2026-09-16 17:05:48
ᠵᠤᠭ᠍ᠰᠤᠭᠠᠪᠠᠷᠢᠶᠠᠨ ᠵᠡᠬᠦᠷᠮᠡᠭ᠌ᠯᠡᠵᠦ᠍ ᠬᠤᠨᠤᠭ᠍ᠰᠠᠨ ᠠᠳᠤᠭᠤᠳ
ᠵᠡᠬᠦᠨ ᠲᠡᠭ᠌ᠷᠢ᠎ᠶ᠋ᠢᠨ ᠬᠠᠶᠠᠭ᠎ᠠ᠎ᠶ᠋ᠢ ᠭᠡᠢᠳᠡᠯᠡ ᠦᠤᠷᠰᠡᠭᠡᠳ
ᠵᠢᠪᠠᠷ ᠲᠠᠳᠠᠨ ᠬᠦᠳᠦᠯ ᠦᠭ᠌ᠰᠦᠨ ᠤᠩᠭᠤᠯᠳᠤᠬᠤᠢᠳᠤᠷ
ᠵᠢᠬᠦᠷ᠎ᠳᠦ ᠪᠤᠯᠵᠤᠮᠤᠷ᠎ᠤᠨ ᠱᠤᠯᠤᠭᠠᠨᠠᠭᠠ ᠤᠢᠠᠴᠠ ᠤᠶᠠᠩᠭᠠᠷᠠᠵᠦ᠍
ᠵᠢᠷᠦᠭᠡᠨ ᠮᠡᠳᠡᠷᠡᠮᠵᠢ᠎ᠳᠤ ᠦᠭᠡᠳᠡ ᠰᠤᠪᠢᠩ ᠪᠠᠭᠤᠬᠤᠢᠳᠤᠷ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠦᠨᠢᠶᠡᠨ ᠵᠡᠯᠡᠨ᠎ᠳᠤ ᠴᠡᠴᠡᠭ ᠱᠢᠭ ᠮᠦᠱᠢᠶᠡᠭ᠌ᠰᠡᠨ
ᠦᠵᠡᠰᠭᠦᠯᠡᠩ ᠪᠦᠰᠡᠬᠦᠢ ᠰᠦ᠎ᠲᠠᠢ ᠬᠦᠨᠦᠭ᠎ᠢᠶᠠᠨ ᠲᠡᠬᠦᠵᠢᠯᠡᠵᠦ᠍
ᠦᠷᠦᠭᠡ ᠭᠡᠷ ᠵᠦᠭ᠎ᠢᠶᠠᠨ ᠤᠷᠮᠠᠳᠠᠢᠬᠠᠨ ᠠᠯᠬᠤᠬᠤ᠎ᠳᠤ
ᠤᠨᠢᠶᠠᠷ᠎ᠢᠶᠠᠨ ᠢᠷᠠᠵᠦ᠍ ᠬᠦᠷᠡᠩ ᠠᠭᠤᠯᠠᠰ ᠦᠨᠳᠡᠯᠵᠡᠭᠡᠳ
ᠦᠷ᠎ᠤᠨ ᠭᠡᠭᠡ ᠭᠡᠭᠡᠪᠴᠢ᠎ᠪᠠᠷ ᠠᠰᠭᠠᠷᠠᠵᠦ᠍ ᠲᠤᠨᠤᠷᠠᠬᠤ᠎ᠳᠤ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠰᠦᠨ᠎ᠳᠡᠭᠡᠨ ᠴᠠᠳᠤᠭ᠍ᠰᠠᠨ ᠬᠦᠭᠡᠷᠦᠬᠦᠨ ᠴᠠᠭᠠᠨ ᠬᠤᠷᠠᠭ᠎ᠠ
ᠰᠤᠨᠢᠶᠠᠵᠦ᠍ ᠡᠪᠱᠢᠶᠡᠭ᠌ᠰᠡᠭᠡᠷ ᠡᠭᠡ᠎ᠳᠡᠭᠡᠨ ᠡᠷᠭᠡᠯᠡᠵᠦ᠍
ᠰᠦᠷᠦᠭ ᠦᠢᠮᠡᠬᠦᠯᠦᠨ ᠮᠠᠢᠯᠠᠵᠦ᠍ ᠲᠤᠭ᠍ᠯᠠᠭᠠᠳ ᠲᠡᠪᠵᠢᠶᠡᠷᠡᠬᠦ᠌ᠪᠠᠷ
