ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-16 16:58:27

ᠵᠣᠬᠢᠶᠠᠭ᠍ᠴᠢ᠄ ᠨᠠ᠊·ᠬᠦᠬᠡᠰᠢᠭᠣᠢ ᠣᠩᠱᠢᠭ᠍ᠰᠠᠨ ᠣᠳᠠᠭ᠎ᠠ᠄ 3

ᠲᠡᠯᠭᠡᠷᠡᠨ ᠲᠡᠯᠭᠡᠷᠡᠨ ᠪᠠᠰᠠ ᠲᠡᠯᠭᠡᠷᠡᠨ ᠲᠡᠯᠭᠡᠷᠡᠬᠦ᠌ ᠨᠢ

ᠲᠡᠯᠡᠬᠡᠢ ᠳ᠋ᠥ᠍ ᠴᠢᠮ᠎ᠠ ᠡᠴᠠ ᠦᠭᠡᠷ᠎ᠡ ᠴᠡᠴᠡᠭ ᠦᠭᠡᠢ ᠮᠡᠳᠦ

ᠵᠤᠯᠭᠠᠷᠠᠨ ᠵᠤᠯᠭᠠᠷᠠᠨ ᠪᠠᠰᠠ ᠵᠤᠯᠭᠠᠷᠠᠨ ᠵᠤᠯᠭᠠᠷᠠᠬᠤ ᠨᠢ

ᠵᠡᠭᠦᠳᠦᠨ ᠳ᠋ᠥ᠍ ᠴᠢᠮ᠎ᠠ ᠡᠴᠠ ᠦᠭᠡᠷ᠎ᠡ ᠭᠤᠨᠢᠭ ᠦᠭᠡᠢ ᠮᠡᠳᠦ


ᠡᠩᠰᠡᠷᠡᠨ ᠡᠩᠰᠡᠷᠡᠨ ᠪᠠᠰᠠ ᠡᠩᠰᠡᠷᠡᠨ ᠡᠩᠰᠡᠷᠡᠬᠦ᠌ ᠨᠢ

ᠡᠪᠴᠢᠭᠦᠨ ᠳ᠋ᠥ᠍ ᠴᠢᠮ᠎ᠠ ᠡᠴᠠ ᠦᠭᠡᠷ᠎ᠡ ᠮᠦᠷᠦᠭᠡᠳᠦᠯ ᠦᠭᠡᠢ ᠮᠡᠳᠦ

ᠡᠷᠢᠭᠲᠡᠨ ᠡᠷᠢᠭᠲᠡᠨ ᠪᠠᠰᠠ ᠡᠷᠢᠭᠲᠡᠨ ᠡᠷᠢᠭᠳᠡᠬᠦ᠌ ᠨᠢ

ᠡᠨᠡ ᠪᠡᠶ᠎ᠡ ᠳ᠋ᠥ᠍ ᠴᠢᠮ᠎ᠠ ᠡᠴᠠ ᠦᠭᠡᠷ᠎ᠡ ᠬᠠᠶ᠋ᠢᠷ᠎ᠠ ᠦᠭᠡᠢ ᠮᠡᠳᠦ


ᠬᠠᠶ᠋ᠢᠷᠠᠯᠠᠨ ᠬᠠᠶ᠋ᠢᠷᠠᠯᠠᠨ ᠪᠠᠰᠠ ᠬᠠᠶ᠋ᠢᠷᠠᠯᠠᠨ ᠬᠠᠶ᠋ᠢᠷᠠᠯᠠᠬᠤ ᠨᠢ

ᠬᠤᠷᠸ᠎ᠠ ᠳ᠋ᠥ᠍ ᠴᠢᠮ᠎ᠠ ᠡᠴᠠ ᠦᠬᠡᠷ᠎ᠡ ᠲᠤᠷᠠᠯᠠᠯ ᠦᠭᠡᠢ ᠮᠡᠳᠦ

ᠬᠠᠷᠠᠮᠰᠠᠨ ᠬᠠᠷᠠᠮᠰᠠᠨ ᠪᠠᠰᠠ ᠬᠠᠷᠠᠮᠰᠠᠨ ᠬᠠᠷᠠᠮᠰᠠᠬᠤ ᠨᠢ

ᠬᠦᠮᠦᠨ ᠳ᠋ᠥ᠍ ᠴᠢᠮ᠎ᠠ ᠡᠴᠠ ᠦᠭᠡᠷ᠎ᠡ ᠵᠤᠪᠠᠯᠠᠩ ᠦᠭᠡᠢ ᠮᠡᠳᠦ


ᠰᠡᠩᠰᠡᠷᠡᠨ ᠰᠡᠩᠰᠡᠷᠡᠨ ᠪᠠᠰᠠ ᠰᠡᠩᠰᠡᠷᠡᠨ ᠰᠡᠩᠰᠡᠷᠡᠬᠦ᠌ ᠨᠢ

ᠰᠡᠳᠬᠢᠯ ᠳ᠋ᠥ᠍ ᠴᠢᠮ᠎ᠠ ᠡᠴᠠ ᠦᠭᠡᠷ᠎ᠡ ᠮᠠᠨᠠᠨ ᠦᠭᠡᠢ ᠮᠡᠳᠦ

ᠰᠦᠮᠡᠯᠵᠡᠨ ᠰᠦᠮᠡᠯᠵᠡᠨ ᠪᠠᠰᠠ ᠰᠦᠮᠡᠯᠵᠡᠨ ᠰᠦᠮᠡᠯᠵᠡᠬᠦ᠌ ᠨᠢ

ᠰᠦᠨᠢ ᠴᠢᠮ᠎ᠠ ᠡᠴᠠ ᠦᠬᠡᠷ᠎ᠡ ᠤᠳᠤ ᠦᠭᠡᠢ ᠮᠡᠳᠦ


ᠤᠶᠠᠩᠭᠠᠯᠠᠨ ᠤᠶᠠᠩᠭᠠᠯᠠᠨ ᠪᠠᠰᠠ ᠤᠶᠠᠩᠭᠠᠯᠠᠨ ᠤᠶᠠᠩᠭᠠᠯᠠᠬᠤ ᠨᠢ

ᠠᠮᠢᠳᠤᠷᠠᠯ ᠳ᠋ᠥ᠍ ᠴᠢᠮ᠎ᠠ ᠡᠴᠠ ᠦᠭᠡᠷ᠎ᠡ ᠰᠢᠯᠦᠭ ᠦᠭᠡᠢ ᠮᠡᠳᠦ

ᠤᠴᠠᠭᠠᠷᠯᠠᠨ ᠤᠴᠠᠭᠠᠷᠯᠠᠨ ᠪᠠᠰᠠ ᠤᠴᠠᠭᠠᠷᠯᠠᠨ ᠤᠴᠠᠭᠠᠷᠯᠠᠬᠤ ᠨᠢ

ᠠᠮᠢ ᠨᠠᠰᠤᠨ ᠳ᠋ᠥ᠍ ᠴᠢᠮ᠎ᠠ ᠡᠴᠠ ᠦᠭᠡᠷ᠎ᠡ ᠤᠳᠬ᠎ᠠ ᠦᠭᠡᠢ ᠮᠡᠳᠦ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面