ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-28 16:13:36

ᠵᠣᠬᠢᠶᠠᠭ᠍ᠴᠢ᠄ ᠫᠣ᠊·ᠰᠠᠨᠠᠭᠠᠷᠪᠤᠤ ᠣᠩᠱᠢᠭ᠍ᠰᠠᠨ ᠣᠳᠠᠭ᠎ᠠ᠄ 3

ᠪᠣᠷᠣᠭ᠎ᠠ ᠳᠤᠰᠤᠩᠨᠠᠭᠰᠠᠨ ᠨᠠᠮᠤᠷ

ᠨᠤᠲᠤᠭ ᠲᠠᠭᠠᠨ ᠬᠠᠷᠢᠯ᠎ᠠ

ᠪᠣᠲᠠ ᠪᠤᠷᠭᠠᠯᠵᠢ ᠡᠪᠡᠰᠦ ᠴᠡᠴᠡᠭ

ᠨᠠᠮᠤᠷ᠎ᠤᠨ ᠲᠡᠷᠯᠢᠭ ᠡᠮᠦᠰᠴᠢᠬᠡᠭᠰᠡᠨ ᠪᠠᠢᠯ᠎ᠠ ᠃

ᠳᠦᠩᠬᠦᠭᠡᠷ ᠬᠥᠬᠡ ᠠᠭᠤᠯᠠᠰ

ᠣᠷᠣᠢ᠎ᠠᠴᠠ᠎ᠪᠠᠨ ᠣᠷᠣᠰᠢᠭᠠᠳ

ᠳᠦᠵᠢᠨ ᠨᠠᠮᠤᠭᠤᠬᠠᠨ

ᠠᠩᠭᠢᠷ ᠵᠢᠰᠦᠯᠡᠭᠰᠡᠨ ᠡᠪᠡᠰᠦ ᠨᠣᠭᠤᠭ᠎ᠠ

ᠠᠭᠤᠵᠢᠮ ᠬᠥᠨᠳᠡᠢ ᠪᠦᠷᠬᠦᠨ ᠨᠠᠮᠢᠶᠠᠲᠤᠭᠠᠳ

ᠠᠳᠤᠭᠤ ᠦᠬᠡᠷ

ᠡᠷᠬᠡ ᠳᠤᠷ᠎ᠠ᠎ᠪᠠᠷ ᠢᠳᠡᠰᠢᠯᠡᠨ᠎ᠡ᠃

ᠳᠤᠷ᠎ᠠ᠎ᠪᠠᠷ ᠣᠷᠬᠢᠭ᠍ᠰᠠᠨ ᠱᠠᠭᠠᠢ ᠰᠢᠭ᠋

ᠡᠨᠳᠡ ᠲᠡᠨᠳᠡ ᠰᠠᠭᠤᠷᠢᠨ ᠪᠠᠢᠰᠢᠩ ᠯᠠᠭᠯᠠᠢᠨ᠎ᠠ

ᠳᠤᠭᠤᠢᠯᠵᠢᠨ ᠪᠤᠭᠤᠵᠢᠯᠠᠭᠰᠠᠨ

ᠬᠠᠳᠤᠯᠠᠩ᠎ᠤᠨ ᠡᠪᠡᠰᠦ

ᠵᠢᠩᠨᠡᠭᠰᠡᠨ ᠮᠠᠨᠲᠸᠦ ᠮᠡᠲᠦ ᠪᠦᠮᠪᠦᠢᠨ᠎ᠡ᠃

ᠨᠢᠳᠦ ᠭᠢᠯᠠᠰᠤᠮ᠎ᠠ ᠨᠠᠷᠠ ᠬᠠᠶᠠ ᠳᠤᠯᠠᠢᠬᠤ᠎ᠪᠠᠷ

ᠨᠡᠭᠦᠭᠡᠳ ᠬᠣᠯᠠᠳᠠᠭᠰᠠᠨ ᠡᠭᠦᠯᠡᠰ᠎ᠢ ᠨᠢ ᠪᠠᠷᠠᠯᠠᠬᠤ ᠳ᠋ᠥ

ᠡᠪᠦᠭᠡᠰ᠎ᠦᠨ ᠳᠤᠷᠠᠰᠤᠮᠵᠢ

ᠦᠬᠡᠷ ᠲᠡᠷᠭᠡᠨ᠎ᠦ ᠬᠢᠬᠤᠨᠠᠬᠤ ᠴᠢᠮᠡᠭᠡ ᠠᠨᠢᠷᠯᠠᠨ᠎ᠠ᠃

ᠨᠡᠭᠦᠳᠡᠯ ᠪᠠᠭᠤᠳᠠᠯ  ᠮᠣᠩᠭᠣᠯ ᠭᠡᠷ ᠮᠢᠨᠢ

ᠶᠠᠮᠠᠷ ᠳᠣᠲᠤᠨᠤᠬᠠᠨ ᠪᠣᠢ

ᠨᠦᠮᠦᠷᠥᠭᠡᠳ ᠬᠡᠪᠲᠡᠬᠦ ᠳ᠋ᠥ ᠡᠵᠢ᠎ᠶᠢᠨ ᠮᠢᠨᠢ ᠲᠡᠷᠯᠢᠭ

