2026-09-30 11:35:31
ᠨᠠᠮᠤᠷ ᠢ᠋ ᠲᠠᠭᠤᠳᠠᠵᠤ ᠪᠢ
ᠨᠠᠪᠴᠢᠨ ᠳ᠋ᠤ᠌ ᠰᠢᠯᠦᠭ ᠪᠢᠴᠢᠨ᠎ᠡ ᠡ
ᠢᠷᠡᠵᠤ ᠪᠤᠢ ᠴᠠᠭ ᠤ᠋ᠨ ᠠᠨᠢᠷ ᠢ᠋ᠶ᠋ᠠᠷ
ᠨᠠᠷᠠᠨᠤ ᠪᠤᠳᠤᠭ ᠨᠢ ᠨᠠᠪᠴᠢᠨ ᠳ᠋ᠤ᠌ ᠲᠦᠷᠢᠵᠤ ᠤᠨᠠᠨ᠎ᠠ ᠡ
ᠶᠠᠯᠢᠩ ᠮᠦᠩᠬᠦᠨ ᠰᠠᠷᠠᠨᠤ ᠰᠦᠨ ᠲᠤᠶᠠᠭ᠎ᠠ ᠶ᠋ᠢ ᠠᠮᠰᠠᠵᠤ
ᠢᠷᠠᠭᠤ ᠨᠠᠢᠷᠠᠭ ᠨᠠᠮᠤᠷ ᠤ᠋ᠨ ᠵᠢᠮᠢᠰ ᠮᠡᠳᠤ ᠪᠤᠯᠪᠠᠰᠤᠷᠠᠨ᠎ᠠ ᠡ
ᠨᠠᠮᠤᠷ ᠢ᠋ ᠲᠠᠭᠤᠳᠠᠵᠤ ᠪᠢ
ᠲᠠᠯ᠎ᠠ ᠶ᠋ᠢᠨ ᠡᠪᠡᠰᠤᠨ ᠳ᠋ᠤ᠌ ᠰᠢᠯᠦᠭ ᠪᠢᠴᠢᠨ᠎ᠡ ᠡ
ᠢᠷᠡᠵᠤ ᠪᠤᠢ ᠠᠢᠰᠤᠢ ᠤᠯᠠᠷᠢᠯ ᠤ᠋ᠨ ᠠᠶᠠᠯᠭᠤᠨ ᠢ᠋ᠶ᠋ᠠᠷ
ᠭᠡᠭᠡᠯᠵᠡᠵᠤ ᠪᠤᠢ ᠬᠢᠯᠭᠠᠨ᠎ᠠ ᠶ᠋ᠢᠨ ᠨᠠᠮᠠᠭᠠᠨ ᠡᠴᠡ ᠲᠤᠰᠤ ᠲᠠᠭᠠᠭᠠᠪᠤᠷᠢᠯᠠᠨᠠ
ᠢᠷᠠᠭᠤ ᠨᠠᠢᠷᠠᠭ ᠦᠷᠦᠮ᠎ᠡ ᠲᠤᠰᠤᠨᠤ ᠱᠠᠩᠳᠠᠭᠤᠨ ᠦᠨᠦᠷ ᠲᠤ᠌ ᠪᠢᠯᠠᠭᠤᠷᠠᠵᠤ
ᠦᠭᠡᠬᠦᠨ ᠰᠦᠷᠦᠭ ᠮᠡᠳᠤ ᠰᠢᠯᠦᠭ ᠤ᠋ᠨ ᠦᠭᠡᠰ ᠪᠦᠮᠪᠦᠷᠢᠨ᠎ᠡ ᠡ
ᠨᠠᠮᠤᠷ ᠢ᠋ ᠲᠠᠭᠤᠳᠠᠵᠤ ᠪᠢ
ᠲᠠᠭᠠᠨ᠎ᠠ ᠶ᠋ᠢᠨ ᠴᠠᠭᠠᠨ ᠴᠡᠴᠡᠭ ᠲᠤ᠌ ᠰᠢᠯᠦᠭ ᠪᠢᠴᠢᠨ᠎ᠡ ᠡ
