2026-09-30 11:24:26
ᠠᠯᠤᠰ᠎ᠢ ᠲᠦᠷᠦᠭᠡᠯᠡᠬᠦ ᠨᠢᠭᠡᠨ ᠠᠶᠠᠯᠭᠤ ᠰᠤᠨᠤᠷ ᠠᠷᠢᠭᠤᠯᠠᠵᠤ
ᠠᠳᠤᠭᠤᠨ ᠰᠠᠯᠬᠢᠨ᠎ᠳᠤ ᠡᠰᠭᠡᠭᠳᠡᠵᠦ ᠬᠦᠭᠡᠮᠡᠢᠯᠡᠨᠡ
ᠠᠪᠤ᠎ᠶᠢᠨ ᠨᠠᠮᠤᠷ ᠴᠤᠩᠬᠤᠨ ᠲᠤᠤᠷ᠎ᠠ ᠢᠷᠡᠬᠦᠯᠡᠷ
ᠠᠯᠳᠠᠨ ᠳᠡᠯᠡᠭᠡᠢ᠎ᠳᠦ ᠪᠠᠰᠠ ᠨᠢᠭᠡᠨ ᠤᠨ ᠬᠠᠯᠠᠭᠳᠠᠨᠠ
ᠵᠠᠮ᠎ᠤᠨ ᠲᠤᠭᠤᠰᠤ ᠪᠤᠰᠤᠭ᠎ᠠ
ᠵᠠᠬ᠎ᠠ᠎ᠶᠢᠨ ᠠᠭᠤᠯᠠᠰ ᠰᠢᠷᠭᠠᠯ
ᠵᠠᠮᠪᠠᠯ ᠠᠪᠠᠭ᠎ᠠ ᠬᠤᠳᠠ᠎ᠡᠴᠡ ᠲᠡᠷᠭᠡ ᠪᠠᠷ ᠠᠮᠵᠢᠭᠣᠯᠣᠨ ᠢᠷᠡᠵᠦ
ᠵᠠᠳᠠᠷᠠᠨ ᠠᠢᠮᠠᠭ᠎ᠤᠨ ᠬᠦᠷᠢᠶᠡᠨ ᠭᠠᠳᠠᠭ᠎ᠠ ᠪᠠᠭᠤᠨ᠎ᠠ
ᠦᠳᠡᠰᠢ᠎ᠶᠢᠨ ᠰᠡᠷᠢᠭᠦᠦ᠎ᠳᠦ ᠡᠪᠡᠰᠦᠨ ᠲᠤᠯᠤᠭᠠᠢ ᠴᠢᠯᠳᠡᠢᠵᠦ
ᠦᠷᠭᠡᠨ ᠬᠠᠩᠭᠠᠢ᠎ᠳᠤ ᠡᠭᠦᠯᠡᠨ᠎ᠦ ᠲᠦᠷᠦᠭᠦᠦ ᠨᠤᠶᠠᠯᠠᠨᠠ
ᠦᠷᠲᠡᠭᠡ ᠤᠯᠠᠭ᠎ᠠ᠎ᠳᠤ ᠲᠡᠭᠡᠭᠡᠰᠢ ᠲᠠᠢ ᠮᠸᠬᠠᠨᠢᠭ᠋ ᠴᠦᠷᠭᠡᠯᠡᠵᠦ
ᠦᠯᠢᠭᠡᠷ ᠬᠦᠦᠷᠨᠢᠨ ᠢᠨᠢᠶᠡᠳᠦ ᠬᠠᠨᠢᠶᠠᠳᠤ ᠦᠷᠬᠦᠯᠵᠢᠯᠡᠨ᠎ᠡ
ᠭᠠᠯᠠᠭᠤᠳ᠎ᠤᠨ ᠴᠤᠪᠤᠭ᠎ᠠ ᠤᠯᠠᠷᠢᠯ᠎ᠤᠨ ᠡᠭᠦᠳᠡᠨ᠎ᠳᠦ ᠡᠩᠨᠡᠷᠡᠵᠦ
ᠭᠠᠩᠭ᠎ᠠ ᠮᠦᠷᠡᠨ᠎ᠢᠶᠡᠨ ᠦᠭᠡᠢᠯᠡᠨ ᠭᠠᠩᠭᠠᠨᠠᠨᠠ
ᠭᠠᠭᠴᠠ ᠮᠤᠷᠢᠳᠠᠨ ᠵᠡᠭᠡᠷᠭᠡᠨᠡᠳᠦ᠎ᠶᠢᠨ ᠤᠷᠤᠢ᠎ᠳᠦ ᠲᠤᠷᠤᠢᠨ
ᠭᠠᠯᠪᠠ᠎ᠶᠢᠨ ᠪᠠᠭᠠᠳᠤᠷ ᠰᠢᠭ᠋ ᠬᠤᠯᠠ᠎ᠶᠢ ᠳᠤᠷᠠᠨᠳᠠᠨᠠ
ᠦᠳᠡ᠎ᠶᠢᠨ ᠳᠤᠯᠠᠭᠠᠨ᠎ᠳᠤ ᠭᠤᠤᠯ᠎ᠤᠨ ᠬᠠᠢᠷ ᠶᠠᠷᠬᠢᠯᠳᠤᠵᠦ
ᠦᠨᠳᠡᠭᠡᠨ ᠴᠢᠯᠠᠭᠤᠳ ᠬᠤᠨᠤᠭ᠎ᠤᠨ ᠵᠠᠢ᠎ᠳᠤ ᠦᠨᠳᠡᠯᠵᠡᠨ᠎ᠡ
ᠸᠸᠢ ᠬ᠍ᠤ ᠰᠦᠢ ᠯᠢᠩ᠎ᠢ ᠠᠶᠠᠯᠭᠤᠯᠠᠨ ᠠᠢᠰᠤᠬᠤ ᠨᠢ
ᠦᠭᠡᠳᠡᠩ ᠭᠤᠲᠤᠯ ᠲᠠᠢ ᠠᠢᠯ᠎ᠤᠨ ᠠᠬ᠎ᠠ ᠪᠤᠯᠪᠠ ᠤᠤ ?
ᠨᠠᠷᠬᠢᠳᠠᠭ᠎ᠤᠨ ᠨᠢᠭᠡᠨ ᠮᠠᠨᠢ ᠦᠷᠦᠭᠡ ᠭᠡᠷᠡᠯᠳᠦᠭᠦᠯᠵᠦ
ᠨᠠᠢᠷᠠᠭ ᠬᠡᠯᠡᠵᠦ ᠰᠠᠭᠤᠬᠤ ᠪᠠᠷ
ᠨᠠᠨᠳᠢᠨ ᠦᠭᠡᠰ᠎ᠦᠨ ᠬᠡᠯᠬᠢᠶ᠎ᠡ ᠨᠢ ᠰᠤᠪᠤᠳ ᠲᠠᠰᠤᠷᠠᠬᠤ ᠮᠡᠲᠦ
ᠪᠦᠳᠦᠨ ᠨᠠᠮᠤᠷ ᠨᠢ ᠬᠤᠷᠤᠭᠤᠨ ᠬᠡᠳᠦ ᠰᠢᠩᠭᠡᠨ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