2026-09-16 17:04:31
ᠤ ᠶ᠋ᠢᠨ ᠪᠢᠷ ᠠ᠋ᠴᠠ ᠢᠪᠢᠯᠦᠭᠰᠡᠨ
ᠡᠵᠢ ᠮᠦᠷᠡᠨᠤ ᠬᠠᠢᠷ᠎ᠠ ᠶ᠋ᠢᠨ ᠲᠠᠪᠠᠯᠭᠠᠨ
ᠤᠴᠢᠬᠤ ᠮᠠᠷᠭᠠᠰᠢ ᠵᠦᠭ ᠲᠣ᠌ ᠲᠠᠯᠠᠯᠣᠭᠰᠠᠨ
ᠤᠴᠢᠯᠠᠨ ᠮᠠᠨᠳᠤᠬᠤ ᠬᠡᠢᠮᠤᠷᠢ ᠶ᠋ᠢᠨ ᠲᠠᠯᠪᠠᠭ᠎ᠠ
ᠬᠠᠨᠠᠨ ᠰᠠᠮᠪᠠᠷ᠎ᠠ ᠳ᠋ᠥ ᠬᠠᠢᠷ᠎ᠠ ᠪᠠᠨ ᠰᠢᠩᠭᠡᠭᠡᠭᠰᠡᠨ
ᠬᠠᠢᠯᠭᠠᠨ ᠰᠡᠳᠬᠢᠯ ᠨᠠᠷᠠ ᠠ᠋ᠴᠠ ᠬᠠᠯᠠᠭᠤᠨ
ᠬᠠᠮᠤᠭ ᠪᠦᠭᠦᠳᠡ ᠶ᠋ᠢ ᠲᠤᠳᠤᠷ᠎ᠠ ᠠ᠋ᠴᠠ ᠨᠢ ᠭᠡᠭᠡᠷᠡᠭᠦᠯᠬᠦ
ᠬᠠᠷᠠᠩᠭᠤᠢ ᠶ᠋ᠢ ᠦᠯᠳᠡᠭᠰᠡᠨ ᠰᠦᠨ ᠢᠷᠦᠭᠡᠯ
ᠴᠠᠪ ᠴᠠᠭᠠᠨ ᠦᠩᠭᠡ ᠲᠠᠢ ᠤ ᠶ᠋ᠢᠨ ᠪᠢᠷ
ᠴᠢᠮᠠᠶ᠋ᠢ ᠪᠠᠨ ᠪᠢ ᠮᠠᠭᠳᠠᠨ ᠲᠠᠭᠤᠯᠠᠶ᠎ᠠ᠃
ᠴᠠᠢᠯᠵᠠᠭᠰᠠᠨ ᠰᠠᠢᠬᠠᠨ ᠦᠰᠦᠭᠤᠨ ᠮᠦᠷ ᠠ᠋ᠴᠠ ᠴᠢᠨᠢ
ᠴᠢᠷᠮᠠᠢᠬᠤ ᠬᠦᠰᠡᠯᠤᠨ ᠢᠳᠡᠭᠡᠯ ᠬᠦᠪᠴᠢᠯᠡᠭᠳᠡᠳᠡᠭ
ᠴᠠᠯᠠᠭᠠᠢ ᠤᠰᠤᠯ ᠪᠦᠬᠦᠨ ᠢ᠋ ᠨᠢ ᠵᠠᠯᠠᠷᠠᠭᠤᠯᠤᠨ ᠪᠢᠴᠢᠳᠡᠭ ᠠ᠋ᠴᠠ
ᠴᠡᠴᠡᠨ ᠮᠡᠷᠭᠡᠨ ᠬᠦᠮᠦᠨ ᠪᠤᠯᠵᠦ ᠬᠦᠮᠦᠵᠢᠳᠡᠭ
ᠴᠢᠨᠠᠭ᠍ᠰᠢ ᠠᠯᠬᠤᠬᠤ ᠠᠮᠢᠳᠤᠷᠠᠯᠤᠨ ᠶᠠᠪᠤᠴᠠ ᠪᠦᠬᠦᠨ ᠳ᠋ᠤᠨᠢ
