2026-09-30 11:20:53
ᠨᠠᠮ ᠨᠠᠮᠤᠭᠤᠬᠠᠨ ᠲᠥᠪ ᠳᠥᠯᠭᠡᠬᠡᠨ ᠨᠠᠭᠤᠷ ᠴᠦᠭᠦᠷᠦᠮ᠎ᠦᠨ ᠲᠠᠯᠮᠢᠶᠠᠷᠠᠬᠤ ᠨᠢ
ᠨᠠᠭᠠᠨ᠎ᠠ ᠨᠢ ᠭᠠᠩᠭᠠᠨᠠᠯᠳᠤᠬᠤ ᠭᠠᠯᠠᠭᠤᠳᠠᠴᠠᠪᠠᠨ ᠰᠠᠯᠵᠤ ᠶᠠᠳᠠᠭᠠ ᠰᠢᠭ᠋
ᠨᠠᠳᠠ᠎ᠠᠴᠠ ᠬᠣᠯᠠᠳᠬᠤ ᠮᠦᠴᠡᠰ᠎ᠢᠶᠡᠨ ᠣᠰᠣᠨ᠎ᠳᠤᠨᠢ ᠰᠢᠪᠡᠨᠡᠵᠦ ᠣᠷᠬᠢᠭᠠᠳ
ᠨᠠᠮᠤᠷ᠎ᠢ ᠪᠢ ᠵᠢᠷᠤᠭ ᠪᠣᠯᠭᠠᠵᠤ ᠵᠢᠷᠦᠬᠡᠨ ᠲᠣᠯᠲᠤᠨᠳᠠᠭᠠᠨ ᠰᠡᠢᠯᠥᠯᠡ
ᠰᠡᠪ ᠰᠡᠷᠢᠭᠦᠬᠡᠨ ᠵᠥᠪ ᠵᠥᠭᠡᠯᠡᠬᠡᠨ ᠤᠷᠢᠬᠠᠨ ᠰᠠᠯᠬᠢ ᠢᠯᠪᠢᠬᠦ ᠨᠢ
ᠰᠡᠳᠬᠢᠯ᠎ᠢ ᠭᠡᠵᠢᠭᠡᠳᠡᠬᠦ ᠮᠥᠷᠥᠭᠡᠳᠦᠯ᠎ᠢ ᠮᠢᠨᠢ ᠵᠤᠨ ᠲᠡᠢᠰᠢ ᠬᠠᠶᠢᠭ᠍ᠯᠠᠭᠤᠯᠤᠨᠠ
ᠰᠡᠮᠡᠵᠡᠨ ᠴᠠᠭᠠᠨ ᠡᠭᠦᠯᠡᠰ᠎ᠲᠦ ᠵᠠᠬᠢᠶ᠎ᠠ᠎ᠪᠠᠨ ᠰᠡᠮᠡᠭᠡᠷ ᠳᠠᠮᠵᠢᠭᠤᠯᠤᠭᠠᠳ
ᠨᠠᠮᠤᠷ᠎ᠢ ᠪᠢ ᠨᠠᠪᠴᠢᠰ ᠪᠣᠯᠭᠠᠵᠤ ᠲᠡᠮᠳᠡᠭᠯᠡᠯ᠎ᠦᠨ ᠵᠠᠪᠰᠠᠷ᠎ᠢᠶᠠᠨ ᠬᠠᠳᠠᠭᠠᠯᠠᠯ᠎ᠠ
ᠠᠨᠢᠷ ᠦᠭᠡᠢ ᠴᠢᠮᠡᠭᠡ ᠥᠭᠡᠢᠬᠡᠨ ᠰᠢᠷᠭᠠᠯ ᠪᠥᠷᠥᠢ ᠳᠣᠯᠤᠩᠳᠠᠬᠤ ᠨᠢ
ᠠᠯᠤᠰ᠎ᠠᠴᠠ ᠠᠯᠢᠶᠠᠯᠠᠨ ᠢᠷᠡᠬᠦ ᠴᠢᠨᠤᠬᠢ ᠬᠠᠴᠠᠷ᠎ᠤᠨ ᠲᠤᠶᠠᠭᠠᠷᠠᠯ ᠰᠢᠭ᠋
