2026-11-04 11:45:44
ᠠᠢᠯᠤᠨ ᠲᠡᠷᠡ ᠠᠪᠤ
ᠠᠶᠤᠮᠠᠷᠤᠨ ᠬᠠᠷ᠎ᠠ ᠠᠪᠤ
ᠶᠠᠯᠠᠲᠠᠨ ᠡᠴᠡ ᠮᠠᠭᠤᠬᠠᠢ ᠳᠦᠷᠢ ᠲᠠᠢ
ᠢᠮᠠᠭᠠᠴᠢᠨ ᠠᠪᠤ
ᠪᠠᠷᠢᠭᠠᠳᠠᠶᠢᠨ ᠰᠦᠷᠦᠭ ᠬᠠᠷᠢᠭᠤᠯᠳᠠᠭ
ᠪᠠᠷᠤᠭᠠᠷ ᠴᠢᠷᠠᠢ ᠲᠠᠢ ᠠᠪᠤ
ᠪᠠᠷᠠᠭᠤᠨ ᠠᠭᠤᠯᠠ ᠵᠡᠭᠦᠨ ᠮᠠᠩᠬ᠎ᠠ ᠪᠠᠷ
ᠪᠡᠯᠴᠢᠭᠡᠷ ᠰᠡᠯᠬᠦᠳᠡᠭ ᠠᠪᠤ
ᠶᠠᠰᠤ ᠶᠠᠩᠭᠢᠨᠠᠮ᠎ᠠ ᠬᠦᠢᠲᠡᠨ ᠳ᠋ᠥ ᠴᠦ᠍
ᠢᠮᠠᠭ᠎ᠠ ᠪᠠᠠ ᠬᠠᠷᠢᠭᠤᠯᠵᠤ ᠳᠤᠯᠠᠭᠠᠴᠠᠳᠠᠭ ᠠᠪᠤ
ᠶᠠᠳᠠᠷᠠᠵᠤ ᠲᠤᠢᠯᠳᠠᠵᠤ ᠪᠠᠢᠯ᠎ᠠ ᠴᠦ᠍
ᠬᠡᠥᠬᠡᠳ ᠴᠤᠤᠭᠢᠭᠤᠯᠵᠤ ᠠᠮᠠᠷᠠᠳᠠᠭ ᠠᠪᠤ
ᠠᠷᠠᠰᠤᠨ ᠳᠡᠪᠡᠯᠢᠶᠡᠨ ᠤᠷᠪᠠᠭᠤᠯᠵᠤ ᠡᠮᠦᠰᠦᠭᠡᠳ
ᠴᠢᠳᠬᠦᠷ ᠰᠢᠭ ᠠᠶᠤᠯᠭᠠᠳᠠᠭ ᠠᠪᠤ
ᠠᠯᠢᠶ᠎ᠠ ᠲᠦᠢᠳᠬᠡᠷᠢ ᠭᠤᠶᠠᠳᠠᠵᠤ ᠵᠠᠩᠨᠠᠭᠠᠳ
ᠴᠢᠨ᠋ᠸ᠎ᠠ ᠰᠢᠭ᠋ ᠳᠤᠭᠰᠢᠷᠠᠳᠠᠭ ᠠᠪᠤ
ᠦᠪᠡᠷᠦᠨ ᠬᠦᠮᠦᠨᠤ ᠢᠯᠭᠠᠯ ᠦᠭᠡᠢ
ᠡᠭᠡᠷᠡᠲᠡᠯᠡ ᠲᠠᠰᠢᠭᠤᠷᠳᠠᠵᠤ ᠰᠤᠷᠭᠠᠳᠠᠭ
ᠡᠪᠦᠭᠡᠳᠦᠨ ᠬᠠᠲᠠᠭᠤ ᠶᠤᠰᠤᠨ
ᠡᠷᠡᠭᠡ ᠦᠭᠡᠢ ᠮᠤᠩᠭᠤᠯ ᠵᠠᠩ
ᠬᠡ ᠦᠭᠡᠢ ᠭᠦᠳᠦᠰᠭᠢᠨ ᠠᠪᠤᠶᠢᠨ ᠠᠴᠢ ᠪᠠᠷ
ᠬᠡᠷᠡᠭ ᠲᠠᠲᠠᠭ᠎ᠠ ᠦᠭᠡᠢ ᠨᠣᠮᠤᠬᠠᠨ ᠦᠰᠴᠡᠢ
ᠬᠡᠳᠡᠷ ᠳᠤᠭ᠍ᠰᠢᠨ ᠠᠭᠠᠰᠢᠶᠢᠨ ᠬᠢᠨᠢ ᠰᠠᠢᠨᠢᠶᠠᠷ
ᠬᠡᠷᠡᠭᠦᠯ ᠬᠢᠭᠡ ᠦᠭᠡᠢ ᠳᠠᠷᠤᠤᠬᠠᠨ ᠰᠤᠷᠴᠠᠢ
