ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-16 16:56:24

ᠵᠣᠬᠢᠶᠠᠭ᠍ᠴᠢ᠄ ᠮᠥ᠍᠊·ᠰᠣᠶᠣᠯᠴᠡᠴᠡᠭ ᠣᠩᠱᠢᠭ᠍ᠰᠠᠨ ᠣᠳᠠᠭ᠎ᠠ᠄ 3

1

ᠤᠷᠤᠭ᠍ᠰᠢ ᠬᠤᠢᠰᠢ ᠴᠢᠭ᠌ᠯᠡᠯ᠎ᠲᠠᠢ ᠵᠠᠮ᠎ᠤᠨ

ᠲᠣᠯᠣᠭᠠᠢ᠎ᠨᠢ ᠬᠠᠷᠠᠭ᠍ᠳᠠᠬᠤ ᠦᠭᠡᠢ

ᠰᠡᠭᠦᠯ᠎ᠨᠢ ᠬᠠᠷᠠᠭ᠍ᠳᠠᠬᠤ ᠦᠭᠡᠢ

ᠴᠠᠭᠠᠰᠢ᠎ᠪᠠᠨ ᠤᠯᠠᠭᠠᠨ ᠳ᠋ᠧᠩ ᠳᠤᠯᠠᠯᠵᠠᠨ᠎ᠠ

ᠨᠠᠭᠠᠰᠢ᠎ᠪᠠᠨ ᠴᠠᠭᠠᠨ ᠳ᠋ᠧᠩ ᠳᠤᠸᠠᠯᠠᠨ᠎ᠠ

ᠡᠶᠡᠷᠬᠦ᠌ ᠰᠦᠭᠡᠷᠬᠦ᠌ ᠴᠢᠭ᠌ᠯᠡᠯ᠎ᠢᠶᠠᠷ ᠵᠡᠷᠭᠡᠴᠡᠨ ᠵᠦᠷᠢᠯᠳᠦᠨ᠎ᠡ

ᠰᠥᠨᠢ᠎ᠶ᠋ᠢᠨ ᠦᠵᠡᠮᠵᠢ᠎ᠲᠠᠢ ᠳᠦᠷᠪᠡᠯᠵᠢᠨ

ᠤᠢᠮᠡᠭᠡᠨ ᠱᠣᠣᠬᠢᠶᠠᠨ᠎ᠲᠠᠢ ᠳᠦᠷᠪᠡᠯᠵᠢᠨ

ᠭᠡᠷᠡᠯ᠎ᠤᠳ ᠭᠤᠭᠤᠵᠢᠭ᠍ᠰᠠᠨ ᠳᠦᠷᠪᠡᠯᠵᠢᠨ

ᠭᠡᠷᠡᠯ᠎ᠤᠳ ᠱᠣᠷᠣᠯᠠᠭ᠍ᠰᠠᠨ ᠳᠦᠷᠪᠡᠯᠵᠢᠨ

ᠬᠠᠷᠠᠩᠭᠤᠢ᠎ᠶ᠋ᠢ ᠬᠠᠢᠴᠢᠯᠠᠭ᠍ᠰᠠᠨ ᠰᠥᠨᠢ᠎ᠶ᠋ᠢᠨ ᠲᠡᠷᠭᠡ᠎ᠨᠦᠭᠦᠳ᠎ᠠᠴᠠ

ᠣᠭ᠍ᠲᠠᠷᠭᠤᠢ ᠰᠡᠭᠦᠷᠡᠰᠦ ᠠᠯᠳᠠᠨ ᠭᠠᠭ᠍ᠴᠠᠭᠠᠷᠳᠠᠯ᠎ᠢ ᠭᠤᠶᠤᠨᠠᠮ