ᠰᠠᠷ᠎ᠠ ᠲᠠᠤᠯᠠᠢᠲᠠᠢᠪᠠᠨ ᠰᠤᠴᠢᠵᠦ᠍ ᠦᠷᠬᠦᠭ᠌ᠰᠡᠨ ᠱᠢᠭ ᠪᠤᠯᠵᠦ᠍
ᠰᠠᠨᠰᠠᠷ᠎ᠤᠨ ᠭᠤᠤᠯ᠎ᠢ ᠭᠠᠳᠤᠯᠵᠦ᠍ ᠲᠠᠯᠳᠠ ᠤᠷᠤᠬᠤ᠎ᠪᠠᠷ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠦᠷᠯᠦᠭᠡ᠎ᠶ᠋ᠢᠨ ᠠᠮᠳᠠᠳᠤ ᠴᠠᠢ᠎ᠠᠴᠠ ᠨᠠᠷᠠᠨ ᠤᠷᠭᠤᠵᠦ᠍
ᠦᠯᠦᠭᠡᠢ ᠲᠤᠳᠤᠷ᠎ᠠ᠎ᠪᠠᠨ ᠬᠦᠦ ᠮᠢᠨᠢ ᠢᠨᠢᠶᠡᠭᠡᠳ
ᠦᠶᠦᠭ ᠲᠠᠩᠰᠤᠭ ᠠᠮᠢᠳᠤᠷᠠᠯ ᠵᠢᠷᠭᠠᠯ᠎ᠢᠶᠠᠷ ᠴᠠᠯᠭᠢᠯᠠᠬᠤ᠎ᠳᠤ
ᠤᠯᠠᠭ᠎ᠠ ᠪᠤᠳᠠᠷᠭ᠍ᠠᠰᠠᠨ ᠡᠪᠦᠭᠡᠳ᠎ᠤᠨ ᠴᠢᠷᠠᠢ ᠪᠠᠶᠠᠷ᠎ᠢᠶᠠᠷ ᠪᠢᠯᠬᠠᠵᠦ᠍
ᠡᠭᠡ ᠤᠷᠤᠨ᠎ᠤ᠎ᠪᠠᠨ ᠬᠦᠭ᠌ᠵᠢᠯᠳᠡ᠎ᠶ᠋ᠢ ᠪᠠᠭ᠍ᠠᠳᠤᠨ ᠶᠠᠷᠢᠬᠤ᠎ᠳᠤ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠴᠠᠰᠤᠨ ᠴᠡᠴᠡᠭ᠎ᠢᠶᠠᠷ ᠭᠠᠩᠬᠤᠭ᠍ᠰᠠᠨ ᠨᠢᠴᠦᠬᠦᠨ ᠮᠤᠳᠤᠳ
ᠴᠠᠭ᠎ᠢ ᠡᠷᠭᠡᠱᠢᠶᠡᠭ᠌ᠰᠡᠨ ᠲᠤᠤᠯᠢ᠎ᠶ᠋ᠢᠨ ᠪᠠᠭᠠᠳᠤᠷ ᠱᠢᠭ᠋ ᠰᠡᠭᠦᠢᠵᠦ᠍
ᠴᠡᠩᠭᠡᠷ ᠠᠭᠠᠷ᠎ᠢᠶᠠᠨ ᠰᠦᠯᠡᠭ᠌ᠰᠡᠨ ᠰᠠᠯᠭᠢᠨ᠎ᠤ ᠦᠨᠦᠰᠦᠯᠳᠡᠳᠤ ᠲᠤᠭ᠍ᠳᠤᠯᠣᠭᠠᠳ
ᠴᠠᠪᠴᠢᠮ᠎ᠠ ᠬᠠᠯᠢᠯ᠎ᠠᠴᠠ ᠴᠤᠢᠯᠵᠦ᠍ ᠪᠤᠰᠤᠭ᠍ᠰᠠᠨ ᠪᠦᠷᠬᠦᠳ
