2026-10-28 16:14:24
ᠦᠭᠡᠷ ᠲᠡᠷᠭᠡ ᠪᠡᠷ ᠦᠨᠡᠨ ᠤ᠋ ᠬᠤᠷᠸ᠎ᠠ ᠶ᠋ᠢ ᠲᠤᠭᠤᠯᠤᠭᠰᠠᠨ ᠦᠯᠢᠭᠡᠷᠳᠦ ᠲᠤᠤᠯᠢ
ᠦᠯᠡᠮᠵᠢ ᠶ᠋ᠢᠨ ᠴᠢᠨᠠᠷ ᠢ᠋ᠶ᠋ᠡᠷ ᠴᠠᠳᠢᠭ᠋ ᠲᠡᠦᠬᠡ ᠲᠤᠭᠤᠷᠪᠢᠭ᠍ᠰᠠᠨ ᠲᠤᠪᠴᠢᠳᠦ ᠲᠤᠯᠢ
ᠨᠡᠷ᠎ᠡ ᠪᠡᠨ ᠶᠠᠰᠤᠨ ᠠ᠋ᠴᠠ ᠪᠡᠨ ᠬᠤᠯᠠ ᠢᠯᠡᠭᠦᠦ ᠭᠠᠮᠨᠠᠭᠰᠠᠨ ᠨᠡᠬᠡᠢ ᠲᠡᠪᠡᠯᠳᠡᠨ
ᠨᠢᠭᠡᠯᠡ ᠦᠨᠦᠴᠢᠨ ᠢᠰᠢᠭᠡᠨ ᠳ᠋ᠦ᠍ ᠬᠠᠢᠷ᠎ᠠ ᠶᠡᠭᠦᠯᠡᠭᠰᠡᠨ ᠨᠢᠩᠵᠢᠨ ᠰᠡᠳᠭᠢᠯᠳᠡᠨ
ᠲᠠᠪᠤᠨ ᠡᠷᠳᠡᠨᠢ ᠪᠡᠨ ᠲᠡᠭᠷᠢ ᠶ᠋ᠢᠨ ᠤᠳᠤᠳ ᠲᠠᠢ ᠠᠳᠤᠭᠤᠯᠠᠳᠠᠭ ᠲᠡᠭᠷᠢᠯᠢᠭ ᠬᠦᠮᠦᠰ
ᠲᠠᠯ᠎ᠠ ᠶ᠋ᠢᠨ ᠠᠶᠠᠯᠭᠤ ᠪᠡᠨ ᠲᠠᠭᠢᠨᠢᠰ ᠪᠡᠶᠡᠯᠡᠭᠡ ᠲᠠᠢ ᠬᠤᠤᠰᠯᠠᠳᠠᠭ ᠤᠷᠠᠯᠢᠭ᠋ ᠤᠯᠤᠰ
ᠴᠠᠭ ᠬᠣᠭᠣᠴᠠᠭᠠᠨ ᠳ᠋ᠦ᠍ ᠴᠠᠭ ᠬᠣᠭᠣᠴᠠᠭ᠎ᠠ ᠪᠡᠨ ᠡᠵᠡᠯᠡᠭᠰᠡᠨ ᠨᠤᠮ ᠤ᠋ᠨ ᠬᠦᠷᠳᠦᠨ
ᠴᠠᠭᠯᠠᠰᠢ ᠦᠭᠡᠢ ᠤᠷᠤᠨ ᠵᠠᠢ ᠳ᠋ᠦ᠍ ᠤᠨ ᠵᠢᠯ ᠢ᠋ ᠡᠯᠡᠭᠡᠭᠰᠡᠨ ᠨᠤᠮᠤ ᠶ᠋ᠢᠨ ᠬᠦᠪᠴᠢᠨ
ᠲᠦᠷᠪᠡᠨ ᠴᠠᠭ ᠤ᠋ᠨ ᠨᠡᠭᠦᠳᠡᠯ ᠢ᠋ᠶ᠋ᠡᠷ ᠲᠡᠯᠡᠬᠡᠢ ᠶ᠋ᠢᠨ ᠲᠤᠭᠤᠰᠤ ᠶ᠋ᠢ ᠲᠠᠷᠤᠭᠰᠠᠨ ᠪᠠᠢᠭᠠᠯᠢᠴᠢ