ᠢᠷᠡᠵᠤ ᠪᠤᠢ ᠠᠢᠰᠤᠢ ᠮᠦᠴᠡ ᠶ᠋ᠢᠨ ᠦᠩᠬᠡ ᠪᠡᠷ
ᠪᠦᠵᠢᠵᠤ ᠪᠤᠢ ᠡᠷᠢᠶᠡᠨ ᠪᠠᠩᠵᠠᠯᠳᠤ ᠡᠷᠪᠡᠬᠡᠢ ᠲᠦᠷᠬᠦᠮ ᠳ᠋ᠡᠭᠡᠨ ᠦᠳᠡᠯᠦᠨ᠎ᠡ
ᠢᠷᠠᠭᠤ ᠨᠠᠢᠷᠠᠭ ᠪᠠᠭᠪᠠᠭᠠᠢ ᠴᠡᠴᠡᠭ ᠤ᠋ᠨ ᠦᠳᠦᠨ ᠮᠠᠯᠠᠭᠠᠢ ᠵᠡᠬᠦᠵᠤ
ᠶᠡᠬᠡ ᠲᠠᠯ᠎ᠠ ᠶ᠋ᠢᠨ ᠠᠨᠢᠷ ᠬᠦᠮ ᠳ᠋ᠤ᠌ ᠦᠵᠡᠰᠭᠦᠯᠡᠩ ᠪᠤᠯᠵᠤ ᠴᠡᠴᠡᠭᠯᠡᠨ᠎ᠡ ᠡ
ᠨᠠᠮᠤᠷ ᠢ᠋ ᠲᠠᠭᠤᠳᠠᠵᠤ ᠪᠢ
ᠲᠤᠷᠤᠨ᠎ᠠ ᠶ᠋ᠢᠨ ᠴᠠᠭᠠᠨ ᠰᠠᠷᠠᠨ ᠳ᠋ᠤ᠌ ᠰᠢᠯᠦᠭ ᠪᠢᠴᠢᠨ᠎ᠡ ᠡ
ᠢᠷᠡᠵᠤ ᠪᠤᠢ ᠤᠩᠭᠤᠨ ᠮᠡᠳᠡᠷᠡᠮᠵᠢ ᠶ᠋ᠢᠨ ᠬᠡᠷᠡᠯ ᠢ᠋ᠶ᠋ᠠᠷ
ᠶᠡᠬᠡ ᠡᠷᠳᠡᠨᠤ ᠬᠡᠬᠡᠷ᠎ᠡ ᠲᠠᠯ᠎ᠠ ᠳ᠋ᠤ᠌ ᠤᠩᠭᠤᠳ ᠦᠦᠷᠰᠡᠨ᠎ᠡ
ᠢᠷᠠᠭᠤ ᠨᠠᠢᠷᠠᠭ ᠪᠠᠳᠤᠴᠠᠭᠠᠨᠤ ᠨᠠᠪᠴᠢ ᠰᠢᠭ᠋ ᠴᠢᠰ ᠤᠯᠠᠢᠵᠤ
ᠶᠡᠬᠡ ᠠᠷᠰᠢ ᠶ᠋ᠢᠨ ᠰᠡᠷᠬᠤᠳ ᠤ᠋ᠨ ᠦᠨᠦᠷ ᠨᠢ ᠬᠠᠩᠬᠤᠯᠣᠨᠠ ᠡ
ᠨᠠᠮᠤᠷ ᠢ᠋ ᠲᠠᠭᠤᠳᠠᠵᠤ ᠪᠢ
ᠠᠮᠠᠷᠠᠭ ᠲᠡᠬᠦᠨ ᠳ᠋ᠡᠭᠡᠨ ᠰᠢᠯᠦᠭ ᠪᠢᠴᠢᠨ᠎ᠡ ᠡ
ᠢᠷᠡᠵᠤ ᠪᠤᠢ ᠨᠢᠭᠤᠴᠠᠬᠠᠨ ᠰᠡᠳᠬᠢᠯ ᠤ᠋ᠨ ᠡᠮᠵᠡᠭᠬᠡᠨ ᠲᠤᠷᠠᠯᠠᠯ ᠢ᠋ᠶ᠋ᠠᠷ