ᠡᠪᠦᠯ ᠤ᠋ᠨ ᠳᠤᠭ᠍ᠰᠢᠨ ᠰᠢᠭᠤᠷᠭ᠎ᠠ ᠶ᠋ᠢ
ᠡᠪᠦᠳᠦᠭ ᠳᠤᠤᠷ᠎ᠠ ᠪᠠᠨ ᠨᠤᠮᠤᠬᠠᠳᠬᠠᠳᠠᠭ ᠡᠮᠨᠢᠭᠴᠢᠨ
ᠦᠨᠦᠴᠢᠨ ᠢᠰᠢᠭᠡ ᠡᠨᠳᠡᠬᠦ ᠳ᠋ᠥ
ᠦᠷᠦ ᠨᠢ ᠦᠮᠦᠯᠵᠡᠳᠡᠭ ᠮᠠᠯᠴᠢᠨ
ᠰᠢᠷᠬᠡᠭ ᠮᠢᠨᠳᠠᠰᠤᠨ ᠨᠤᠤᠯᠤᠭᠤᠷ ᠢ᠋
ᠰᠢᠩᠭᠡᠭᠡᠵᠦ ᠬᠤᠪᠢᠨ ᠳ᠋ᠠᠭᠠᠨ ᠲᠠᠲᠠᠭ᠎ᠠ ᠦᠭᠡᠢ
ᠵᠢᠱ᠌ᠢᠶᠡᠴᠢ ᠮᠠᠯᠴᠢᠨᠤ ᠲᠡᠮᠳᠡᠭ ᠢ᠋
ᠵᠡᠭᠦᠵᠦ ᠡᠩᠭᠡᠷ ᠲᠡᠭᠡᠨ ᠭᠢᠯᠠᠯᠵᠠᠭᠤᠯᠤᠭᠠ ᠦᠭᠡᠢ
ᠬᠡᠥᠬᠡᠳ ᠢᠮᠠᠭ᠎ᠠ ᠬᠣᠶᠠᠷ ᠲᠣ᠌
ᠬᠡᠮᠵᠢᠶ᠎ᠠ ᠦᠭᠡᠢ ᠯᠠ ᠬᠠᠢᠷᠠᠲᠠᠢ ᠶᠠᠪᠤᠭᠰᠠᠨ
ᠬᠡᠭᠡᠷ᠎ᠡ ᠬᠣᠨᠤᠵᠤ ᠬᠡᠲᠡ ᠳᠡᠷᠡᠯᠡᠭᠰᠡᠨ
ᠬᠦᠭᠡᠷᠦᠬᠦᠢ ᠨᠢᠭᠡᠨ ᠢᠮᠠᠭᠠᠴᠢᠨ ᠡᠪᠦᠭᠡᠨ
ᠰᠦᠷᠦᠭ ᠦᠰᠬᠡᠭᠰᠡᠨ ᠭᠠᠪᠢᠶ᠎ᠠ ᠶ᠋ᠢ ᠨᠢ
ᠰᠡᠭᠦᠯᠴᠢᠶᠢᠨ ᠦᠶ᠎ᠡ ᠳ᠋ᠥ ᠮᠠᠷᠲᠠᠭ᠎ᠠ ᠭᠡᠵᠦ ᠤᠤ
ᠪᠠᠢᠭᠠᠯᠢ ᠶ᠋ᠢᠨ ᠨᠢᠭᠡᠨ ᠦᠰᠦᠲᠡᠢ ᠠᠮᠢᠲᠠᠨ
ᠪᠠᠷᠠᠭᠳᠠᠯ ᠰᠦᠢᠳᠦᠯ ᠳ᠋ᠥ ᠤᠴᠠᠷᠠᠭ᠎ᠠ ᠭᠡᠵᠦ ᠤᠤ
ᠨᠠᠷᠠᠨ ᠳ᠋ᠥ ᠭᠦᠶᠦᠭᠰᠡᠨ ᠢᠮᠠᠭᠠᠴᠢᠨ ᠠᠪᠤ ᠳ᠋ᠠᠭᠠᠨ
ᠨᠠᠮᠲᠠᠷ ᠪᠢᠴᠢᠬᠦ ᠴᠢᠳᠠᠯ ᠬᠣᠮᠰᠠ ᠴᠦ᠍
ᠢᠮᠠᠭ᠎ᠠ ᠳ᠋ᠥ ᠬᠠᠢᠷᠠᠲᠠᠢ ᠠᠪᠤ
ᠨᠠᠢᠷᠠᠭ ᠲᠣ᠌ ᠮᠢᠨᠢ ᠮᠦᠩᠬᠡᠷᠡᠵᠡᠢ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