2

ᠵᠡᠭᠦᠨᠰᠢ ᠪᠠᠷᠠᠭᠤᠨᠰᠢ ᠴᠢᠭ᠌ᠯᠡᠯ᠎ᠲᠠᠢ ᠵᠠᠮ᠎ᠤᠨ

ᠡᠬᠢᠯᠡᠯᠲᠡ᠎ᠨᠢ ᠦᠵᠡᠭ᠌ᠳᠡᠬᠦ᠌ ᠦᠬᠡᠢ

ᠲᠡᠭᠦᠰᠭᠡᠯ᠎ᠨᠢ ᠦᠵᠡᠭ᠌ᠳᠡᠬᠦ᠌ ᠦᠭᠡᠢ

ᠵᠡᠭᠦᠨᠰᠢ᠎ᠪᠠᠨ ᠤᠯᠠᠭᠠᠨ ᠳ᠋ᠧᠩ ᠬᠥᠭᠡᠭᠡᠴᠡᠯᠳᠤᠨ᠎ᠡ

ᠪᠠᠷᠠᠭᠤᠨᠰᠢ᠎ᠪᠠᠨ ᠴᠠᠭᠠᠨ ᠳ᠋ᠧᠩ ᠴᠥᠷᠭᠡᠯᠡᠨ᠎ᠡ

ᠡᠰᠡᠷᠬᠦ᠌ ᠳᠡᠰᠡᠷᠭᠦ᠌ ᠴᠢᠭ᠌ᠯᠡᠯ᠎ᠢᠶᠠᠷ ᠵᠡᠷᠭᠡᠴᠡᠨ ᠬᠤᠯᠠᠳᠠᠨ᠎ᠠ

ᠴᠣ ᠱᠢᠨ᠎ᠡ ᠦᠵᠡᠭ᠌ᠳᠡᠯ᠎ᠲᠠᠢ ᠳᠦᠷᠪᠡᠯᠵᠢᠨ

ᠴᠣᠩᠬᠤᠨ ᠱᠢᠯ ᠳᠣᠲᠣᠷ᠎ᠠ ᠨᠡᠭᠦᠳᠡᠯ᠎ᠲᠠᠢ ᠳᠦᠷᠪᠡᠯᠵᠢᠨ

ᠬᠠᠷᠢᠯᠴᠠᠨ ᠰᠦᠯᠵᠢᠯᠳᠦᠭ᠌ᠰᠡᠨ ᠭᠡᠷᠡᠯ᠎ᠲᠠᠢ ᠳᠦᠷᠪᠡᠯᠵᠢᠨ

ᠬᠠᠷᠠᠯᠠᠨ ᠬᠤᠭᠤᠰᠣᠷᠠᠭ᠍ᠰᠠᠨ ᠭᠡᠷᠡᠯ ᠦᠭᠡᠢ ᠳᠦᠷᠪᠡᠯᠵᠢᠨ

ᠬᠠᠷᠠᠩᠭᠤᠢ᠎ᠶ᠋ᠢ ᠱᠦᠭᠦᠷᠳᠡᠭ᠌ᠰᠡᠨ ᠨᠠᠯᠠᠦ᠍ ᠲᠡᠩᠬᠡᠯᠢᠭ᠎ᠠᠴᠠ

ᠣᠭ᠍ᠲᠠᠷᠭᠤᠢ ᠨᠢᠯᠪᠦᠰᠦ ᠮᠡᠯᠲᠡᠭᠡᠨᠡᠭᠦᠯᠦᠨ ᠴᠡᠪᠡᠷ ᠠᠭᠠᠷ᠎ᠢ ᠭᠤᠶᠤᠨᠠᠮ


3

ᠠᠰᠠᠷ᠎ᠤᠨ ᠳᠡᠭᠡᠭᠦᠷ ᠥᠯᠥ᠍ ᠬᠠᠷᠠᠭ᠍ᠳᠠᠬᠤ ᠵᠢᠱᠢᠭᠦᠦ ᠵᠠᠮ᠎ᠤᠨ

