2026-09-30 11:27:56
ᠡᠭᠦᠯᠡ ᠦᠭᠡᠢ ᠲᠡᠭᠷᠢ ᠨᠢ ᠭᠦᠨ ᠴᠡᠩᠭᠡᠷ ᠴᠡᠯᠮᠡᠢᠭᠰᠡᠨ
ᠡᠪᠦᠳᠦᠭ ᠳᠠᠪᠠᠮ᠎ᠠ ᠬᠠᠳᠤᠯᠠᠩ ᠨᠢ ᠭᠦᠯ ᠦᠭᠡᠢ ᠨᠡᠯᠦᠢᠭᠰᠡᠨ
ᠡᠭᠡᠵᠡᠬᠡᠢ ᠦᠷᠦᠮ᠎ᠡ ᠨᠢ ᠲᠤᠰᠣ᠌ ᠳᠤᠰᠤᠯᠠᠮᠠ ᠰᠢᠮᠡᠵᠢᠭᠰᠡᠨ
《ᠡᠷ᠎ᠡ ᠪᠤᠷᠣ᠌ ᠬᠠᠷᠴᠠᠭᠠᠢ》 ᠮᠤᠷᠢᠨ ᠨᠢᠷᠤᠭᠤᠨ᠎ᠠᠴᠠ ᠴᠤᠤᠷᠢᠶᠠᠯᠠᠭᠰᠠᠨ
ᠮᠢᠨᠤ ᠨᠤᠲᠤᠭ᠎ᠤᠨ ᠨᠠᠮᠤᠷ ᠢᠩᠭᠢᠵᠦ ᠡᠬᠢᠯᠡᠳᠡᠭ ᠡ
ᠲᠠᠪᠤᠨ ᠲᠠᠷᠢᠶ᠎ᠠ ᠨᠢ ᠲᠤᠯᠤᠭᠠᠢ᠎ᠪᠠᠨ ᠳᠠᠭᠠᠭᠠᠬᠤ ᠦᠭᠡᠢ ᠪᠤᠯᠪᠠᠰᠤᠷᠠᠭᠰᠠᠨ
ᠲᠠᠩᠰᠤᠭ ᠰᠦᠷᠦᠭ ᠨᠢ ᠲᠤᠰᠣ᠌ ᠭᠢᠯᠲᠤᠭᠠᠨᠠᠨ ᠪᠡᠯᠴᠢᠭᠡᠷᠯᠡᠭᠰᠡᠨ
ᠲᠠᠯ᠎ᠠ ᠬᠦᠨᠳᠡᠢ᠎ᠶᠢᠨ ᠵᠠᠭᠠᠭ᠎ᠢᠶᠠᠷ ᠰᠡᠷᠢᠭᠦᠨ ᠰᠠᠯᠬᠢ ᠰᠡᠷᠴᠢᠭᠢᠨᠡᠭᠰᠡᠨ
ᠲᠠᠨ᠎ᠤ ᠮᠠᠨ᠎ᠤ ᠠᠢᠯ᠎ᠢᠶᠠᠷ ᠬᠤᠷᠢᠶᠠᠯᠲᠠ᠎ᠶᠢᠨ ᠳᠠᠭᠤᠤ ᠬᠠᠩᠭᠢᠨᠠᠭᠰᠠᠨ
ᠮᠢᠨᠦ ᠨᠤᠳᠤᠭ᠎ᠤᠨ ᠨᠠᠮᠤᠷ ᠢᠩᠭᠢᠵᠦ ᠢᠷᠡᠳᠡᠭ ᠡ
ᠠᠪᠤ᠎ᠶᠢᠨ ᠤᠨᠤᠳᠠᠭ ᠰᠢᠷᠭ᠎ᠠ ᠨᠢ ᠡᠵᠡᠨ᠎ᠢᠶᠡᠨ ᠦᠭᠡᠢᠯᠡᠵᠦ ᠦᠦᠷᠰᠡᠭᠰᠡᠨ
ᠠᠷᠦ ᠦᠪᠦᠷ ᠬᠠᠩᠭᠠᠢ ᠨᠢ ᠡᠩᠭᠡᠷ᠎ᠢᠶᠡᠨ ᠨᠠᠯᠠᠵᠦ ᠰᠢᠷᠭᠠᠯᠲᠤᠭᠰᠠᠨ
ᠠᠯᠤᠰ᠎ᠤᠨ ᠵᠠᠮ ᠳᠠᠭᠠᠵᠦ ᠮᠤᠷᠢ᠎ᠲᠠᠢ ᠢᠷᠡᠳᠡᠭ ᠰᠢᠭ ᠬᠠᠷᠠᠭᠳᠠᠭᠰᠠᠨ
