ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-16 17:00:47

ᠵᠣᠬᠢᠶᠠᠭ᠍ᠴᠢ᠄ ᠰ·ᠦᠨᠳᠦᠷᠯᠢᠭ ᠣᠩᠱᠢᠭ᠍ᠰᠠᠨ ᠣᠳᠠᠭ᠎ᠠ᠄ 3

ᠨᠠᠷᠠᠨ᠎ᠤ ᠠᠯᠳᠠᠨ ᠤᠳᠠᠰᠤ ᠪᠡᠷ ᠵᠢᠷᠤᠬᠡ ᠪᠠᠨ ᠪᠢ ᠰᠦᠪᠡᠯᠡᠭᠡᠳ

ᠨᠤᠮ ᠤ᠋ᠨ ᠤᠷᠳᠤᠨ ᠳ᠋ᠤ᠌ ᠪᠠᠭ᠍ᠰᠢ ᠪᠠᠨ ᠵᠠᠯᠠᠨ ᠲᠢᠳᠢᠮ ᠨᠡᠬᠡᠵᠤ ᠵᠡᠬᠦᠯᠬᠡᠶᠤ

ᠨᠠᠪᠴᠢᠨ᠎ᠤ ᠨᠤᠭᠤᠭᠠᠨ ᠦᠩᠭᠡ ᠪᠡᠷ ᠠᠯᠳᠠᠷ ᠤ᠋ᠨ ᠪᠠᠷᠢᠨᠳᠠᠭ ᠢ᠋ ᠲᠠᠨᠢ ᠴᠢᠮᠡᠭᠡᠳ

ᠨᠠᠮᠰᠠᠷᠠᠢ ᠪᠤᠷᠬᠠᠨ ᠰᠢᠭ᠋ ᠲᠠᠨ ᠢ᠋ ᠪᠠᠨ ᠰᠡᠳᠬᠢᠯ ᠤ᠋ᠨ ᠲᠤᠭᠠᠩ ᠳ᠋ᠠᠭᠠᠨ ᠰᠢᠳᠦᠶᠤ


ᠤᠳᠤᠳ ᠤ᠋ᠨ ᠮᠦᠩᠬᠦᠨ ᠵᠡᠬᠦᠦ ᠪᠡᠷ ᠴᠡᠩᠭᠡᠷ ᠲᠡᠷᠯᠢᠭ ᠤᠶᠤᠭᠠᠳ

ᠤᠩᠭᠤᠨ ᠪᠢᠯᠢᠭ ᠤ᠋ᠨ ᠢ᠋ᠶ᠋ᠠᠨ ᠬᠤᠢᠮᠤᠷ ᠲᠤ᠌ ᠪᠠᠭ᠍ᠰᠢ ᠪᠠᠨ ᠤᠷᠢᠵᠤ ᠭᠤᠶᠤᠯᠠᠶᠤ

ᠠᠯᠳᠠᠷ ᠤ᠋ᠨ ᠬᠦᠰᠢᠶ᠎ᠠ ᠪᠤᠰᠬᠠᠵᠤ ᠰᠠᠷᠠᠨ᠎ᠤ ᠰᠦ ᠪᠡᠷ ᠤᠬᠢᠶᠠᠭᠠᠳ

ᠠᠴᠢᠳᠤ ᠪᠠᠭ᠍ᠰᠢ ᠶ᠋ᠢᠨ ᠢ᠋ᠶ᠋ᠠᠨ ᠭᠠᠪᠢᠶ᠎ᠠ ᠶ᠋ᠢ ᠲᠡᠬᠦᠨ᠎ᠤ ᠲᠡᠭᠡᠷ᠎ᠡ ᠨᠢ ᠰᠡᠢᠯᠤᠶᠤ


