ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-23 11:01:37

ᠵᠣᠬᠢᠶᠠᠭ᠍ᠴᠢ᠄ ᠡ᠊·ᠮᠠᠩᠯᠠᠢ ᠣᠩᠱᠢᠭ᠍ᠰᠠᠨ ᠣᠳᠠᠭ᠎ᠠ᠄ 3

ᠨᠠᠮᠤᠷ᠎ᠤᠨ ᠲᠡᠷᠭᠡᠯ ᠰᠠᠷᠠᠨ᠎ᠤ ᠳᠤᠤᠷ᠎ᠠ

ᠦᠭᠡ ᠦᠭᠡᠢ ᠠᠯᠬᠤᠬᠤ ᠰᠠᠢᠬᠠᠨ

ᠨᠠᠮᠣᠭᠣᠬᠠᠨ ᠵᠥᠭᠡᠯᠡᠨ ᠰᠠᠯᠬᠢ᠎ᠪᠠᠷ

ᠨᠢᠭᠤᠷ᠎ᠢᠶᠠᠨ ᠢᠯᠪᠢᠭᠦᠯᠬᠦ ᠰᠠᠢᠬᠠᠨ

ᠨᠠᠭᠤᠷ᠎ᠤᠨ ᠤᠯᠠᠨ ᠭᠠᠯᠠᠭᠤᠳ᠎ᠤᠨ

ᠭᠠᠩᠭᠠᠨᠠᠭ᠎ᠠ᠎ᠶᠢ ᠴᠢᠩᠨᠠᠬᠤ ᠰᠠᠢᠬᠠᠨ

ᠨᠠᠰᠤᠨ᠎ᠤ ᠵᠢᠷᠭᠠᠯ ᠲᠤᠭᠠᠴᠢᠵᠤ

ᠳᠤᠷᠠᠯᠠᠯ ᠬᠦᠪᠦᠷᠡᠭᠦᠯᠬᠦ ᠰᠠᠢᠬᠠᠨ

ᠲᠤᠯᠢ ᠮᠥᠩᠭᠦᠨ ᠰᠠᠷᠠᠨ᠎ᠤ ᠳᠤᠤᠷ᠎ᠠ

ᠳᠠᠭᠤ ᠦᠭᠡᠢ ᠠᠯᠬᠤᠬᠤ ᠰᠠᠢᠬᠠᠨ

ᠲᠤᠷᠳᠤᠮᠠᠯ ᠴᠡᠩᠬᠡᠷ ᠲᠡᠭᠷᠢ᠎ᠶᠢᠨ

ᠤᠳᠤ᠎ᠶᠢ ᠬᠠᠷᠠᠬᠤ ᠰᠠᠢᠬᠠᠨ

ᠲᠤᠷᠮᠤᠭᠤᠷ ᠬᠠᠷᠠᠬᠠᠨ ᠨᠢᠳᠦ᠎ᠶᠢ ᠨᠢ

ᠰᠡᠳᠬᠢᠯ᠎ᠳᠡᠭᠡᠨ ᠵᠢᠷᠤᠬᠤ ᠰᠠᠢᠬᠠᠨ

ᠲᠤᠮᠤᠭ᠎ᠠ ᠦᠭᠡᠢ ᠬᠥᠭᠡᠷᠦᠬᠦᠨ ᠠᠭᠠᠰᠢ᠎ᠶᠢ ᠨᠢ

ᠲᠤᠭᠲᠠᠭᠠᠵᠤ ᠰᠠᠨᠠᠬᠤ ᠰᠠᠢᠬᠠᠨ


ᠵᠡᠭᠡᠰᠦᠨ ᠰᠢᠷᠭᠠᠯ ᠰᠠᠷᠠᠨ᠎ᠤ ᠳᠤᠤᠷ᠎ᠠ

ᠭᠠᠭᠴᠠᠭᠠᠷ ᠠᠯᠬᠤᠬᠤ ᠰᠠᠢᠬᠠᠨ

ᠵᠠᠯᠠᠨ᠎ᠤ ᠮᠤᠷᠢᠳ ᠳᠤᠷᠭᠢᠵᠤ

ᠢᠵᠢᠯᠢ ᠪᠠᠨ ᠬᠠᠢᠬᠤ ᠰᠠᠢᠬᠠᠨ

ᠵᠢᠰᠦᠮ ᠢᠵᠢᠯ ᠠᠩᠭᠢᠷ᠎ᠤᠨ

ᠤᠰᠤ ᠳᠡᠪᠡᠷᠡᠬᠡᠬᠦ ᠨᠢ ᠰᠠᠢᠬᠠᠨ

ᠵᠡᠭᠦᠳᠦ ᠦᠨᠡᠨ ᠬᠤᠶᠠᠷ᠎ᠲᠠᠭᠠᠨ

ᠳᠤᠭᠳᠤᠯᠵᠤ ᠲᠤᠬᠠᠯᠠᠬᠤ ᠰᠠᠢᠬᠠᠨ

ᠮᠦᠩᠬᠦᠨ ᠰᠠᠷᠠᠨ᠎ᠤ ᠲᠣᠶᠠᠭᠠᠨ ᠳ᠋ᠦ

ᠮᠥᠷᠦᠭᠡᠳᠦᠯ ᠬᠡᠯᠬᠢᠬᠦ ᠰᠠᠢᠬᠠᠨ

ᠪᠦᠲᠦᠨ ᠵᠠᠶᠠᠭᠠᠨ᠎ᠤ ᠲᠤᠤᠯᠢ᠎ᠪᠠᠨ

ᠦᠯᠢᠭᠡᠷᠯᠡᠵᠦ ᠪᠤᠳᠤᠬᠤ ᠰᠠᠢᠬᠠᠨ

ᠪᠢᠳᠦᠷᠶᠡᠨ ᠦᠩᠭᠡ ᠲᠠᠢ ᠪᠥᠭᠡᠵᠢ᠎ᠪᠡᠨ

ᠬᠤᠷᠤᠭᠤᠨ᠎ᠳᠤ ᠴᠢᠨᠢ ᠵᠡᠭᠦᠯᠭᠡᠬᠦ ᠰᠠᠢᠬᠠᠨ

ᠪᠦᠯᠢᠶᠡᠨ ᠠᠮᠢᠰᠬᠤᠭ᠎ᠠ᠎ᠳᠤᠨᠢ ᠠᠭᠤᠰᠴᠤ

ᠬᠤᠷᠸ᠎ᠠ᠎ᠶᠢ ᠮᠠᠷᠲᠠᠬᠤ ᠰᠠᠢᠬᠠᠨ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面