ᠲᠠᠪᠤᠨ ᠬᠠᠨᠠᠳᠤ ᠶ᠋ᠢᠨ ᠰᠠᠭᠤᠳᠠᠯ ᠢ᠋ᠶ᠋ᠡᠷ ᠭᠠᠵᠠᠷ ᠤ᠋ᠨ ᠲᠠᠮᠠᠭ᠎ᠠ ᠶ᠋ᠢ ᠡᠵᠡᠩᠨᠡᠭᠰᠡᠨ ᠵᠢᠷᠤᠬᠠᠢᠴᠢ
ᠲᠠᠭᠤᠯᠠᠶ᠎ᠠ ᠲᠠᠭᠤᠯᠠᠶ᠎ᠠ ᠭᠡᠬᠦᠯᠡᠷ ᠲᠤᠳᠤᠷ ᠴᠤᠯᠤ ᠶ᠋ᠢ ᠮᠢᠨᠢ ᠡᠪᠬᠡᠷᠡᠭᠦᠯᠳᠡᠭ ᠤᠶᠠᠷᠠᠩᠬᠠᠢ
ᠲᠠᠭᠤᠳᠠᠶ᠎ᠠ ᠲᠠᠭᠤᠳᠠᠶ᠎ᠠ ᠬᠡᠭᠦᠯᠡᠷ ᠲᠡᠩᠬᠡᠬᠡ ᠲᠠᠮᠢᠷ ᠢ᠋ ᠮᠢᠨᠢ ᠨᠦᠬᠦᠳᠡᠭ ᠲᠤᠭᠳᠤᠯᠤᠩᠬᠠᠢ
ᠨᠤᠳᠤᠭ ᠤ᠋ᠨ ᠮᠢᠨᠢ ᠬᠦᠬᠡ ᠡᠪᠦᠭᠡᠳ ᠭᠡᠵᠦ ᠰᠢᠨᠳᠠᠰᠤ ᠲᠠᠢ ᠯᠠ ᠬᠦᠮᠦᠰ ᠪᠠᠢᠭᠰᠠᠨ ᠶᠤᠮ
ᠨᠢᠭᠤᠴᠠ ᠲᠤᠪᠴᠢᠶᠠᠨ ᠤ᠋ ᠬᠦᠯᠦᠭ ᠰᠢᠭ ᠨᠢᠷᠤᠭᠤ ᠲᠠᠢ ᠡᠷᠡᠰ ᠤ᠋ᠳ ᠶᠠᠪᠤᠭᠰᠠᠨ ᠶᠤᠮ
ᠤᠨᠢᠶᠠᠷ ᠲᠠᠢ ᠤᠳᠤᠭ᠎ᠠ ᠲᠠᠢ ᠤᠭᠤᠰᠤᠷ ᠦᠭᠡᠢ ᠤᠷᠴᠢᠯᠠᠩ ᠤ᠋ᠨ ᠵᠠᠢᠴᠢᠨ ᠳ᠋ᠦ᠍
ᠤᠬᠠᠭᠠᠨ ᠲᠠᠢ ᠲᠠᠮᠢᠷ ᠲᠠᠢ ᠤᠰᠤᠯᠳᠠᠯ ᠦᠭᠡᠢ ᠤᠨᠳᠤᠷᠴᠦ ᠰᠤᠷᠤᠭᠰᠠᠨ ᠲᠠᠷᠬᠠᠳ
ᠰᠦᠷᠦᠭ ᠵᠠᠳᠠᠷᠠᠬᠤ ᠦᠭᠡᠢ ᠰᠢᠪᠠᠭᠤᠳ ᠢ᠋ ᠰᠠᠬᠠᠯ ᠢ᠋ᠶ᠋ᠡᠨ ᠰᠢᠪᠳᠤᠷᠴᠦ ᠦᠳᠡᠳᠡᠭ
ᠰᠦᠰᠦᠭ ᠠᠯᠭᠠᠰᠠᠬᠤ ᠦᠭᠡᠢ ᠰᠡᠳᠭᠢᠯ ᠢ᠋ᠶ᠋ᠡᠷ ᠲᠡᠭᠷᠢ ᠶ᠋ᠢ ᠰᠢᠨᠵᠢᠵᠦ ᠰᠦᠵᠢᠷᠡᠳᠡᠭ
