ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-04 11:36:57

ᠵᠣᠬᠢᠶᠠᠭ᠍ᠴᠢ᠄ ᠬᠠᠷᠠᠨᠣᠳ ᠣᠷᠠᠯᠢᠭ᠋ ​ ᠣᠩᠱᠢᠭ᠍ᠰᠠᠨ ᠣᠳᠠᠭ᠎ᠠ᠄ 3

ᠨᠢᠬᠡ ᠨᠠᠪᠴᠢ ᠬᠣᠶᠠᠷ ