ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-09-30 11:46:12

ᠵᠣᠬᠢᠶᠠᠭ᠍ᠴᠢ᠄ ᠮᠠᠨᠳᠤᠬᠤ ᠣᠩᠱᠢᠭ᠍ᠰᠠᠨ ᠣᠳᠠᠭ᠎ᠠ᠄ 3

ᠭᠦᠢᠯᠡᠷ᠎ᠦᠨ ᠤᠰᠤ ᠤᠯᠠᠮ ᠲᠤᠩᠭᠠᠯᠠᠭᠰᠢᠭᠠᠳ

ᠡᠭᠦᠯᠡᠰ᠂ ᠳᠣᠲᠤᠷ᠎ᠠ ᠨᠢ ᠤᠮᠪᠠᠵᠤ ᠬᠠᠢᠷ᠎ᠠ᠎ᠶᠢ ᠳᠠᠭᠤᠯᠠᠨ᠎ᠠ

ᠳᠡᠨᠵᠢᠨ᠎ᠳᠦᠨᠢ ᠵᠣᠰᠠᠭᠰᠠᠨ ᠬᠤᠨ ᠨᠤᠭᠤᠳ ᠭᠠᠩᠭᠠᠨᠠᠯᠳᠤᠨ ᠭᠠᠩᠭᠠᠨᠠᠯᠳᠤᠭᠰᠠᠭᠠᠷ

ᠲᠡᠷᠲᠡᠭᠡ ᠲᠡᠭᠷᠢ᠎ᠶᠢ ᠵᠣᠷᠢᠨ ᠤᠳᠬᠤ ᠨᠢ ᠬᠠᠢᠷ᠎ᠠ᠎ᠶᠢ ᠬᠥᠯᠭᠡᠯᠡᠭᠡᠳ ᠨᠢᠰᠬᠦ ᠮᠡᠲᠦ

ᠲᠡᠷᠡ ᠬᠠᠢᠷ᠎ᠠ ᠨᠢ ᠰᠡᠳᠭᠢᠯ᠎ᠳᠦ ᠰᠢᠪᠠᠭᠤ ᠪᠣᠯᠵᠤ ᠵᠢᠷᠭᠢᠭᠡᠳ

ᠳᠠᠷᠠᠭ᠎ᠠ ᠬᠠᠪᠤᠷ ᠢᠷᠭᠤᠢ ᠰᠢᠭ᠋ ᠴᠡᠩᠭᠡᠷᠯᠡᠨ ᠢᠷᠡᠨ᠎ᠡ


《ᠨᠤᠭᠤᠨᠵᠠᠶᠠᠭ᠎ᠠ》 ᠤᠯᠠᠮ ᠤᠶᠠᠷᠠᠭᠤᠨ ᠨᠠᠮᠢᠷᠠᠭᠠᠳ

ᠮᠣᠷᠢ᠂ ᠳᠣᠲᠤᠷ᠎ᠠ ᠨᠢ ᠦᠦᠷᠰᠡᠵᠦ ᠬᠠᠢᠷ᠎ᠠ᠎ᠶᠢ ᠴᠢᠪᠬᠠᠳᠠᠨ᠎ᠠ

ᠡᠭᠡᠰᠢᠭ᠎ᠲᠦᠨᠢ ᠰᠣᠭᠳᠤᠭᠤᠷᠠᠭᠰᠠᠨ ᠤᠰᠤᠨ᠎ᠤ ᠵᠠᠮᠠᠭ᠎ᠤᠳ ᠤᠶᠠᠷᠠᠨ ᠤᠶᠠᠷᠠᠭᠰᠠᠭᠠᠷ

