2026-09-30 11:47:56
ᠦᠷ᠎ᠡ ᠶ᠋ᠢᠨ ᠰᠡᠭᠦᠯ ᠦᠷᠡᠯᠡᠴᠢᠬᠡᠵᠠᠢ᠂ ᠡᠵᠢ ᠡ
ᠪᠢᠳᠡ ᠦᠷ᠎ᠡ ᠵᠢ ᠨᠢ ᠲᠡᠭᠦᠵᠦ ᠢᠳᠡᠪᠡᠯ
ᠦᠪᠡᠷ ᠴᠢᠨᠢ ᠰᠢᠭ ᠲᠣᠮᠣ᠌ ᠪᠣᠯᠣᠨ᠎ᠠ ᠪᠢᠵᠡ ᠬᠡᠵᠦ
ᠦᠷᠪᠦᠭᠡᠷ ᠬᠦᠭᠡᠷᠦᠬᠦᠨ ᠳᠡᠭᠳᠡᠭᠡᠬᠡᠢ ᠨᠦ᠍ᠭᠦᠳ
ᠦᠷᠦᠪᠴᠢᠬᠡᠨ ᠡᠵᠢ ᠳ᠋ᠡᠭᠡᠨ ᠱᠤᠯᠤᠭᠠᠨᠠᠨ᠎ᠠ
ᠦᠴᠦᠭᠡᠳᠦᠷᠬᠡᠨ ᠰᠠᠶᠢ ᠠᠭᠠᠭᠢᠮ᠎ᠠ ᠵᠤᠨ ᠪᠠᠢᠭᠰᠠᠨ
ᠦᠷ᠎ᠡ ᠶ᠋ᠢᠨ ᠶ᠋ᠢᠡᠨ ᠴᠠᠩᠭᠠᠭ᠎ᠠ ᠶ᠋ᠢ ᠲᠠᠢᠯᠬᠣ᠌ ᠬᠡᠵᠦ
ᠦᠷᠯᠦᠭᠡ ᠡᠷᠲᠡ ᠶ᠋ᠢᠨ ᠰᠢᠭᠦᠳᠡᠷᠢ ᠲᠠᠢ ᠡᠪᠡᠰᠦ ᠶ᠋ᠢ
ᠨᠢᠭᠡ ᠨᠢᠭᠡ ᠪᠠᠷ ᠵᠦᠭᠡᠭᠡᠵᠦ ᠠᠮᠠᠨ ᠳ᠋ᠦ᠍ᠨᠢ ᠡᠮᠬᠦᠭᠦᠯᠵᠦ ᠪᠠᠢᠭᠰᠠᠨ
ᠡᠬᠡ ᠶ᠋ᠢᠨ ᠰᠡᠳᠭᠢᠯ ᠠᠮᠣᠷ ᠲᠠᠢᠪᠣᠩ ᠪᠠᠢᠭᠰᠠᠨ
ᠦᠷ ᠤ᠋ᠨ ᠵᠢᠪᠡᠷ ᠰᠠᠷ ᠰᠠᠷ ᠦᠯᠢᠶᠡᠭᠡᠳ
ᠦᠷᠡᠰ ᠢ᠋ ᠮᠢᠨᠢ ᠵᠢᠡᠭᠭᠢᠨᠡᠭᠦᠯᠴᠢᠬᠡᠬᠦ ᠪᠤᠢ ᠬᠡᠵᠦ
ᠦᠳᠦᠨ ᠵᠢᠭᠦᠷ ᠶ᠋ᠢᠡᠷ ᠶ᠋ᠢᠡᠨ ᠬᠠᠯᠬᠠᠯᠠᠵᠤ ᠰᠢᠦ ᠬᠡᠵᠦ
ᠡᠷᠦᠬᠡ ᠪᠠᠨ ᠲᠠᠲᠠᠬᠤ ᠳ᠋ᠦ᠍ ᠨᠠᠷᠠᠪᠴᠢᠨ ᠳᠡᠭᠡᠷ᠎ᠡ
ᠦᠷᠦᠭᠡᠯ ᠨᠢᠭᠡᠨ ᠳ᠋ᠦ᠍ ᠡᠬᠡ ᠪᠣᠯᠵᠣᠮᠣᠷ ᠦᠭᠦᠯᠡᠨᠠ
ᠴᠠᠭ ᠬᠣᠭᠣᠴᠠᠭᠠᠨ ᠤ᠋ ᠲᠡᠭᠦᠰ ᠲᠡᠭᠦᠯᠳᠡᠷ ᠢ᠋
ᠴᠠᠭ ᠤ᠋ᠨ ᠰᠢᠪᠠᠭᠣᠳ ᠪᠠᠰᠠ ᠠᠶᠠᠯᠳᠤᠨ ᠪᠠᠬᠠᠲᠣᠨᠠ
ᠢᠷᠡᠬᠦ ᠴᠠᠭ ᠬᠣᠭᠣᠴᠠᠭ᠎ᠠ ᠯᠠ
ᠡᠨᠡ ᠰᠠᠢᠬᠠᠨ ᠢ᠋ ᠡᠬᠢᠯᠡᠵᠦ ᠵᠢᠷᠣᠨ᠎ᠠ
ᠶᠠᠭ ᠣᠳᠣ᠌ ᠨᠠᠮᠣᠷ ᠢᠷᠡᠭᠦᠢ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