2026-09-23 11:06:37
ᠡᠳᠦᠷ ᠤ᠋ᠨ ᠤᠷᠳᠤ ᠵᠢ ᠨᠠᠮ ᠵᠢᠮᠬᠡᠨ ᠲᠤᠭᠤᠯᠵᠤ
ᠦᠯᠦ ᠮᠡᠳᠡᠭᠬᠡᠨ ᠮᠦᠷᠦᠭᠡᠳᠦᠯ ᠲᠦᠷᠦᠬᠦᠯᠦᠭᠰᠡᠨ
ᠤᠳᠤᠷ ᠤ᠋ᠨ ᠡᠳᠦᠷ ᠤ᠋ᠳ ᠢ᠋ ᠪᠢ ᠮᠠᠷᠳᠠᠵᠤ ᠴᠢᠳᠠᠬᠤ ᠦᠭᠡᠢ
ᠰᠢᠵᠢᠷ ᠨᠠᠷᠠ ᠤᠷᠤᠢ ᠵᠢ ᠲᠦᠭᠡᠨᠡᠵᠦ
ᠰᠦᠷᠦᠭ ᠢᠮᠠᠭᠠᠳ ᠵᠢᠨᠨ ᠬᠠᠰᠢᠵᠤ ᠰᠠᠭᠤᠬᠤ ᠳ᠋ᠠᠭᠠᠨ
ᠭᠡᠨ ᠨᠢᠭᠡᠨ ᠲᠠᠢ ᠶᠠᠷᠢᠵᠤ ᠰᠠᠭᠤᠶ᠎ᠠ ᠭᠡᠵᠤ ᠰᠠᠨᠠᠬᠤ
ᠭᠡᠭᠡᠷ᠎ᠡ ᠵᠢᠨ ᠡᠳᠦᠷ ᠤ᠋ᠳ ᠵᠢᠨᠨ ᠮᠠᠷᠳᠠᠵᠤ ᠴᠢᠳᠠᠬᠤ ᠦᠭᠡᠢ
ᠠᠢᠯ ᠤ᠋ᠨ ᠰᠤᠷᠭᠠᠭᠤᠯᠢ ᠳ᠋ᠠᠭᠠᠨ ᠪᠢᠴᠢᠭ ᠦᠵᠡᠬᠦ
ᠠᠯᠢᠶ᠎ᠠ ᠰᠢᠷ᠎ᠠ ᠬᠦᠦ ᠪᠠᠨ
ᠠᠮᠠᠷᠠᠯᠳᠠ ᠵᠢᠨ ᠡᠳᠦᠷ ᠲᠡᠭᠡᠨ
ᠬᠦᠷᠦᠭᠡᠳ ᠢᠷᠡᠬᠦ ᠪᠤᠯᠪᠠ ᠤᠤ ᠭᠡᠵᠤ
ᠠᠯᠳᠠᠯᠠᠭᠰᠠᠨ ᠤᠷᠳᠤ ᠵᠠᠮ ᠢ᠋ ᠪᠠᠷᠠᠯᠠᠵᠤ ᠰᠠᠭᠤᠭᠰᠠᠨ
ᠤᠳᠤᠷ ᠤ᠋ᠨ ᠡᠳᠦᠷ ᠤ᠋ᠳ ᠢ᠋ ᠪᠢ ᠮᠠᠷᠳᠠᠵᠤ ᠴᠢᠳᠠᠬᠤ ᠦᠭᠡᠢ
ᠬᠦᠮᠦᠨ ᠡᠴᠡ ᠵᠠᠢᠳᠠᠭᠤ ᠠᠮᠢᠳᠤᠷᠠᠯ ᠮᠢᠨᠢ
ᠬᠦᠭᠵᠢᠶᠡᠨ ᠨᠠᠷᠬᠢᠶᠠᠨ ᠬᠤᠮᠰᠠ ᠪᠠᠢᠳᠠᠭ ᠴᠦ᠍
ᠬᠦᠩᠭᠡᠨ ᠲᠠᠭᠤ ᠲᠠᠢ ᠷᠠᠳᠢᠤ᠋ ᠮᠢᠨᠢ
ᠬᠠᠨᠢ ᠵᠢᠨ ᠵᠠᠶᠠᠭ᠎ᠠ ᠪᠠᠷ ᠤᠶᠠᠩᠭᠠᠷᠠᠳᠠᠭ ᠪᠠᠢᠵᠠᠢ
ᠬᠦᠰᠡᠯ ᠬᠠᠢᠷ᠎ᠠ ᠵᠢᠨ ᠷᠠᠳᠢᠤ᠋ ᠬᠠᠩᠬᠢᠨᠠᠭᠰᠠᠨ
ᠬᠦᠳᠡᠭᠡ ᠵᠢᠨ ᠡᠳᠦᠷ ᠤ᠋ᠳ ᠵᠢᠨᠨ ᠪᠢ ᠮᠠᠷᠳᠠᠵᠤ ᠴᠢᠳᠠᠬᠤ ᠦᠭᠡᠢ
ᠮᠠᠷᠳᠠᠵᠤ ᠴᠢᠳᠠᠬᠤ ᠦᠭᠡᠢ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