ᠬᠡᠴᠢᠨᠡᠬᠡᠨ ᠡᠭᠡᠯᠢᠲᠠᠢ ᠪᠣᠢ

ᠣᠷᠤᠢ ᠨᠢᠳᠦᠯᠡᠭᠰᠡᠨ ᠠᠶᠠᠭᠠᠨ ᠴᠡᠴᠡᠭ᠎ᠦᠨ ᠳᠡᠯᠪᠢᠨ ᠳ᠋ᠥ

ᠣᠳᠤᠨ᠎ᠤ ᠪᠣᠯᠤᠷ ᠮᠦᠬᠦᠯᠢᠭ ᠭᠢᠯᠠᠯᠵᠠᠨ᠎ᠠ

ᠤᠶᠠᠩᠭ᠎ᠠ ᠡᠭᠡᠰᠢᠭᠯᠡᠩᠲᠦ ᠬᠠᠷ᠎ᠠ ᠲᠠᠭᠣ

ᠪᠦᠷᠬᠦᠨ ᠳᠡᠪᠢᠯᠬᠢᠯᠡᠬᠦ᠎ᠶᠢ ᠬᠠᠷᠠᠭᠠᠳ

ᠤᠨᠠᠭᠠᠨ ᠨᠠᠰᠤᠨ᠎ᠳᠠᠭᠠᠨ ᠪᠤᠴᠠᠯ᠎ᠠ ᠭᠡᠵᠦ ᠡᠨᠳᠡᠭᠦᠷᠡᠨ᠎ᠡ᠃

ᠮᠠᠨᠠᠨ ᠬᠥᠳᠡᠩ᠎ᠦᠨ ᠳᠤᠮᠳᠠ ᠮᠢᠨᠦ ᠨᠤᠲᠤᠭ

ᠰᠦᠷᠯᠢᠭ ᠨᠢᠭᠤᠴᠠᠭᠠᠢ

ᠮᠠᠰᠢ ᠪᠠᠶᠠᠰᠬᠤᠯᠠᠩᠲᠦ ᠰᠡᠳᠬᠢᠯ ᠳ᠋ᠥ

ᠰᠦᠵᠢᠭ ᠠᠮᠢᠯᠠᠬᠤᠢ

ᠱᠣᠷᠤᠨ ᠥᠨᠳᠦᠷ ᠠᠭᠤᠯᠠᠰ᠎ᠤᠨ ᠳᠤᠮᠳᠠᠭᠤᠷ

ᠪᠢᠯᠡᠭᠦᠳᠡᠭᠰᠡᠨ ᠴᠠᠭᠠᠨ ᠵᠠᠮ ᠭᠦᠶᠦᠨ᠎ᠡ

ᠱᠤᠤᠭᠢᠲᠠᠯ᠎ᠠ ᠳᠠᠪᠬᠢᠬᠤ ᠲᠡᠷᠭᠡ᠎ᠨᠦᠭᠦᠳ

ᠮᠦᠷᠭᠦᠵᠦ ᠠᠯᠳᠠᠮ᠎ᠠ ᠵᠦᠷᠢᠨ᠎ᠡ᠃

ᠬᠦᠷᠴᠢᠬᠢᠨᠡᠲᠡᠯ᠎ᠡ ᠦᠶᠡᠷᠯᠡᠳᠡᠭ ᠪᠠᠶᠠᠨ ᠭᠣᠣᠯ ᠮᠢᠨᠢ

ᠬᠥᠨᠳᠡᠢ ᠳ᠋ᠡᠭᠡᠨ ᠮᠡᠯᠲᠡᠭᠡᠨᠡᠭᠰᠡᠨ ᠲᠣᠭᠤᠷᠢᠮ ᠪᠣᠯᠵᠦ ᠮᠡᠯᠮᠡᠷᠡᠨ᠎ᠡ

ᠠᠷᠢᠭᠤᠨ ᠤᠰᠤ᠎ᠶᠢ ᠨᠢ ᠪᠢᠲᠡᠭᠦᠯᠡᠵᠦ ᠠᠪᠤᠭᠠᠳ ᠣᠭᠣᠴᠢᠬᠤ ᠳ᠋ᠥ

ᠠᠯᠳᠠ ᠪᠡᠶᠡᠨ᠎ᠦ ᠮᠢᠨᠢ ᠴᠢᠰᠤ ᠲᠠᠢ

ᠠᠮᠤᠷ ᠮᠡᠨᠳᠦ᠎ᠪᠡᠷ ᠵᠣᠯᠭᠠᠨ᠎ᠠ᠃

ᠬᠠᠳᠤᠯᠠᠩ ᠰᠢᠪᠲᠤᠷᠠᠭᠰᠠᠨ ᠨᠠᠮᠤᠷ ᠴᠠᠭ

ᠬᠠᠷᠢᠭᠠᠳ ᠣᠴᠢᠬᠤ ᠳ᠋ᠥ ᠨᠤᠲᠤᠭ ᠮᠢᠨᠢ ᠭᠡᠷᠡᠯᠲᠦᠨ᠎ᠡ

ᠬᠠᠷᠢᠨ ᠮᠢᠨᠦ ᠪᠠᠭ᠎ᠠ ᠨᠠᠰᠤ

ᠬᠠᠯᠲᠠᠷ ᠨᠢᠯᠪᠤᠰᠤ ᠲᠠᠢ ᠬᠠᠷᠠᠭᠳᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面