ᠤᠯᠠᠷᠢᠯ᠎ᠢ ᠮᠠᠷᠲᠠᠨ ᠨᠣᠭᠤᠭᠠᠷᠠᠬᠤ ᠨᠢ ᠬᠠᠢᠷ᠎ᠠ᠎ᠶᠢ ᠲᠡᠪᠡᠷᠢᠭᠡᠳ ᠤᠷᠭᠤᠬᠤ ᠮᠡᠲᠦ

ᠲᠡᠷᠡ ᠬᠠᠢᠷ᠎ᠠ ᠨᠢ ᠰᠡᠳᠭᠢᠯ᠎ᠳᠦ ᠸᠠᠩᠰᠠᠮᠪᠠᠷᠤ ᠴᠡᠴᠡᠭ ᠪᠣᠯᠵᠤ ᠳᠡᠯᠭᠡᠷᠡᠭᠡᠳ

ᠲᠣᠯᠲᠣ᠌ ᠵᠢᠷᠦᠬᠡᠨ᠎ᠳᠦ ᠭᠠᠯ ᠰᠢᠭ᠋ ᠪᠠᠳᠮᠠᠯᠠᠨ ᠠᠰᠠᠨ᠎ᠠ


ᠪᠠᠶᠠᠠᠵᠢᠷᠦᠬᠡ᠎ᠶᠢᠨ ᠪᠠᠲᠤᠴᠠᠭᠠᠨ ᠤᠯᠠᠮ ᠤᠯᠠᠢᠭᠠᠳ

ᠨᠠᠷᠠ᠂ ᠳᠣᠲᠤᠷ᠎ᠠ ᠨᠢ ᠤᠮᠪᠠᠵᠤ ᠬᠠᠢᠷ᠎ᠠ᠎ᠶᠢ ᠳᠦᠷᠡᠯᠵᠡᠭᠦᠯᠦᠨ᠎ᠡ

ᠰᠦᠨᠡᠰᠦᠨ᠎ᠳᠦᠨᠢ ᠠᠰᠠᠭᠰᠠᠨ ᠢᠷᠠᠭᠤ ᠨᠠᠢᠷᠠᠭ ᠳᠠᠭᠤᠯᠠᠨ ᠳᠠᠭᠤᠯᠠᠭᠰᠠᠭᠠᠷ

ᠶᠠᠩᠵᠢᠨᠯᠾᠠᠮᠤ ᠶ᠋ᠢ ᠭᠡᠷᠡᠯᠳᠦᠭᠦᠯᠦᠨ ᠮᠠᠨᠳᠤᠬᠤ ᠨᠢ ᠬᠠᠢᠷ᠎ᠠ᠎ᠶᠢ ᠲᠤᠩᠬᠠᠭᠯᠠᠭᠠᠳ ᠴᠡᠩᠭᠡᠷᠯᠡᠬᠦ ᠮᠡᠲᠦ

ᠲᠡᠷᠡ ᠬᠠᠢᠷ᠎ᠠ ᠨᠢ ᠰᠡᠳᠭᠢᠯ᠎ᠳᠦ ᠳᠠᠭᠤᠤ ᠪᠣᠯᠵᠤ ᠤᠶᠠᠩᠭᠠᠷᠠᠭᠠᠳ

ᠲᠡᠭᠷᠢᠯᠢᠭ ᠨᠤᠲᠤᠭ ᠵᠠᠰᠠᠭᠲᠤ᠎ᠳ᠋ᠦ ᠮᠢᠨᠢ ᠠᠮᠢᠳᠤᠷᠠᠯ ᠪᠤᠴᠠᠯᠭᠠᠨ᠎ᠠ


ᠠᠪᠤ᠎ᠶᠢᠨ ᠭᠡᠷ᠎ᠦᠨ ᠪᠠᠭᠤᠷᠢ ᠤᠯᠠᠮ ᠰᠢᠷᠭᠠᠯᠳᠤᠭᠠᠳ

ᠴᠠᠭ ᠬᠤᠭᠤᠴᠠᠭ᠎ᠠ᠂ ᠳᠣᠲᠤᠷ᠎ᠠ ᠨᠢ ᠥᠨᠳᠡᠭᠡᠯᠡᠵᠦ ᠬᠠᠢᠷ᠎ᠠ᠎ᠨᠡᠪᠴᠢᠭᠡᠨ᠎ᠡ

