ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-23 11:04:34

ᠵᠣᠬᠢᠶᠠᠭ᠍ᠴᠢ᠄ ᠴᠢ᠊·ᠲᠤᠯᠬᠢᠶᠠᠨ ᠣᠩᠱᠢᠭ᠍ᠰᠠᠨ ᠣᠳᠠᠭ᠎ᠠ᠄ 3

ᠬᠦᠯᠦᠷᠡᠵᠦ ᠶᠠᠪᠤᠭᠰᠠᠨ ᠬᠡᠬᠡᠷ᠎ᠡ ᠶ᠋ᠢᠨ ᠰᠠᠯᠬᠢ

ᠴᠡᠯ ᠬᠦᠢᠳᠡᠨ ᠤᠰᠤᠨ ᠳ᠋ᠥ ᠬᠦᠯ ᠠᠮᠠᠷᠠᠭᠠᠪᠠ

ᠬᠦᠬᠡ ᠡᠪᠦᠭᠡᠳ ᠤ᠋ᠨ ᠶᠠᠷᠢᠶᠠᠨ ᠳ᠋ᠥ ᠬᠤᠷᠭᠤᠳᠠᠵᠤ

ᠬᠡᠦᠬᠡᠳ ᠪᠠᠭᠠᠴᠤᠳ ᠤ᠋ᠨ ᠲᠠᠭᠤᠨ ᠳ᠋ᠥ ᠨᠡᠢᠯᠡᠪᠡ

ᠤᠤᠪᠠ ᠶ᠋ᠢᠨ ᠬᠠᠩᠭᠠᠢ ᠶ᠋ᠢ ᠲᠠᠭᠤᠯᠠᠭᠰᠠᠭᠠᠷ

ᠮᠤᠷᠢᠨ ᠲᠠᠯ᠎ᠠ ᠪᠠᠷ ᠲᠤᠪᠳᠤᠯᠬᠤ ᠨᠢ ᠡᠷᠭᠡ ᠴᠢᠯᠦᠭᠡᠨ᠎ᠤ ᠬᠢ

ᠦᠩᠭᠡ ᠪᠤᠯᠢᠶᠠᠯᠳᠤᠨ ᠲᠡᠯᠭᠡᠷᠡᠬᠦ ᠴᠡᠴᠡᠭᠡᠰ ᠲᠣ᠌ ᠢᠨᠠᠭ᠍ᠰᠢᠨ

ᠡᠪᠭᠡᠷᠡᠯᠳᠦᠨ ᠲᠤᠭᠯᠠᠬᠤ ᠨᠢ ᠦᠩᠰᠢᠭ ᠪᠠᠢᠭᠠᠯᠢ ᠶ᠋ᠢᠨ ᠬᠢ

ᠬᠠᠷ᠎ᠠ ᠲᠤᠪᠤ ᠶ᠋ᠢᠨ ᠲᠤᠳᠤᠷᠭ᠎ᠠ ᠶ᠋ᠢ ᠲᠤᠯᠬᠢᠶᠠᠯᠠᠭᠤᠯᠤᠨ

ᠬᠤᠷᠢᠶᠠᠯᠳᠠ ᠶ᠋ᠢᠨ ᠲᠠᠭᠤᠤ ᠬᠠᠩᠭᠢᠨᠠᠭᠤᠯᠬᠤ ᠨᠢ ᠬᠦᠳᠡᠯᠮᠦᠷᠢ ᠶ᠋ᠢᠨ ᠪᠠᠬᠠᠳᠤᠯ ᠤ᠋ᠨ ᠬᠢ

ᠬᠠᠳᠠᠭ ᠰᠡᠭᠦᠭᠰᠡᠨ ᠵᠤᠭᠤᠭ ᠤ᠋ᠨ ᠦᠷᠦᠭᠡ ᠶ᠋ᠢ ᠮᠢᠯᠢᠶᠠᠵᠦ

ᠪᠡᠬᠡ ᠶ᠋ᠢᠨ ᠦᠨᠦᠷ ᠰᠡᠩᠭᠢᠨᠡᠬᠦᠯᠬᠦ ᠨᠢ ᠪᠢᠯᠢᠭᠳᠦ ᠮᠡᠳᠡᠷᠡᠮᠵᠢ ᠶ᠋ᠢᠨ ᠬᠢ

ᠡᠷᠭᠡᠯᠡᠨ ᠨᠢᠯᠬᠠᠷᠠᠵᠦ ᠡᠩᠭᠡᠯᠵᠡᠬᠦᠷ ᠦᠭᠡᠳᠡ ᠦᠯᠢᠶᠡᠬᠦ ᠨᠢ

ᠡᠬᠡ ᠳ᠋ᠡᠭᠡᠨ ᠬᠤᠷᠭᠤᠳᠠᠭᠰᠠᠨ ᠨᠦᠷ᠎ᠡ ᠰᠢᠭ ᠠᠯᠢᠶ᠎ᠠ ᠲᠤᠢᠯᠠᠩᠭᠢ ᠶ᠋ᠢᠨ ᠬᠢ

ᠵᠢᠷᠢᠮ ᠬᠢᠩᠭᠠᠨ᠎ᠤ ᠤᠴᠠᠷᠠᠯ ᠤ᠋ᠨ ᠪᠤᠯᠵᠤᠭ᠎ᠠ ᠳ᠋ᠥ ᠪᠠᠶᠠᠰᠴᠤ

ᠵᠢᠷᠬᠢᠵᠦ ᠢᠷᠠᠭᠤ ᠡᠭᠡᠰᠢᠭᠯᠡᠬᠦ ᠨᠢ ᠠᠵᠠ ᠵᠢᠷᠭᠠᠯ ᠤ᠋ᠨ ᠬᠢ

ᠦᠬᠡᠳᠡ ᠡᠰᠡᠷᠡᠭ ᠦᠯᠵᠡᠢ ᠬᠡᠢᠮᠤᠷᠢ ᠶ᠋ᠢ ᠬᠤᠷᠤᠢᠯᠠᠵᠤ

ᠦᠶ᠎ᠡ ᠦᠶ᠎ᠡ ᠰᠡᠪᠢᠯᠵᠡᠬᠦ ᠨᠢ ᠦᠭᠭᠢᠶᠡᠮᠦᠷ ᠬᠠᠢᠷ᠎ᠠ ᠶ᠋ᠢᠨ ᠬᠢ

ᠵᠠᠩᠭᠢᠳᠤᠭᠰᠠᠨ ᠨᠢᠳᠤᠷᠭ᠎ᠠ ᠮᠡᠳᠦ ᠪᠠᠳᠦ ᠪᠡᠬᠢ ᠪᠠᠢᠵᠦ

ᠰᠡᠳᠬᠢᠯ ᠢᠳᠡᠭᠡᠯ ᠤ᠋ᠨ ᠬᠦᠢ ᠨᠢᠭᠡᠳᠬᠦ ᠨᠢ ᠡᠪ ᠪᠦᠯᠬᠦᠮᠳᠡᠯ ᠤ᠋ᠨ ᠬᠢ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面