ᠴᠤᠤᠷᠢᠶ᠎ᠠ ᠲᠠᠳᠠᠨ ᠤᠭ᠍ᠳᠠᠷᠭᠤᠢ᠎ᠶ᠋ᠢᠨ ᠲᠠᠩᠨᠠᠢ᠎ᠳᠤ ᠨᠢᠰᠭᠦ᠎ᠪᠠᠷ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠭᠤᠪᠢ᠎ᠳᠤ ᠲᠦᠭᠡᠭᠡᠭ᠌ᠰᠡᠨ ᠪᠤᠳᠠᠷ᠎ᠤᠨ ᠪᠤᠷᠤ ᠴᠢᠯᠠᠭᠤᠳ
ᠭᠠᠵᠠᠷ᠎ᠤᠨ ᠬᠦᠷᠦᠰᠦᠨ᠎ᠳᠤ ᠤᠳᠤᠨ ᠮᠡᠴᠢᠳ ᠱᠢᠭ ᠭᠢᠯᠠᠯᠵᠠᠵᠦ᠍
ᠭᠠᠩᠭᠠᠩ ᠵᠠᠯᠠᠭᠤᠰ᠎ᠲᠤ ᠴᠢᠨᠠᠷ᠎ᠢᠶᠠᠨ ᠶᠡᠬᠦᠯᠡᠬᠦ᠌ ᠱᠢᠭ ᠬᠦᠳᠦᠰᠭᠢᠭᠡᠳ
ᠭᠠᠳᠠᠨ᠎ᠠ᠎ᠪᠠᠨ ᠮᠤᠷᠢ᠎ᠲᠠᠢ ᠶᠠᠩᠵᠢᠮ᠎ᠠ᠎ᠶ᠋ᠢᠨ ᠬᠤᠯᠠᠩ᠎ᠤᠨ ᠤᠳᠤᠭ᠎ᠠ
ᠭᠡᠷ᠎ᠤᠨ ᠤᠷᠤᠢ᠎ᠳᠤ ᠢᠷᠡᠵᠦ᠍ ᠡᠬᠦᠯᠡ ᠪᠤᠯᠵᠦ᠍ ᠤᠭᠠᠯᠵᠠᠯᠠᠭᠠᠳ ᠁
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ
ᠡᠮᠡᠭᠡ᠎ᠶ᠋ᠢᠨ ᠡᠷᠬᠦᠭ᠌ᠰᠡᠨ ᠰᠠᠴᠤᠯᠢ ᠰᠤᠯᠤᠩᠭᠠᠨ ᠦᠩᠭᠡ᠎ᠪᠠᠷ ᠰᠠᠴᠤᠷᠠᠭᠠᠳ
ᠡᠷᠳᠡᠨ᠎ᠤ ᠰᠤᠳᠤᠷ᠎ᠤᠨ ᠬᠠᠭᠤᠳᠠᠰᠤ ᠲᠡᠯᠭᠡᠬᠦ᠌ ᠱᠢᠭ ᠪᠤᠯᠤᠭᠠᠳ ᠯᠡ
ᠡᠪᠦᠭᠡ᠎ᠶ᠋ᠢᠨ ᠰᠡᠷᠵᠢᠮᠯᠡᠭ᠌ᠰᠡᠨ ᠲᠠᠷᠠᠰᠤᠨ᠎ᠳᠤ ᠮᠠᠨᠠᠨ ᠵᠠᠮᠬᠠᠷᠠᠭᠠᠳ
ᠡᠩᠭᠡ ᠠᠮᠤᠭᠤᠯᠠᠩ᠎ᠤᠨ ᠲᠠᠭᠤᠤ ᠲᠡᠷᠳᠡᠭᠡ ᠭᠢᠵᠠᠭᠠᠷ᠎ᠠᠴᠠ ᠲᠤᠭᠤᠯᠳᠠᠭᠠᠳ ᠯᠡ
ᠡᠶ᠎ᠡ ᠨᠠᠢᠷᠰᠠᠭ ᠤᠷᠤᠱᠢᠭ᠍ᠰᠠᠨ ᠲᠦᠷᠦ᠍ ᠬᠦᠷᠦᠨ᠎ᠤ ᠮᠢᠨᠢ
ᠤᠮᠠᠷᠠᠳᠤ ᠭᠢᠯᠢ᠎ᠶ᠋ᠢᠨ ᠦᠷᠯᠦᠭᠡ ᠴᠤ ᠱᠢᠨ᠎ᠡ᠎ᠪᠠᠷ ᠡᠭᠢᠯᠡᠨᠡᠮ ᠡ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