ᠰᠢᠬᠦᠳᠡᠷᠢ ᠶ᠋ᠢᠨ ᠮᠦᠩᠭᠦᠨ ᠲᠤᠰᠤᠯ ᠢ᠋ᠶ᠋ᠠᠷ ᠠᠶᠠᠭ᠎ᠠ ᠴᠠᠢ ᠪᠦᠷᠢᠭᠡᠳ

ᠰᠤᠷᠤᠭ᠍ᠴᠢ ᠶ᠋ᠢᠨ ᠶᠤᠰᠤᠭᠠᠷ ᠰᠦᠬᠦᠷᠡᠵᠤ ᠨᠢᠬᠡ ᠪᠠᠷᠢᠶᠤ

ᠪᠠᠯᠭᠤ ᠪᠠᠯᠭᠤ ᠡᠷᠳᠡᠮ ᠤ᠋ᠨ ᠤᠭᠤᠷᠠᠭ ᠢ᠋ᠶ᠋ᠠᠨ ᠰᠢᠮᠡᠬᠦᠯᠦᠭᠰᠡᠨ᠎ᠤ ᠲᠠᠨᠢ ᠬᠠᠷᠢᠭᠤ

ᠪᠠᠶᠠᠷ ᠤ᠋ᠨ ᠡᠳᠦᠷ ᠲᠤ᠌ ᠲᠠᠨᠢ ᠪᠠᠳᠠᠭ ᠰᠢᠯᠦᠭ ᠡᠷᠭᠦᠶᠤ


ᠠᠷᠠᠳ ᠤ᠋ᠨ ᠪᠠᠭ᠍ᠰᠢ ᠶ᠋ᠢᠨ ᠭᠠᠪᠢᠶ᠎ᠠ ᠶ᠋ᠢ

ᠠᠯᠳᠠᠨ ᠦᠰᠦᠭᠳᠦ ᠬᠦᠰᠢᠶ᠎ᠡ ᠬᠡᠨᠡᠮ


ᠦᠰᠦᠭ ᠤ᠋ᠨ ᠪᠠᠯ ᠢ᠋ ᠠᠮᠰᠠᠭᠤᠯᠤᠭᠰᠠᠨ ᠦᠨᠡᠨ᠎ᠤ ᠬᠡᠬᠡ

ᠦᠭᠡ ᠶ᠋ᠢᠨ ᠰᠦ ᠪᠡᠷ ᠤᠭᠵᠢᠭ᠍ᠰᠠᠨ ᠦᠯ ᠬᠤᠭᠤᠯᠠ

ᠤᠬᠠᠭᠠᠨ᠎ᠤ ᠠᠳᠠᠷ ᠢ᠋ ᠬᠠᠭᠠᠯᠪᠦᠷᠢᠯᠠᠬᠰᠠᠨ ᠤᠶᠤᠨ᠎ᠤ ᠠᠨᠵᠢᠰᠤ

ᠪᠢᠴᠢᠭ ᠤ᠋ᠨ ᠤᠨᠢᠰᠤ ᠶ᠋ᠢ ᠨᠡᠬᠡᠬᠡᠭᠰᠡᠨ ᠪᠢᠯᠢᠭ ᠤ᠋ᠨ ᠲᠦᠯᠬᠢᠬᠦᠷ


ᠤᠷᠴᠢᠯᠠᠩ ᠤ᠋ᠨ ᠲᠤᠳᠠᠭᠤ ᠶ᠋ᠢ ᠨᠦᠬᠦᠭᠰᠡᠨ ᠨᠤᠮ ᠤ᠋ᠨ ᠬᠡᠷᠡᠯ

ᠬᠤᠷᠸ᠎ᠠ ᠶ᠋ᠢᠨ ᠬᠤᠭᠤᠰᠤᠨ ᠢ᠋ ᠪᠦᠭᠯᠡᠭᠰᠡᠨ ᠨᠢᠩᠵᠢᠨ ᠬᠠᠢᠷ᠎ᠠ