ᠨᠠᠰᠤ ᠪᠡᠷ ᠢ᠋ᠶ᠋ᠡᠨ ᠨᠠᠷᠠ ᠦᠨᠦᠷᠳᠦᠭᠰᠡᠨ ᠨᠠᠮᠰᠠᠷᠠᠢ ᠪᠤᠷᠬᠠᠨ ᠤ᠋ ᠬᠤᠪᠢᠯᠭᠠᠳ ᠶᠤᠮ
ᠨᠠᠪᠴᠢᠨ ᠳ᠋ᠦ᠍ ᠤᠨᠠᠭᠰᠠᠨ ᠬᠠᠢᠷ᠎ᠠ ᠪᠡᠨ ᠨᠠᠮᠤᠷ ᠤ᠋ᠨ ᠰᠠᠯᠬᠢᠨ ᠳ᠋ᠦ᠍ ᠰᠢᠪᠡᠨᠡᠳᠡᠭ ᠶᠤᠮ
ᠶᠠᠬᠡ ᠬᠤᠯᠠ ᠶ᠋ᠢ ᠪᠤᠳᠤᠳᠠᠭ ᠪᠤᠯᠬᠤᠷ ᠡᠪᠦᠭᠡᠳ ᠶᠠᠬᠡ ᠯᠠ ᠶᠡᠷᠦᠮᠳᠡᠭ ᠠᠮᠢᠳᠤᠷᠠᠳᠠᠭ
ᠶᠡᠬᠡ ᠭᠦᠨ ᠢ᠋ ᠰᠡᠳᠭᠢᠳᠡᠭ ᠪᠤᠯᠬᠤᠷ ᠡᠪᠦᠭᠡᠳ ᠶᠡᠬᠡ ᠯᠠ ᠶᠡᠬᠡᠮᠰᠦᠭ ᠲᠤᠤᠭᠠᠷᠳᠠᠭ
ᠦᠶ᠎ᠡ ᠶ᠋ᠢᠨ ᠦᠶ᠎ᠡ ᠳ᠋ᠦ᠍ ᠦᠷᠯᠦᠭ ᠶᠠᠪᠤᠭᠰᠠᠨ ᠨᠤᠳᠤᠭ ᠤ᠋ᠨ ᠬᠦᠬᠡ ᠡᠪᠦᠭᠡᠳ ᠭᠡᠵᠦ
ᠦᠪᠡᠷ ᠦᠪᠡᠷᠳᠡᠭᠡᠨ ᠬᠠᠷᠢᠴᠠᠭᠤᠯᠤᠰᠢ ᠦᠭᠡᠢ ᠬᠠᠳᠠᠭᠤ ᠬᠠᠪᠢᠰᠦ ᠲᠠᠢ ᠰᠤᠳᠤᠷ ᠶᠤᠮ
ᠴᠢᠨ᠋ᠸ᠎ᠠ ᠠ᠋ᠴᠠ ᠪᠤᠰᠤᠳ ᠢ᠋ ᠨᠢ ᠵᠠᠢᠳᠠᠯᠠᠳᠠᠭ ᠴᠠᠬᠢᠭᠤᠷ ᠲᠡᠮᠦᠷ ᠰᠢᠭ ᠬᠦᠬᠡ ᠡᠪᠦᠭᠡᠳ
ᠴᠢᠯᠠᠭᠤ ᠠ᠋ᠴᠠ ᠪᠤᠰᠤᠳ ᠢ᠋ ᠨᠢ ᠵᠠᠯᠭᠢᠳᠠᠭ ᠵᠢᠩᠭᠠᠷ ᠰᠠᠪᠠᠷ ᠰᠢᠭ᠋ ᠬᠦᠬᠡ ᠡᠪᠦᠭᠡᠳ ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