ᠦᠵᠦᠭᠦᠷ᠎ᠨᠢ ᠮᠡᠳᠡᠭ᠌ᠳᠡᠬᠦ᠌ ᠦᠭᠡᠢ

ᠰᠡᠵᠢᠭᠦᠷ᠎ᠨᠢ ᠮᠡᠳᠡᠭ᠌ᠳᠡᠬᠦ᠌ ᠦᠭᠡᠢ

ᠵᠢᠱᠢᠭᠦᠦ ᠤᠯᠠᠭᠠᠨ ᠴᠠᠭᠠᠨ ᠭᠡᠷᠡᠯ ᠳᠤᠯᠠᠰ ᠳᠤᠯᠠᠰ ᠥᠭᠡᠳᠡᠯᠡᠨ᠎ᠡ

ᠵᠢᠱᠢᠭᠦᠦ ᠴᠠᠭᠠᠨ ᠤᠯᠠᠭᠠᠨ ᠭᠡᠷᠡᠯ ᠬᠢᠯᠠᠰ ᠭᠢᠯᠠᠰ ᠤᠷᠤᠭᠤᠳᠠᠨ᠎ᠠ

ᠳᠥᠴᠢᠨ ᠲᠠᠪᠤᠨ ᠭᠷᠡᠳᠦ᠋ᠰ᠎ᠢᠶᠠᠷ ᠨᠢᠰᠭᠡᠯ ᠰᠣᠮᠣᠳᠠᠨ ᠵᠥᠷᠢᠯᠳᠤᠨ᠎ᠠ

ᠠᠶᠤᠩᠭ᠎ᠠ᠎ᠶ᠋ᠢᠨ ᠲᠠᠭᠤ᠎ᠲᠠᠢ ᠬᠦᠩᠬᠢᠨᠡᠭ᠌ᠰᠡᠨ ᠳᠦᠷᠪᠡᠯᠵᠢᠨ

ᠱᠢᠪᠡᠭᠤᠨ᠎ᠤ ᠵᠢᠭᠦᠷ᠎ᠲᠠᠢ ᠳᠦᠩᠬᠢᠨᠡᠭ᠌ᠰᠡᠨ ᠳᠦᠷᠪᠡᠯᠵᠢᠨ

ᠭᠡᠷᠡᠯ᠎ᠠᠴᠠ ᠬᠠᠷᠠᠩᠭᠤᠢ ᠭᠤᠭᠤᠵᠢᠭ᠍ᠰᠠᠨ ᠳᠦᠷᠪᠡᠯᠵᠢᠨ

ᠭᠡᠷᠡᠯ᠎ᠠᠴᠠ ᠬᠠᠷᠠᠩᠭᠤᠢ ᠬᠥᠲᠥᠯᠦᠭ᠌ᠰᠡᠨ ᠳᠦᠷᠪᠡᠯᠵᠢᠨ

ᠨᠦᠰᠡᠷ ᠳᠠᠭᠤᠨ᠎ᠠᠴᠠ ᠦᠷᠭᠦᠨ ᠰᠣᠴᠢᠭ᠍ᠰᠠᠨ ᠲᠤᠷᠠᠩᠬᠠᠢ ᠰᠠᠷᠠᠨ᠎ᠠᠴᠠ

ᠤᠭ᠍ᠲᠠᠷᠭᠤᠢ ᠪᠣᠬᠢᠨᠢᠳᠦᠯ ᠡᠪᠦᠷᠯᠡᠨ ᠨᠠᠮ ᠵᠢᠮ᠎ᠢ ᠭᠤᠶᠤᠨᠠᠮ


4

ᠬᠠᠷᠠᠭ᠎ᠠ᠎ᠶ᠋ᠢ ᠬᠡᠷᠴᠢᠭ᠌ᠰᠡᠨ ᠳᠦᠷᠪᠡᠯᠵᠢᠨ ᠴᠣᠩᠬᠤ᠎ᠪᠠᠷ