ᠦᠮᠦᠭ ᠲᠦ᠍ᠨᠢ ᠡᠷᠬᠡᠯᠡᠭᠰᠡᠨ ᠬᠦᠮᠦᠨ᠎ᠦ ᠦᠷ᠎ᠡ ᠦᠰᠦᠨ ᠦᠨᠳᠡᠢᠭᠰᠡᠭᠡᠷ

ᠬᠠᠨᠢ᠎ᠶᠢᠨ ᠵᠠᠶᠠᠭ᠎ᠠ ᠬᠣᠯᠪᠣᠨ ᠳᠤᠭᠳᠤᠯᠬᠤ ᠨᠢ ᠬᠠᠢᠷ᠎ᠠ᠎ᠶᠢ ᠬᠤᠭᠤᠷᠳᠠᠭᠠᠳ ᠮᠤᠷᠳᠠᠬᠤ ᠮᠡᠲᠦ

ᠲᠡᠷᠡ ᠬᠠᠢᠷ᠎ᠠ ᠨᠢ ᠰᠡᠳᠭᠢᠯ᠎ᠳᠦ ᠨᠠᠮᠤᠷ ᠪᠣᠯᠵᠤ ᠰᠢᠵᠢᠷᠳᠦᠭᠡᠳ

ᠤᠯᠠᠭᠠᠨᠮᠣᠳᠣ᠌᠎ᠶᠢᠨ ᠲᠠᠯ᠎ᠠ᠎ᠳᠤ ᠨᠠᠢᠷ᠎ᠤᠨ ᠳᠠᠭᠤᠤ ᠴᠠᠯᠭᠢᠯᠠᠨ᠎ᠠ


《ᠤᠶᠠᠬᠠᠨ ᠽᠠᠮᠪᠤᠳᠢᠪ᠎ᠤᠨ ᠨᠠᠷᠠᠨ》 ᠤᠯᠠᠮ ᠰᠢᠷᠤᠩᠬᠠᠢᠯᠠᠭᠠᠳ

ᠠᠮᠢᠳᠤᠷᠠᠯ᠂ ᠳᠣᠲᠤᠷ᠎ᠠ ᠨᠢ ᠤᠮᠪᠠᠵᠤ ᠬᠠᠢᠷ᠎ᠠ᠎ᠶᠢ ᠭᠡᠷᠡᠯᠳᠦᠭᠦᠯᠦᠨ᠎ᠡ

ᠠᠶᠠᠯᠭᠤᠨ᠎ᠳᠤᠨᠢ ᠴᠤᠤᠷᠢᠶᠠᠯᠠᠭᠰᠠᠨ ᠰᠠᠢᠬᠠᠨ ᠪᠦᠬᠦᠨ ᠴᠡᠴᠡᠭᠯᠡᠨ ᠴᠡᠴᠡᠭᠯᠡᠭᠰᠡᠭᠡᠷ

ᠨᠠᠷᠠ᠎ᠶᠢ ᠲᠡᠭᠡᠭᠡᠭᠡᠳ ᠲᠡᠮᠡᠤᠯᠬᠦ ᠨᠢ ᠬᠠᠢᠷ᠎ᠠ᠎ᠶᠢ ᠰᠠᠴᠤᠷᠠᠭᠤᠯᠤᠨ ᠲᠦᠭᠡᠭᠡᠬᠦ ᠮᠡᠲᠦ

ᠲᠡᠷᠡ ᠬᠠᠢᠷ᠎ᠠ ᠨᠢ ᠰᠡᠳᠭᠢᠯ᠎ᠳᠦ ᠢᠷᠦᠭᠡᠯ ᠪᠣᠯᠵᠤ ᠳᠠᠯᠠᠯᠤᠭᠠᠳ

ᠳᠡᠯᠡᠬᠡᠢ ᠳᠠᠶᠠᠭᠠᠷ᠎ᠲᠤ ᠨᠠᠨᠳᠢᠨ ᠤᠴᠠᠷᠠᠯ᠎ᠢ ᠮᠥᠩᠬᠡᠷᠡᠭᠦᠯᠦᠨ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面