ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-23 11:08:28

ᠵᠣᠬᠢᠶᠠᠭ᠍ᠴᠢ᠄ ᠪᠤ᠊·ᠤᠶᠣᠨᠰᠣᠪᠣᠳ ᠣᠩᠱᠢᠭ᠍ᠰᠠᠨ ᠣᠳᠠᠭ᠎ᠠ᠄ 3

ᠨᠠᠮ ᠨᠠᠮᠤᠭᠤᠬᠠᠨ ᠦᠳᠡᠰᠢ

ᠲᠡᠷᠲᠡᠭᠡ ᠲᠡᠭᠷᠢ᠎ᠶᠢᠨ ᠬᠠᠶᠠᠭ᠎ᠠ ᠳᠡᠩᠳᠡᠬᠦᠦ ᠦᠵᠡᠰᠬᠦᠯᠡᠩ ᠲᠡᠢ

ᠡᠭᠦᠯᠡᠰ ᠰᠡᠢᠷᠡᠨ ᠰᠠᠷᠠᠨ᠎ᠤ ᠭᠡᠭᠡ ᠰᠠᠴᠤᠷᠠᠬᠤ ᠨᠢ ᠪᠠᠬᠠᠷᠬᠠᠯ ᠲᠠᠢ

ᠰᠢᠭᠦᠳᠡᠷᠢ ᠦᠯᠦ ᠮᠡᠳᠡᠭᠬᠡᠨ ᠰᠡᠪᠢᠬᠦ ᠨᠢ ᠴᠢᠭᠢᠭ᠎ᠦᠨ ᠠᠮᠢᠰᠬᠤᠭ᠎ᠠ ᠲᠠᠢ

ᠡᠪᠡᠰᠦᠨ᠎ᠡᠴᠡ ᠨᠢᠭᠡ ᠯᠡ ᠰᠠᠢᠬᠠᠨ ᠦᠨᠦᠷ ᠦᠨᠦᠷᠳᠦᠭᠳᠡᠬᠦ ᠨᠢ ᠱᠠᠩᠳᠠᠭᠣᠨ ᠲᠠᠢ

ᠵᠠᠮ᠎ᠤᠨ ᠬᠠᠵᠠᠭᠤ᠎ᠪᠡᠷ ᠮᠤᠷᠢ ᠡᠪᠡᠰᠦ ᠵᠤᠯᠭᠠᠭᠠᠬᠤ ᠨᠢ ᠠᠨᠢᠷᠭᠦᠢ᠎ᠶᠢ ᠦᠳᠤᠭᠡᠬᠦ ᠮᠡᠲᠦ ᠭᠠᠢᠬᠠᠯᠲᠠᠢ

ᠲᠤᠯᠤᠩ᠎ᠤᠨ ᠦᠩᠭᠡ ᠬᠦᠳᠡᠭᠡ ᠲᠠᠯ᠎ᠠ᠂ ᠮᠢᠨᠤ ᠳᠡᠭᠡᠷ᠎ᠡ ᠨᠡᠪᠲᠡ ᠰᠢᠩᠭᠡᠭᠡᠳ

ᠬᠠᠶᠠ ᠦᠭᠡᠢ ᠨᠢᠰᠬᠦ ᠴᠣᠬᠤ ᠮᠡᠲᠦ ᠰᠦᠨᠢᠵᠢᠨ ᠭᠡᠷᠡᠯᠲᠦᠬᠦ ᠨᠢ ᠤᠷᠮᠠᠲᠠᠢ


ᠨᠠᠮ ᠨᠠᠮᠤᠭᠤᠬᠠᠨ ᠦᠳᠡᠰᠢ

ᠴᠢᠮ᠎ᠠ ᠲᠠᠢ ᠬᠠᠮᠲᠦ ᠠᠭᠠᠵᠢᠮᠬᠠᠨ ᠠᠯᠬᠤᠯᠠᠬᠤ ᠲᠡᠩᠳᠡᠬᠦᠦ ᠲᠤᠷ᠎ᠠ ᠲᠠᠢ

ᠰᠡᠷᠢᠭᠦᠬᠡᠨ᠂ ᠬᠠᠷᠠᠩᠭᠤᠢ᠎ᠶᠢ ᠨᠦᠮᠦᠷᠴᠦ ᠤᠳᠠᠭᠠᠨ ᠪᠠᠢᠬᠤ ᠵᠢᠷᠭᠠᠯ ᠲᠠᠢ

ᠤᠢᠷ᠎ᠠ ᠣᠢᠷᠠᠬᠠᠨ ᠵᠢᠭᠠᠰᠤᠲᠠᠢ ᠨᠠᠭᠤᠷ ᠤᠰᠤᠨ ᠲᠠᠬᠢᠯ᠎ᠤᠨ ᠮᠠᠨᠠᠯᠵᠠᠭᠠᠨ ᠲᠠᠢ