ᠠᠰᠠᠷ᠎ᠤᠨ ᠰᠠᠭᠤᠷᠢ᠎ᠨᠢ ᠪᠠᠷᠢᠭ᠍ᠳᠠᠬᠤ ᠦᠭᠡᠢ

ᠠᠰᠠᠷ᠎ᠤᠨ ᠤᠷᠤᠢ᠎ᠨᠢ ᠲᠡᠮᠲᠡᠷᠢᠭ᠌ᠳᠡᠬᠦ᠌ ᠦᠭᠡᠢ

ᠳᠡᠭᠡᠭ᠌ᠰᠢ᠎ᠪᠠᠨ ᠭᠡᠷᠡᠯ᠎ᠲᠠᠢ ᠭᠡᠷᠡᠯ ᠦᠭᠡᠢ ᠳᠠᠪᠬᠤᠷᠯᠠᠭ᠍ᠳᠠᠨ᠎ᠠ

ᠳᠤᠷᠤᠭ᠍ᠰᠢ᠎ᠪᠠᠨ ᠭᠡᠷᠡᠯ ᠦᠭᠡᠢ ᠭᠡᠷᠡᠯ᠎ᠲᠠᠢ ᠦᠷᠦᠭ᠌ᠳᠡᠨ᠎ᠡ

ᠬᠥᠨᠳᠠᠯᠠᠨ ᠭᠤᠯᠳᠣ ᠭᠡᠲᠡᠭᠡᠨ᠎ᠡ᠎ᠶ᠋ᠢᠨ ᠡᠭᠦᠷ ᠱᠢᠭ ᠴᠣᠬᠤᠷᠳᠠᠨ᠎ᠠ

ᠪᠠᠷᠠᠭᠤᠨ ᠨᠢᠳᠦ᠍᠎ᠨᠢ ᠰᠣᠬᠤᠷ ᠴᠤ᠌ ᠶᠤᠮ ᠱᠢᠭ᠋ ᠳᠦᠷᠪᠡᠯᠵᠢᠨ

ᠵᠡᠭᠦᠨ ᠨᠢᠳᠦ᠍᠎ᠨᠢ ᠰᠣᠬᠤᠷ ᠴᠤ᠌ ᠶᠤᠮ ᠱᠢᠭ᠋ ᠳᠦᠷᠪᠡᠯᠵᠢᠨ

ᠴᠣᠩᠬᠤ᠎ᠠᠴᠠ ᠴᠣᠩᠬᠤ ᠤᠷᠤᠭᠤ ᠬᠦᠶᠦᠳᠡᠯ᠎ᠲᠠᠢ ᠳᠦᠷᠪᠡᠯᠵᠢᠨ

ᠠᠮᠢ᠎ᠠᠴᠠ ᠦᠬᠦᠯ ᠤᠷᠤᠭᠤ ᠬᠦᠶᠦᠳᠡᠯ᠎ᠲᠠᠢ ᠳᠦᠷᠪᠡᠯᠵᠢᠨ

ᠣᠳᠣᠳ᠎ᠢᠶᠠᠨ ᠬᠦᠤᠷᠭᠡᠢᠯᠡᠭ᠌ᠰᠡᠨ ᠲᠡᠭ᠌ᠷᠢ᠎ᠶ᠋ᠢᠨ ᠤᠶᠤᠳᠠᠯ᠎ᠠᠴᠠ

ᠤᠭ᠍ᠲᠠᠷᠭᠤᠢ ᠶᠣᠣᠯᠠᠨ ᠬᠠᠢᠯᠠᠨ ᠡᠷᠡᠭᠦᠯ ᠡᠩᠬᠡ᠎ᠶ᠋ᠢ ᠭᠤᠶᠤᠨᠠᠮ


5

ᠳᠠᠭᠤ᠎ᠶ᠋ᠢ ᠲᠠᠰᠦᠯᠣᠭ᠍ᠰᠠᠨ ᠳᠦᠷᠪᠡᠯᠵᠢᠨ ᠴᠣᠩᠬᠤ᠎ᠪᠠᠷ

ᠡᠷᠡᠭ᠌ᠲᠡᠢ ᠡᠮᠡᠭ᠌ᠲᠡᠢ᠎ᠨᠢ ᠲᠠᠨᠢᠭ᠍ᠳᠠᠬᠤ ᠦᠭᠡᠢ