ᠬᠠᠷ᠎ᠠ ᠰᠠᠮᠪᠠᠷ᠎ᠠ ᠡᠴᠡ ᠬᠠᠷᠠᠭ᠎ᠠ ᠤᠷᠤᠭᠤᠯᠤᠭᠰᠠᠨ ᠤᠷᠴᠢᠯᠠᠩ

ᠬᠠᠢᠷ᠎ᠠ ᠢᠳᠡᠭᠡᠯ ᠶ᠋ᠢᠡᠷ ᠲᠠᠯᠠᠪᠴᠢ ᠤᠷᠭᠤᠭᠤᠯᠤᠭᠰᠠᠨ ᠪᠦᠷᠭᠦᠳ


ᠦᠨᠳᠦᠷ ᠤ᠋ᠨ ᠦᠨᠳᠦᠷ ᠲᠤ᠌ ᠨᠢᠰᠬᠦ ᠲᠠᠯᠢ ᠵᠢᠬᠦᠷ ᠢ᠋ ᠪᠦᠷᠢᠳᠦᠭᠦᠯᠦᠭᠰᠡᠨ

ᠬᠤᠯᠠ ᠶ᠋ᠢᠨ ᠬᠤᠯᠠ ᠶᠠᠪᠤᠬᠤ ᠠᠶᠠᠨ᠎ᠤ ᠵᠢᠯᠤᠭᠤ ᠶ᠋ᠢ ᠠᠳᠬᠤᠭᠤᠯᠤᠭᠰᠠᠨ

ᠤ ᠶ᠋ᠢᠨ ᠪᠢᠷ ᠤ᠋ᠨ ᠬᠢᠷᠠᠭᠤ ᠪᠡᠷ ᠦᠪᠡᠷ ᠢ᠋ ᠪᠠᠨ ᠬᠠᠭᠳᠠᠷᠠᠭᠤᠯᠤᠭᠰᠠᠨ

ᠤᠶᠤᠨ ᠪᠢᠯᠢᠭ ᠤ᠋ᠨ ᠦᠷ᠎ᠡ ᠪᠡᠷ ᠦᠪᠡᠷ ᠢ᠋ ᠪᠠᠨ ᠦᠷᠬᠦᠯᠵᠢᠯᠡᠬᠦᠯᠦᠭᠰᠡᠨ


ᠠᠷᠠᠳ ᠤ᠋ᠨ ᠪᠠᠭ᠍ᠰᠢ ᠶ᠋ᠢᠨ ᠭᠠᠪᠢᠶ᠎ᠠ ᠶ᠋ᠢ

ᠠᠯᠳᠠᠨ ᠦᠰᠦᠭᠳᠦ ᠬᠦᠰᠢᠶ᠎ᠡ ᠬᠡᠨᠡᠮ


ᠡᠵᠢ ᠰᠢᠭ ᠡᠵᠢ ᠪᠤᠯ ᠲᠠ ᠪᠢᠯᠡ ᠪᠠᠭ᠍ᠰᠢ ᠮᠢᠨᠢ

ᠡᠬᠡ ᠤᠷᠤᠨ ᠰᠢᠭ᠋ ᠡᠬᠡ ᠤᠷᠤᠨ ᠪᠤᠯ ᠲᠠ ᠪᠢᠯᠡ ᠪᠠᠭ᠍ᠰᠢ ᠮᠢᠨᠢ

ᠠᠭᠤᠯᠠ ᠠᠭᠤᠯᠠᠨ ᠡᠴᠡ ᠦᠨᠳᠦᠷ ᠬᠠᠢᠷ᠎ᠠ ᠶ᠋ᠢᠨ ᠶᠡᠬᠡ ᠠᠭᠤᠯᠠ ᠪᠤᠯ ᠲᠠ ᠪᠢᠯᠡ ᠪᠠᠭ᠍ᠰᠢ ᠮᠢᠨᠢ

ᠤᠰᠤ ᠤᠰᠤᠨ ᠡᠴᠡ ᠬᠦᠨ ᠡᠨᠡᠷᠢᠯ ᠤ᠋ᠨ ᠲᠠᠯᠠᠢ ᠪᠤᠯ ᠲᠠ ᠪᠢᠯᠡ ᠪᠠᠭ᠍ᠰᠢ ᠮᠢᠨᠢ