ᠰᠠᠢᠬᠠᠨ ᠮᠦᠷᠲᠡᠯ᠎ᠡ ᠦᠯᠦ ᠪᠠᠷᠢᠭ᠍ᠳᠠᠭ᠍ᠴᠢ ᠭᠤᠨᠢᠭ᠋ ᠨᠢᠳᠤᠨ᠎ᠳᠤ ᠬᠤᠷᠠᠬᠤ ᠤᠢᠳᠬᠠᠷ ᠲᠠᠢ

ᠨᠠᠢᠷᠠᠯ ᠬᠦᠭᠵᠢᠮ᠎ᠦᠨ ᠠᠶᠠᠯᠭᠤ ᠳᠦᠷᠢᠵᠤ ᠲᠠᠷᠴᠠ ᠴᠠᠷᠭᠢᠬᠣ ᠨᠢ ᠬᠢᠵᠠᠭᠠᠷᠭᠦᠢ᠎ᠶᠢ ᠳᠡᠯᠡᠬᠦ ᠮᠡᠲᠦ ᠬᠦᠭᠵᠢᠯᠲᠡᠢ

ᠠᠪᠤ ᠨᠤᠲᠤᠭ ᠭᠡᠨᠡᠳᠲᠡ ᠯᠡ ᠰᠠᠨᠠᠭᠳᠠᠨ᠂ ᠭᠡᠨᠡᠳᠲᠡ ᠲᠡᠷᠡ ᠵᠦᠭ ᠤᠴᠢᠮᠠᠷ ᠬᠦᠪᠬᠢᠭᠡᠳ

ᠰᠡᠳᠬᠢᠯ ᠲᠤᠲᠤᠷ᠎ᠠ ᠭᠦᠨ ᠨᠢᠭᠤᠭᠳᠠᠭᠰᠠᠨ ᠤᠷᠲᠦ ᠨᠠᠮᠤᠷ᠎ᠢᠶᠠᠨ ᠮᠦᠷᠦᠭᠡᠳᠬᠦ ᠮᠢᠨᠢ ᠮᠦᠷᠦᠭᠡᠳᠬᠦ ᠮᠢᠨᠢ



ᠰᠢᠷᠭᠠᠯ ᠪᠦᠷᠦᠢ

ᠲᠠᠪᠣᠨ ᠲᠤᠯᠤᠭᠠᠢ᠎ᠶᠢ ᠨᠠᠯᠠᠭᠠᠳ ᠰᠢᠷᠭᠠᠯ ᠪᠦᠷᠦᠢ ᠨᠢᠪ ᠨᠢᠮᠭᠡᠨ ᠪᠠᠭᠤᠪᠠ

ᠲᠡᠨᠳᠡ ᠬᠤᠯᠠᠳᠠᠨ ᠤᠳᠬᠤ᠎ᠪᠠᠷ ᠵᠡᠭᠡᠵᠦ ᠪᠤᠢ ᠴᠠᠭ ᠬᠤᠭᠤᠴᠠᠭᠠᠨ᠎ᠳᠤ ᠠᠭᠤᠰᠪᠠ

ᠲᠠᠩᠬᠣ᠌ ᠲᠠᠢ ᠴᠠᠢ᠎ᠠᠴᠠ ᠰᠦ ᠬᠠᠩᠬᠤᠯᠵᠤ ᠦᠳᠡᠰᠢ᠎ᠶᠢ ᠬᠦᠯᠴᠦᠭᠦᠷᠡᠲᠡᠯ᠎ᠡ ᠰᠤᠭᠲᠤᠭᠠᠪᠠ


ᠳᠡᠷᠲᠡᠭᠡ ᠬᠢᠵᠠᠭᠠᠷ ᠲᠠᠵᠢ ᠮᠠᠩᠨᠤᠭ ᠰᠢᠭ᠋ ᠪᠦᠷᠦᠢ᠎ᠶᠢ ᠡᠪᠬᠡᠵᠦ ᠠᠪᠤᠭᠠᠳ

ᠲᠠᠪᠣᠨ ᠲᠤᠯᠤᠭᠠᠢ᠎ᠶᠢᠨ ᠴᠠᠭᠠᠲᠦ ᠠᠪ ᠠᠭᠠᠵᠢᠭᠤᠬᠠᠨ ᠰᠡᠮᠡᠭᠡᠷ ᠲᠠᠯᠳᠠᠷᠢᠪᠠ

ᠲᠦᠪ ᠲᠦᠭᠦᠷᠢᠭᠬᠡᠨ ᠢᠰᠡᠭᠡᠢ ᠭᠡᠷ᠎ᠢ ᠰᠢᠷᠭᠠᠯ ᠦᠩᠭᠡ᠎ᠪᠡᠷ ᠪᠤᠳᠣᠭᠯᠠᠭᠠᠳ ᠴᠠᠭᠠᠰᠢᠯᠠᠪᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面