2026-09-23 10:59:11
ᠨᠠᠮᠤᠷ᠎ᠢ ᠪᠢ
ᠨᠠᠷᠠ ᠨᠡᠭᠦᠳᠡᠯ᠎ᠦᠨ ᠳᠡᠷᠭᠡᠳᠡ᠎ᠡᠴᠡ
ᠨᠠᠢᠷᠰᠠᠵᠤ ᠲᠣᠰᠣᠭᠰᠠᠨ
ᠨᠠᠳᠠ᠎ᠳᠤ ᠢᠷᠡᠭᠰᠡᠨ ᠭᠤᠨᠢᠭ᠋ ᠦᠭᠡᠢ
ᠨᠠᠨᠳᠢᠨ ᠪᠦᠬᠦᠨ᠎ᠦ ᠡᠩᠬᠦᠷᠡᠢᠯᠡᠯ
ᠨᠠᠮᠬᠠᠷᠠᠵᠤ᠂ ᠲᠡᠭᠷᠢ ᠨᠢ ᠲᠤᠨᠤᠷᠠᠭᠰᠠᠨ
ᠨᠠᠪᠴᠢᠨ᠎ᠳᠤ ᠮᠡᠯᠮᠡᠷᠡᠭᠰᠡᠨ ᠰᠢᠭᠦᠳᠡᠷᠢ᠎ᠡᠴᠡ
ᠥᠷᠯᠥᠭᠡ ᠦᠳᠡᠰᠢ᠎ᠶᠢᠨ ᠤᠢᠳᠬᠤ᠎ᠶᠢ ᠮᠡᠳᠡᠬᠦ ᠦᠭᠡᠢ
ᠦᠯᠢᠭᠡᠷ᠎ᠦᠨ ᠴᠡᠴᠡᠨ ᠬᠦᠦᠷᠨᠢᠯ
ᠦᠢᠯᠡ ᠵᠠᠶᠠᠭ᠎ᠠ ᠬᠣᠶᠠᠷ᠎ᠤᠨ
ᠡᠬᠢᠯᠡᠯ ᠲᠡᠭᠦᠰᠭᠡᠯᠢ ᠲᠡᠩᠴᠡᠭᠦᠯᠬᠦ
ᠥᠰᠢᠵᠦ ᠭᠠᠷᠬᠤ ᠦᠭᠡᠢ ᠲᠠᠪᠢᠯᠠᠩ᠎ᠠᠴᠠ
ᠥᠭᠡᠯᠡᠵᠦ ᠴᠢᠳᠠᠰᠢ ᠦᠭᠡᠢ
ᠥᠩᠭᠡᠲᠦ ᠶᠢᠷᠲᠢᠨᠴᠦ᠎ᠶᠢᠨ ᠤᠷᠠᠨ ᠰᠠᠨᠠᠭ᠎ᠠ
ᠦᠳᠡ᠎ᠶᠢᠨ ᠨᠠᠷᠠᠨ᠎ᠳᠤ ᠬᠥᠯᠥᠷᠡᠵᠦ
ᠡᠪᠡᠰᠦᠨ᠎ᠦ ᠥᠩᠭᠡ᠎ᠶᠢ ᠡᠰᠬᠡᠨ ᠥᠯᠥᠰᠬᠦ᠎ᠳᠦ
ᠰᠠᠨᠠᠭᠠᠨ᠎ᠳᠤ ᠣᠷᠣᠭᠰᠠᠨ ᠬᠠᠪᠤᠷ᠎ᠤᠨ
ᠰᠠᠯᠬᠢ ᠴᠠᠢ ᠬᠣᠶᠠᠷ᠎ᠤᠨ ᠰᠠᠮᠰᠠ ᠴᠣᠷᠭᠢᠭ᠍ᠰᠠᠨ ᠠᠮᠲᠠ
ᠰᠠᠭᠤᠵᠤ ᠪᠣᠰᠬᠤ᠎ᠶᠢᠨ ᠬᠣᠭᠣᠷᠣᠨᠳᠤ
ᠦᠷᠭᠦᠯᠵᠢ ᠪᠡᠶ᠎ᠡ᠎ᠳᠡᠭᠡᠨ ᠤᠷᠮ᠎ᠠ ᠦᠭᠬᠦ᠎ᠳᠦ
ᠥᠭᠡᠳᠡ᠎ᠪᠡᠨ ᠠᠰᠬᠠᠷᠠᠭᠰᠠᠨ
ᠥᠷᠲᠡᠭᠯᠡᠵᠦ ᠬᠠᠶᠠᠬᠤ ᠦᠭᠡᠢ ᠢᠲᠡᠭᠡᠯ᠎ᠦᠨ
ᠥᠮᠥᠭ ᠲᠦᠰᠢᠭᠰᠡᠨ ᠲᠡᠰᠪᠦᠷᠢ ᠲᠡᠪᠴᠢᠶᠡᠷᠢ
ᠨᠠᠮᠤᠷ᠎ᠢ ᠪᠢ
ᠡᠪᠦᠯ ᠵᠤᠨ᠎ᠤ ᠡᠭᠡᠰᠢᠭᠯᠡᠩᠲᠦ ᠬᠣᠷᠣᠮ᠎ᠢ
ᠨᠠᠷᠠᠲᠤ᠎ᠶᠢᠨ ᠮᠡᠯᠮᠡᠢ᠎ᠳᠦ ᠭᠣᠢᠳᠠᠬᠠᠨ ᠳᠠᠭᠤᠯᠠᠭᠰᠠᠨ
ᠨᠠᠮᠢᠯᠵᠠᠲᠠᠯᠠ ᠬᠦᠯᠢᠶᠡᠬᠦ ᠪᠣᠯᠵᠣᠭ᠎ᠠ ᠭᠡᠶ᠎ᠡ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