ᠠᠢᠵᠠᠮ ᠨᠡᠢᠯᠡᠭᠦᠯᠬᠦ ᠭᠦᠷᠡᠯᠵᠡᠭᠡᠨ᠎ᠡ᠎ᠶᠢᠨ ᠳᠠᠭᠤᠨ᠎ᠳᠤ ᠨᠣᠲ ᠢ᠋ᠶ᠋ᠠᠨ ᠰᠢᠩᠭᠡᠭᠡᠳ
ᠨᠠᠮᠤᠷ᠎ᠢ ᠪᠢ ᠥᠳᠡᠰᠢ᠎ᠶᠢᠨ ᠴᠢᠯᠥᠭᠡ ᠲᠠᠢ ᠨᠢ ᠭᠤᠨᠢᠭ᠋᠎ᠲᠠᠭᠠᠨ ᠪᠠᠭᠯᠠᠵᠤ ᠬᠠᠷᠮᠠᠯᠠᠯᠠ
ᠰᠠᠨᠠᠭᠠᠨ᠎ᠳᠤ ᠦᠭᠡᠢ ᠣᠪᠠᠢᠨᠳᠤ ᠦᠭᠡᠢ ᠪᠤᠷᠤᠭᠠᠨ ᠭᠡᠨᠡᠳᠲᠡ ᠠᠰᠬᠠᠷᠠᠬᠤ ᠨᠢ
ᠰᠠᠷ᠎ᠠ ᠲᠠᠢ ᠰᠦᠨᠢ᠎ᠪᠡᠷ ᠵᠡᠭᠦᠳᠦᠯᠡᠬᠦ ᠲᠡᠷᠡ ᠵᠢᠯ᠎ᠦᠨ ᠤᠴᠠᠷᠠᠯ ᠰᠢᠭ᠋
ᠱᠠᠭᠢᠲᠠᠯᠠ ᠣᠷᠣᠬᠤ ᠵᠦᠰᠡᠷᠡᠭᠡᠨᠳᠦᠨᠢ ᠨᠢᠯᠪᠤᠰᠤ᠎ᠪᠠᠨ ᠬᠠᠮᠲᠤ ᠳ᠋ᠤᠨᠢ ᠠᠭᠤᠰᠬᠠᠭᠠᠳ
ᠨᠠᠮᠤᠷ᠎ᠢ ᠪᠢ ᠬᠢᠷᠠᠭᠤ ᠪᠣᠯᠭᠠᠨ ᠰᠠᠨᠴᠢᠭ᠋ᠲᠠᠭᠠᠨ ᠨᠠᠭᠠᠵᠤ ᠴᠠᠢᠷᠠᠭᠤᠯᠤᠯᠠ
ᠤᠷᠤᠰᠬᠤ ᠰᠢᠭ᠋ ᠳᠠᠪᠬᠢᠬᠤ ᠰᠢᠭ᠋ ᠡᠳᠦᠷ ᠬᠣᠨᠤᠭ ᠡᠭᠡᠯᠵᠢᠯᠡᠬᠦ ᠨᠢ
ᠣᠨ᠎ᠢ ᠬᠣᠯᠪᠣᠵᠤ ᠬᠠᠷᠪᠣᠭᠰᠠᠨ ᠥᠳᠦᠲᠥ ᠵᠡᠪᠡ ᠰᠢᠭ
ᠤᠬᠤᠷᠢᠵᠤ ᠪᠣᠴᠠᠳᠠᠭ ᠦᠭᠡᠢ ᠡᠷᠴᠢᠨ ᠳᠡᠭᠡᠷ᠎ᠡ ᠨᠢ ᠬᠣᠷᠸ᠎ᠠ ᠵᠣᠬᠢᠴᠠᠳᠠᠭ᠎ᠤᠨ ᠤᠴᠢᠷ
ᠨᠠᠮᠤᠷ᠎ᠢ ᠪᠢ ᠬᠤᠨᠳᠠᠭᠠᠳᠤ ᠬᠡᠮᠨᠡᠨ ᠨᠠᠢᠷᠠᠭ ᠠᠮᠰᠠᠨ ᠰᠣᠭᠲᠣᠯᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