ᠬᠤᠵᠢᠮᠳᠠᠭᠰᠠᠨ ᠬᠠᠢᠷ᠎ᠠ ᠶ᠋ᠢᠨ ᠬᠠᠷᠠᠭᠤᠰᠣᠯ ᠤ᠋ᠨ ᠮᠠᠨᠠᠨ ᠳ᠋ᠤ᠌ ᠲᠦᠭᠡᠷᠢᠨ᠎ᠡ
ᠢᠷᠠᠭᠤ ᠨᠠᠢᠷᠠᠭ ᠭᠠᠭᠴᠠᠭᠠᠷᠳᠠᠯ ᠤ᠋ᠨ ᠮᠤᠳᠤᠨ ᠳ᠋ᠤ᠌ ᠬᠡᠨᠵᠡ ᠰᠢᠪᠠᠭᠤ ᠮᠡᠳᠤ ᠭᠤᠨᠢᠭ᠍ᠳᠠᠢ ᠡᠭᠡᠰᠢᠭᠯᠡᠭᠡᠳ
ᠶᠠᠭᠠᠬᠢᠬᠤ ᠪᠠᠨ ᠤᠯᠬᠤ ᠦᠭᠡᠢ ᠽᠠᠮᠪᠦᠯᠢᠩ ᠶᠠᠪᠤᠬᠤ ᠵᠠᠮ ᠦᠭᠡᠢ ᠲᠠᠪᠴᠢᠭᠤᠳᠠᠨᠠ ᠡ
ᠨᠠᠮᠤᠷ ᠢ᠋ ᠲᠠᠭᠤᠳᠠᠵᠤ ᠪᠢ
ᠢᠵᠢᠢ ᠳ᠋ᠡᠬᠡᠨ ᠰᠢᠯᠦᠭ ᠪᠢᠴᠢᠨ᠎ᠡ ᠡ
ᠢᠷᠡᠵᠤ ᠪᠤᠢ ᠤᠢᠳᠡᠢ ᠤᠯᠠᠷᠢᠯ ᠤ᠋ᠨ ᠦᠩᠬᠡ ᠪᠡᠷ
ᠶᠡᠬᠡ ᠬᠠᠢᠷ᠎ᠠ ᠶ᠋ᠢᠨ ᠰᠢᠳᠦᠬᠡᠨᠤ ᠮᠢᠨᠢ ᠬᠡᠵᠢᠬᠡᠨ ᠳ᠋ᠤ᠌ ᠴᠠᠭᠠᠨ ᠰᠤᠷ ᠨᠡᠮᠡᠨ᠎ᠡ
ᠢᠷᠠᠭᠤ ᠨᠠᠢᠷᠠᠭ ᠭᠡᠷᠡᠯ ᠨᠢ ᠬᠠᠷᠢᠭ᠍ᠰᠠᠨ ᠢᠵᠢᠢ ᠶ᠋ᠢᠨ ᠨᠢᠳᠤᠨ ᠨᠠᠭᠤᠷ ᠲᠤ᠌
ᠨᠠᠮᠤᠷ ᠤ᠋ᠨ ᠰᠢᠪᠠᠭᠤ ᠮᠡᠳᠤ ᠡᠷᠬᠢᠴᠡᠵᠤ
ᠪᠤᠳᠤᠷᠤᠤᠯ ᠰᠢᠭ᠋ ᠨᠠᠪᠴᠢ ᠮᠤᠳᠤᠨ ᠡᠴᠡ ᠲᠠᠰᠤᠷᠠᠬᠤ ᠮᠡᠳᠤ
ᠪᠤᠷᠬᠠᠨᠤ ᠲᠡᠢᠳᠡᠢ ᠢᠵᠢᠢ ᠳ᠋ᠡᠭᠡᠨ ᠨᠠᠰᠤᠨ ᠬᠤᠳᠤᠭ ᠭᠤᠶᠤᠨ᠎ᠠ ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