ᠠᠷᠭᠠᠳᠠᠵᠦ ᠨᠢᠭᠡ ᠰᠡᠳᠭᠢᠯ᠎ᠢᠶᠡᠨ ᠬᠤᠯᠠ᠎ᠶᠢᠨ ᠪᠠᠷ᠎ᠠ᠎ᠪᠠᠷ ᠬᠠᠭᠤᠷᠣᠭᠰᠠᠨ
ᠮᠢᠨᠦ ᠨᠤᠳᠤᠭ᠎ᠤᠨ ᠨᠠᠮᠤᠷ ᠢᠩᠭᠢᠵᠦ ᠡᠷᠢᠭᠳᠡᠳᠡᠭ ᠡ
ᠨᠠᠢᠷ᠎ᠤᠨ ᠲᠤᠭᠤᠷ᠎ᠠ ᠡᠷᠭᠢᠬᠦ ᠰᠢᠭ ᠡᠳᠦᠷ ᠬᠤᠨᠤᠭ ᠦᠷᠬᠦᠯᠵᠢᠯᠡᠭᠰᠡᠨ
ᠨᠠᠰᠤᠨ᠎ᠤ ᠳᠤᠷᠠᠰᠤᠮᠵᠢ ᠬᠡᠯᠬᠢᠬᠦ ᠰᠢᠭ ᠤᠨ ᠰᠠᠷ᠎ᠠ ᠡᠭᠡᠯᠵᠢᠯᠡᠭᠰᠡᠨ
ᠨᠠᠮᠤᠷ ᠨᠠᠮᠤᠷ᠎ᠤᠨ ᠦᠩᠭᠡᠨ᠎ᠳᠦ ᠨᠠᠰᠤ ᠵᠢᠯ ᠬᠠᠭᠤᠴᠢᠷᠠᠭᠰᠠᠨ
ᠨᠠᠮᠠᠶ᠋ᠢ ᠴᠢᠮᠠᠶ᠋ᠢ ᠦᠭᠡᠢᠯᠡᠵᠦ ᠨᠤᠳᠤᠭ᠎ᠤᠨ ᠤᠷᠤᠢᠳ ᠪᠤᠭᠤᠷᠤᠯᠲᠤᠭᠰᠠᠨ
ᠮᠢᠨᠤ ᠨᠤᠲᠤᠭ᠎ᠤᠨ ᠨᠠᠮᠤᠷ ᠢᠩᠭᠢᠵᠦ ᠦᠷᠬᠦᠯᠵᠢᠯᠡᠳᠡᠭ ᠡ
ᠦᠰᠦᠭ᠎ᠦᠨ ᠮᠦᠷ ᠳᠠᠭᠠᠵᠦ ᠰᠡᠳᠭᠢᠯ᠎ᠦᠨ ᠪᠤᠷᠤᠭ᠎ᠠ ᠠᠰᠬᠠᠷᠠᠭᠰᠠᠨ
ᠦᠨᠡᠨ᠎ᠦ ᠦᠢᠯᠡ ᠭᠦᠢᠴᠡᠭᠡᠵᠦ ᠵᠢᠳᠭᠥᠯ᠎ᠦᠨ ᠬᠦᠯᠦᠰᠦ ᠡᠭᠰᠢᠭᠰᠡᠨ
ᠦᠭᠡ ᠬᠡᠯᠡᠨ᠎ᠦ ᠮᠠᠨᠢ ᠲᠠᠩᠰᠤᠭ ᠪᠤᠶᠠᠨ ᠦᠨᠢ ᠦᠷᠬᠦᠯᠵᠢ ᠳᠡᠯᠭᠡᠷᠡᠭᠰᠡᠨ
ᠦᠭᠬᠢᠶᠡᠮᠥᠷ ᠨᠠᠮᠤᠷ ᠵᠠᠭᠤᠨ ᠵᠠᠭᠤᠨ᠎ᠢᠶᠠᠷ ᠰᠠᠭᠠᠲᠠᠭᠰᠠᠨ
ᠮᠢᠨᠤ ᠨᠤᠲᠤᠭ᠎ᠤᠨ ᠨᠠᠮᠤᠷ ᠢᠩᠭᠢᠵᠦ ᠪᠢᠴᠢᠭᠳᠡᠳᠡᠭ ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