ᠦᠨᠡᠨ ᠬᠤᠳᠠᠯ᠎ᠨᠢ ᠢᠯᠭᠠᠭ᠍ᠳᠠᠬᠤ ᠦᠭᠡᠢ

ᠭᠠᠷ ᠤᠲᠠᠰᠦ᠎ᠠᠴᠠ ᠭᠠᠷ ᠤᠳᠠᠰᠦ ᠤᠷᠤᠭᠤ ᠴᠢᠮᠡᠭᠡ ᠭᠦᠶᠦᠯᠳᠦᠨ᠎ᠡ

ᠲᠤᠭ᠎ᠠ᠎ᠠᠴᠠ ᠲᠤᠭ᠎ᠠ ᠤᠷᠤᠭᠤ ᠮᠥᠩᠭᠦ᠌ ᠭᠦᠶᠦᠯᠳᠦᠨ᠎ᠡ

ᠠᠭᠠᠯᠵᠢᠨ ᠲᠣᠣᠷ ᠱᠢᠭ᠋ ᠬᠦᠶᠦᠳᠡᠯ ᠲᠡᠭ᠌ᠷᠢ᠎ᠶ᠋ᠢ ᠥᠭᠡᠱᠢᠯᠡᠨ᠎ᠡ

ᠬᠠᠷᠠᠴᠠ᠎ᠠᠴᠠ ᠲᠠᠷᠢᠬᠢ ᠤᠷᠤᠭᠤ ᠭᠦᠶᠦᠯᠳᠦᠭ᠌ᠰᠡᠨ ᠳᠦᠷᠪᠡᠯᠵᠢᠨ

ᠲᠠᠷᠢᠬᠢ᠎ᠠᠴᠠ ᠪᠢᠷ᠎ᠤᠨ ᠦᠵᠦᠭᠦᠷ ᠵᠦᠭ ᠭᠦᠶᠦᠯᠳᠦᠭ᠌ᠰᠡᠨ ᠳᠦᠷᠪᠡᠯᠵᠢᠨ

ᠦᠭᠡ᠎ᠠᠴᠠ ᠦᠭᠡ ᠤᠷᠤᠭᠤ ᠬᠦᠶᠦᠯᠳᠦᠭ᠌ᠰᠡᠨ ᠳᠦᠷᠪᠡᠯᠵᠢᠨ

ᠪᠠᠳᠠᠭ᠎ᠠᠴᠠ ᠤᠳᠭ᠎ᠠ ᠤᠷᠤᠭᠤ ᠬᠦᠶᠦᠯᠳᠦᠭ᠌ᠰᠡᠨ ᠳᠦᠷᠪᠡᠯᠵᠢᠨ

ᠴᠣᠩᠬᠤ᠎ᠪᠠᠷ ᠰᠦᠨᠢ᠎ᠶ᠋ᠢᠨ ᠦᠵᠡᠮᠵᠢ᠎ᠶ᠋ᠢ ᠬᠠᠷᠠᠵᠤ ᠰᠠᠭᠤᠭ᠍ᠰᠠᠨ ᠨᠠᠳᠠ᠎ᠠᠴᠠ

ᠤᠭ᠍ᠲᠠᠷᠭᠤᠢ ᠱᠢᠯ ᠲᠣᠭ᠍ᠰᠢᠨ ᠦᠭᠡ ᠬᠡᠯᠡ᠎ᠲᠠᠢ ᠪᠣᠯᠬᠤ᠎ᠶ᠋ᠢ ᠵᠠᠯᠪᠠᠷᠢᠨ ᠭᠤᠶᠤᠨᠠᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面