ᠠᠯᠳᠠᠨ ᠲᠤᠪᠴᠢᠶᠠᠨ ᠡᠴᠡ ᠴᠡᠴᠡᠭᠯᠡᠭᠰᠡᠨ ᠰᠢᠷᠬᠡᠭ ᠰᠢᠷᠬᠡᠭ ᠬᠡᠬᠡ

ᠠᠯᠳᠠᠷ ᠤ᠋ᠨ ᠬᠠᠭᠤᠳᠠᠰᠤᠨ ᠡᠴᠡ ᠰᠠᠴᠤᠷᠠᠭᠰᠠᠨ ᠪᠠᠭᠴᠠ ᠪᠠᠭᠴᠠ ᠬᠡᠷᠡᠯ

ᠭᠤᠷᠪᠠᠨ ᠢᠮᠠᠬᠤ ᠵᠢᠭᠠᠬᠤ ᠮᠤᠳᠤ ᠪᠢᠯᠢᠭ ᠤ᠋ᠨ ᠲᠠᠨᠢ ᠠᠨᠵᠢᠰᠤ

ᠭᠤᠷᠪᠠᠨ ᠲᠤᠬᠤᠢ ᠵᠢᠭᠠᠬᠤ ᠲᠠᠢᠰᠠ ᠤᠬᠠᠭᠠᠨ᠎ᠤ ᠲᠠᠨᠢ ᠲᠠᠷᠢᠶ᠎ᠠ


ᠡᠷᠳᠡᠮ ᠤ᠋ᠨ ᠡᠷᠳᠡᠮ ᠢ᠋ᠶ᠋ᠠᠷ ᠦᠷᠬᠦᠯᠵᠢᠯᠡᠳᠡᠭ ᠢ᠋ᠶ᠋ᠠᠷ ᠢ᠋ᠶ᠋ᠠᠨ ᠮᠦᠩᠬᠡ ᠶ᠋ᠢᠨ ᠤᠳᠬ᠎ᠠ

ᠡᠷᠢᠯ ᠤ᠋ᠨ ᠡᠷᠢᠯ ᠢ᠋ ᠰᠦᠪᠡᠭᠴᠢᠯᠡᠭᠦᠯᠳᠡᠭ ᠢ᠋ᠶ᠋ᠠᠷ ᠢ᠋ᠶ᠋ᠠᠨ ᠡᠩᠬᠡ ᠶ᠋ᠢᠨ ᠴᠢᠨᠠᠷ

ᠪᠤᠷᠬᠠᠨ ᠡᠴᠡ ᠠᠪᠤᠭ᠎ᠠ ᠦᠭᠡᠢ ᠶᠠᠭᠤᠮ᠎ᠠ ᠲᠠᠨ ᠳ᠋ᠤ᠌ ᠨᠢᠬᠡ ᠴᠤ᠌ ᠦᠭᠡᠢ

ᠪᠠᠭ᠍ᠰᠢ ᠡᠴᠡ ᠪᠠᠨ ᠰᠤᠷᠤᠭ᠎ᠠ ᠦᠭᠡᠢ ᠶᠠᠭᠤᠮ᠎ᠠ ᠨᠠᠳᠠ ᠳ᠋ᠤ᠌ ᠨᠢᠬᠡ ᠴᠤ᠌ ᠦᠭᠡᠢ


ᠠᠷᠠᠳ ᠤ᠋ᠨ ᠪᠠᠭ᠍ᠰᠢ ᠶ᠋ᠢᠨ ᠭᠠᠪᠢᠶ᠎ᠠ᠎ᠶᠢ

ᠠᠯᠳᠠᠨ ᠦᠰᠦᠭᠳᠦ ᠬᠦᠰᠢᠶ᠎ᠡ ᠬᠡᠨᠡᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面