ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-04 11:41:18

ᠵᠣᠬᠢᠶᠠᠭ᠍ᠴᠢ᠄ ᠨᠤ ᠴᠢᠯᠠᠭᠤᠨᠪᠠᠭᠠᠨ᠎ᠠ ᠣᠩᠱᠢᠭ᠍ᠰᠠᠨ ᠣᠳᠠᠭ᠎ᠠ᠄ 3

ᠨᠢᠭᠡ

ᠭᠠᠵᠠᠷ ᠤ᠋ᠨ ᠬᠤᠯᠠ ᠳ᠋ᠤ᠌ ᠲᠡᠮᠡᠤᠯᠦᠭᠰᠡᠨ

ᠭᠠᠯᠠᠭᠤᠳ ᠤ᠋ᠨ  ᠴᠤᠪᠤᠭ᠎ᠠ —  ᠭᠠᠯ  ᠠᠶᠠᠨ᠃

ᠡᠷᠭᠢ ᠭᠠᠩᠭ᠎ᠠ᠂ ᠡᠭᠴᠡ ᠬᠠᠯᠢᠯ᠂ ᠨᠠᠮᠤᠭ ᠲᠠᠯ᠎ᠠ

《 ᠭᠠᠯ》 ᠲᠠᠢ ᠪᠠᠨ  ᠪᠠᠢᠭᠰᠠᠨ ᠴᠠᠭ ᠲᠤ᠌

ᠠᠶᠠᠨ ᠤ᠋ ᠴᠤᠪᠤᠭ᠎ᠠ ᠵᠠᠳᠠᠷᠠᠳᠠᠭ ᠦᠭᠡᠢ

ᠠᠶᠠᠯᠭᠤ  ᠡᠭᠡᠰᠢᠭ ᠲᠠᠰᠤᠷᠠᠳᠠᠭ ᠦᠭᠡᠢ᠃

ᠬᠤᠶᠠᠷ

ᠬᠠᠳᠠᠭᠤ ᠪᠠᠢᠯᠳᠤᠭᠠᠨ᠂ ᠪᠠᠳᠤ ᠢᠯᠠᠯᠳᠠ

ᠬᠠᠨᠢᠰᠠᠭ ᠵᠠᠶᠠᠭ᠎ᠠ — ᠭᠠᠯ ᠠᠶᠠᠨ᠃

ᠪᠤᠷᠤᠭᠠᠨ ᠰᠠᠯᠬᠢ᠂ ᠪᠤᠳᠠᠩ ᠮᠠᠨᠠᠨ᠂ ᠰᠤᠯᠤᠩᠭ᠎ᠠ

《ᠭᠠᠯ》 ᠲᠠᠢ ᠪᠠᠨ ᠶᠠᠪᠤᠭᠰᠠᠨ ᠴᠠᠭ ᠲᠤ᠌

ᠴᠦᠷᠬᠦ ᠨᠢ ᠲᠠᠰᠤᠷᠠᠳᠠᠭ ᠦᠭᠡᠢ

ᠴᠦᠬᠦᠷᠡᠯ ᠳ᠋ᠤ᠌ ᠰᠦᠭᠦᠳᠦᠳᠡᠭ ᠦᠭᠡᠢ᠃

ᠭᠤᠷᠪᠠ

ᠲᠡᠭᠷᠢ ᠶ᠋ᠢᠨ ᠬᠢᠵᠠᠭᠠᠷ ᠲᠤ᠌ ᠱᠤᠤᠭᠢᠵᠤ ᠬᠦᠷᠬᠦ

ᠲᠠᠢᠨ᠎ᠤ ᠰᠤᠮᠤ — ᠭᠠᠯ ᠠᠶᠠᠨ᠃

ᠦᠬᠡᠷ ᠫᠤᠤ᠂ ᠢᠳᠡᠭᠡᠯ ᠪᠢᠰᠢᠷᠡᠯ᠎ᠤᠨ ᠢᠳᠡ ᠲᠠᠮᠢᠷ

ᠨᠤᠭᠤᠷᠡᠯ ᠪᠦᠳᠦᠷᠢᠯ ᠳ᠋ᠤ᠌ ᠡᠷᠴᠢ ᠨᠢ ᠬᠠᠷᠢᠳᠠᠭ ᠦᠭᠡᠢ᠃

ᠲᠦᠷᠪᠡ