ᠴᠠᠭᠠᠬᠠᠨ ᠵᠠᠮᠤᠨ ᠬᠢᠨᠢ ᠲᠦᠷᠦᠭᠡ ᠴᠢᠩᠭᠠᠷᠠᠳᠠᠭ᠃
ᠦᠴᠦᠬᠡᠨ ᠪᠡᠶ᠎ᠡ ᠴᠢᠨᠢ ᠢᠮᠠᠬᠤ ᠶ᠋ᠢᠨ ᠲᠡᠳᠦᠢ ᠴᠦ᠍
ᠦᠷᠦᠭᠡᠯᠤᠨ ᠲᠦᠯᠦᠭᠡ ᠢᠩᠭᠢᠵᠦ ᠦᠷᠡᠭᠳᠡᠳᠡᠭ
ᠦᠵᠦᠭᠤᠨ ᠴᠢᠨᠢ ᠲᠤᠤᠷ᠎ᠠ ᠠ᠋ᠴᠠ ᠦᠨᠳᠦᠰᠦᠯᠡᠭᠰᠡᠨ ᠪᠦᠬᠦᠨ
ᠦᠩᠭᠡ ᠶ᠋ᠢᠨ ᠰᠠᠢᠬᠠᠨ ᠢ᠋ᠶ᠋ᠠᠷ ᠪᠠᠳᠠᠷᠠᠨ ᠲᠡᠯᠭᠡᠷᠡᠳᠡᠭ
ᠦᠷᠡᠯᠡᠨ ᠪᠤᠯᠪᠠᠰᠤᠷᠠᠭᠰᠠᠨ ᠲᠡᠷᠡ ᠴᠡᠴᠡᠭ ᠵᠢᠮᠢᠰ ᠤ᠋ᠳ ᠨᠢ
ᠦᠪᠴᠢ ᠲᠡᠯᠡᠬᠡᠢ ᠳ᠋ᠥ ᠰᠤᠯᠤᠩᠭᠠᠷᠠᠨ ᠮᠢᠷᠠᠯᠵᠠᠳᠠᠭ
ᠦᠭᠦᠯᠡᠭᠡᠳ ᠪᠠᠷᠠᠬᠤ ᠦᠭᠡᠢ ᠵᠢᠳᠬᠦᠯᠤᠨ ᠴᠢᠨᠢ ᠡᠮᠦᠨ᠎ᠡ
ᠦᠷᠦᠪᠴᠢᠬᠡᠨ ᠰᠡᠳᠬᠢᠯᠤᠨ ᠲᠠᠭᠤᠤ ᠪᠠᠨ ᠪᠠᠷᠢᠬᠤ ᠳ᠋ᠥ
ᠤ ᠶ᠋ᠢᠨ ᠪᠢᠷᠤᠨ ᠦᠷᠦᠪᠳᠡᠰᠦ ᠰᠢᠭ
ᠦᠰᠦ ᠨᠢ ᠪᠤᠭᠤᠷᠤᠯᠳᠤᠭᠰᠠᠨ ᠪᠠᠭ᠍ᠰᠢ ᠨᠠᠷ ᠮᠢᠨᠢ ᠮᠦᠰᠢᠶᠡᠨ᠎ᠡ
ᠤᠨᠴᠠ ᠶ᠋ᠢᠨ ᠭᠡᠷᠡᠯᠳᠡᠢ ᠤᠳᠤᠨ ᠭᠡᠮᠡᠷ ᠲᠡᠳᠡᠨ ᠳ᠋ᠡᠭᠡᠨ
ᠤᠯᠢᠮᠫᠢᠺᠤᠨ ᠮᠸᠲᠡᠯ ᠠ᠋ᠴᠠ ᠨᠢ ᠤᠯᠤᠭᠠᠳ ᠵᠡᠬᠦᠯᠭᠡᠶᠦ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