢᠰᠪᠡᠯᠵᠠᠵᠦ ᠪᠠᠰᠠ ᠪᠦᠷᠲᠦᠯᠵᠡᠨᠡ
ᠲᠣᠷᠭᠠ ᠰᠢᠬ ᠲᠣᠨᠢᠷᠬᠠᠬᠰᠠᠨ ᠡᠳᠦᠷ ᠬᠣᠨᠣᠬᠤ᠋ᠤᠨ ᠴᠠᠬᠤᠨ ᠠᠯᠠᠭᠠᠨ ᠳ᠋ᠦ ᠵᠠᠮᠬᠠᠷᠠᠨᠠ
ᠭᠡᠬᠦᠲᠡᠭᠤᠨ ᠦᠭᠡᠰ ᠣᠨᠲᠣᠷᠬᠣᠶᠢᠨ ᠵᠠᠢ ᠡᠪᠬᠡᠮᠡᠯ ᠡᠬᠦᠯᠡᠰᠤᠨ ᠰᠣᠷᠠᠬ ᠨᠠᠭᠠᠰᠢᠯᠠᠨᠠ
ᠢᠲᠡᠭᠡᠯ ᠶ᠋ᠢᠡᠷ ᠱᠠᠬᠢᠬᠰᠠᠨ ᠨᠠᠢᠷᠠᠬᠤᠨ ᠬᠣᠷᠠ ᠬᠦᠨᠤ ᠬᠢᠵᠠᠭᠠᠷ ᠲᠠᠢᠰᠢ ᠲᠡᠮᠡᠦᠯᠦᠨᠡ
ᠢᠯᠠ ᠲᠠᠯᠲᠠᠶᠢ ᠰᠢᠯᠭᠠᠬᠰᠠᠨ ᠰᠦᠮᠡᠶᠢᠨ ᠬᠣᠷᠯᠣ ᠢᠯᠪᠢᠶᠢᠨ ᠣᠬᠠᠭᠠᠨ ᠳ᠋ᠣᠷ ᠡᠷᠬᠢᠯᠲᠦᠨᠡ
ᠬᠡᠨ ᠳ᠋ᠦ ᠴᠦ᠍ ᠠᠯᠠᠬ ᠲᠠᠢ ᠠᠮᠢᠲᠣᠷᠠᠯ ᠣᠰᠣ ᠮᠦᠰᠦᠨᠤ ᠴᠡᠭ ᠲᠡᠭᠡᠷᠡ ᠲᠣᠨᠣᠯᠵᠠᠨᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