ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-30 11:40:06

ᠵᠣᠬᠢᠶᠠᠭ᠍ᠴᠢ᠄ ᠲᠡᠭ᠌ᠷᠢᠨᠠᠭᠤᠷ (ᠬᠦᠬᠡᠨᠠᠭᠣᠷ) ᠣᠩᠱᠢᠭ᠍ᠰᠠᠨ ᠣᠳᠠᠭ᠎ᠠ᠄ 3

ᠨᠠᠮᠤᠷ ᠭᠡᠵᠤ

ᠡᠪᠦᠳᠦᠭ ᠰᠢᠭᠦᠷᠡᠮ᠎ᠡ ᠨᠠᠪᠴᠢ ᠴᠡᠴᠡᠭᠡᠰ ᠨᠢ

ᠦᠩᠭᠡ ᠪᠡᠨ ᠰᠢᠵᠢᠷᠳᠠᠭᠦᠯᠦᠭᠰᠡᠨ ᠠᠯᠳᠠᠨ ᠴᠠᠭ

ᠡᠪᠦᠭᠡᠳ ᠨᠠᠰᠤᠳᠠᠢᠴᠤᠳ ᠤ᠋ᠨ ᠵᠤᠭᠤᠭ ᠠᠷᠪᠢᠳᠣᠭᠰᠠᠨ

ᠲᠤᠮᠤᠭ ᠤ᠋ᠨ ᠭᠢ ᠶᠤᠮᠰᠢᠭ᠋ ᠪᠠᠶᠠᠯᠢᠭ᠋ ᠡᠷᠢᠨ


ᠨᠠᠮᠤᠷ ᠭᠡᠵᠤ

ᠦᠳᠭᠡᠨ ᠰᠢᠷᠭᠠᠯ ᠲᠠᠷᠢᠶ᠎ᠠ ᠨᠢ ᠲᠤᠯᠤᠭᠠᠢ ᠲᠤᠭᠢᠯᠵᠠᠭᠤᠯᠤᠭᠰᠠᠨ

ᠦᠩ ᠰᠢᠮᠡᠯᠢᠭ ᠭᠦᠷᠦᠰᠦ ᠰᠢᠷᠤᠢ ᠳ᠋ᠤ᠌ ᠪᠤᠳᠤᠭ ᠤᠷᠤᠭᠰᠠᠨ ᠰᠢᠭ᠋

ᠦᠨᠢᠶᠡᠨ ᠵᠡᠯᠡᠨ ᠳ᠋ᠤ᠌ ᠰᠦ ᠴᠠᠯᠭᠢᠯᠠᠭᠤᠯᠤᠭᠰᠠᠨ ᠡᠵᠢ ᠶ᠋ᠢᠨ

ᠰᠠᠴᠤᠯᠢ ᠶ᠋ᠢᠨ ᠤᠶᠠᠩᠭ᠎ᠠ ᠲᠠᠢ ᠢᠪᠡᠭᠡᠯ ᠤ᠋ᠨ ᠮᠦᠴᠡ


ᠨᠠᠮᠤᠷ ᠭᠡᠵᠤ

ᠭᠢᠷᠠᠭᠤ ᠪᠠᠭᠤᠭᠰᠠᠨ ᠰᠡᠷᠢᠭᠦᠭᠡᠨ ᠠᠮᠢᠰᠬᠤᠯ ᠤ᠋ᠨ ᠲᠠᠯᠠᠯᠭ᠎ᠠ ᠲᠠᠢ

ᠭᠢᠷ᠎ᠡ ᠶ᠋ᠢᠨ ᠤᠷᠤᠢ ᠪᠡᠷ ᠴᠠᠢᠷᠠᠮ᠎ᠠ ᠦᠩᠭᠡ ᠲᠤᠭᠳᠠᠭᠰᠠᠨ

ᠭᠡᠴᠡ ᠶ᠋ᠢᠨ ᠭᠦᠨᠳᠡᠢ ᠶ᠋ᠢᠨ ᠨᠠᠮᠤᠭ ᠵᠢᠯᠠᠭ᠎ᠠ ᠪᠡᠷ

ᠨᠡᠭᠦᠳᠡᠯ ᠤ᠋ᠨ ᠴᠤᠪᠤᠭ᠎ᠠ ᠡᠭᠦᠯᠢᠰᠢᠭᠭᠡᠨ ᠨᠡᠭᠦᠭᠰᠡᠨ ᠠᠶᠠᠨ


ᠨᠠᠮᠤᠷ ᠭᠡᠵᠤ

ᠰᠡᠮᠡᠵᠡᠨ ᠡᠭᠦᠯᠡᠰ ᠤᠷᠴᠢᠯ ᠤ᠋ᠨ ᠵᠠᠮᠨᠠᠯ ᠢ᠋ᠶ᠋ᠠᠷ ᠭᠦᠪᠦᠯᠵᠡᠭᠰᠡᠨ

ᠨᠡᠭᠦᠳᠡᠯ ᠢ᠋ᠶ᠋ᠠᠷ ᠤᠶᠠᠰᠬᠤ ᠤᠳᠤᠷ ᠤ᠋ᠨ ᠪᠠᠭᠤᠴᠠ ᠠᠯᠳᠠᠯᠠᠭᠰᠠᠨ

ᠰᠡᠮᠭᠡᠨ ᠤᠨᠠᠬᠤ ᠨᠠᠪᠴᠢᠰ ᠤ᠋ᠨ ᠭᠦᠭ ᠢ᠋ᠶ᠋ᠠᠷ

ᠰᠡᠷᠢᠭᠦᠨ ᠰᠠᠯᠭᠢ ᠪᠡᠨ ᠠᠷᠭᠠᠳᠠᠭᠰᠠᠨ ᠰᠠᠢᠬᠠᠨ ᠮᠦᠴᠡ


ᠨᠠᠮᠤᠷ ᠭᠡᠵᠤ

ᠨᠠᠪᠴᠢᠰ ᠤ᠋ᠨ ᠭᠡᠢᠰᠭᠦ ᠶ᠋ᠢ ᠲᠠᠭᠠᠯᠳᠤᠨ ᠪᠤᠳᠤᠯ ᠬᠤᠯᠠᠳᠴᠤ

ᠨᠠᠷᠠᠨ ᠤ᠋ ᠪᠤᠴᠠᠯᠳᠠ ᠶ᠋ᠢᠨ ᠵᠠᠮ ᠢ᠋ ᠮᠦᠷᠳᠡᠭᠰᠡᠨ

ᠨᠠᠮᠠᠢ᠍ᠢ ᠴᠢᠮᠡᠢ᠍ᠢ ᠰᠠᠨᠠᠭᠳᠠᠭᠤᠯᠤᠭᠰᠠᠨ ᠲᠤᠷᠠᠳᠬᠠᠯ ᠤ᠋ᠨ ᠮᠦᠷ

ᠨᠠᠰᠤᠨ ᠠ᠋ᠴᠠ ᠨᠠᠰᠤᠨ ᠳ᠋ᠤ᠌ ᠮᠢᠨᠢ ᠮᠦᠩᠭᠡ ᠤᠷᠤᠰᠢᠬᠤ ᠬᠤᠷᠤᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面