ᠪᠠᠢᠯᠳᠤᠭᠠᠨ ᠪᠤᠯᠭᠠᠨ᠎ᠤ ᠢᠯᠠᠭᠤᠭᠰᠠᠨ ᠠᠮᠵᠢᠯᠳᠠ

ᠪᠠᠷᠴᠢᠳ᠎ᠢ ᠠᠷᠢᠯᠭᠠᠬᠤ ᠠᠷᠢᠭᠣᠨ ᠲᠦᠯᠤ — ᠭᠠᠯ ᠠᠶᠠᠨ᠃

ᠰᠦᠵᠢᠭ᠌ ᠨᠢ ᠦᠨᠡᠨ᠂ ᠰᠡᠳᠬᠢᠯ ᠨᠢ ᠨᠢᠭᠡ

ᠵᠤᠷᠢᠭ᠋ ᠨᠢ ᠬᠠᠳᠠᠭᠤ᠂ ᠵᠤᠷᠢᠯᠳᠠ ᠨᠢ ᠲᠤᠳᠤ

ᠲᠠᠪᠤ

ᠭᠠᠵᠠᠷ ᠤ᠋ᠨ ᠨᠢᠷᠤᠭᠤ ᠬᠤᠳᠤᠯᠵᠠᠭᠤᠯᠤᠮ᠎ᠠ

ᠭᠠᠨᠵᠤᠭ᠎ᠠ ᠲᠦᠭᠦᠷᠡᠩ ᠤᠯᠵᠠ — ᠭᠠᠯ ᠠᠶᠠᠨ᠃

ᠮᠤᠷᠳᠠᠭᠰᠠᠨ ᠴᠠᠭ ᠨᠢ ᠬᠡᠢᠮᠤᠷᠢ

ᠭᠠᠷᠤᠭᠰᠠᠨ ᠵᠦᠭ ᠨᠢ ᠢᠪᠡᠭᠡᠯ

ᠵᠢᠷᠭᠤᠭ᠎ᠠ

ᠵᠠᠭᠤᠨ ᠲᠠᠮᠵᠢᠨ ᠦᠷᠭᠦᠯᠵᠢᠯᠡᠭᠰᠡᠨ

ᠵᠠᠭᠤᠳᠡᠯ ᠬᠠᠳᠠᠭᠤ ᠠᠨᠳᠠᠭᠠᠢ — ᠭᠠᠯ ᠠᠶᠠᠨ᠃

ᠦᠳᠡᠰᠢ ᠦᠳᠡᠰᠢ ᠶ᠋ᠢᠨ ᠬᠠᠷᠠᠩᠭᠤᠢ ᠶ᠋ᠢ ᠤᠳᠤᠳ ᠤ᠋ᠨ ᠭᠡᠭᠡ ᠪᠠᠷ ᠰᠦᠯᠡᠵᠤ

ᠡᠳᠤᠷ ᠡᠳᠤᠷ ᠤ᠋ᠨ ᠨᠠᠷᠠ ᠶ᠋ᠢ ᠢᠳᠡᠭᠡᠯ ᠤ᠋ᠨ ᠲᠠᠩᠭᠠᠷᠢᠬ ᠵᠢᠡᠷ ᠨᠠᠢᠷᠠᠳᠠᠭ

ᠦᠨᠡᠨ ᠴᠠᠭᠠᠨ ᠤ᠋ ᠲᠡᠭᠦᠰᠭᠡᠯ ᠦᠭᠡᠢ ᠲᠠᠭᠤᠤ ᠪᠠᠷ

ᠦᠯᠵᠡᠢ ᠵᠢᠷᠭᠠᠯᠳᠤ ᠡᠬᠡ ᠤᠯᠤᠰ ᠮᠢᠨᠢ ᠮᠦᠩᠭᠡ ᠵᠢᠷᠭᠠᠬᠤ ᠨᠢ ᠡ !


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄ ᠨᠤ·ᠴᠢᠯᠠᠭᠤᠨᠪᠠᠭᠠᠨ᠎ᠠ

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面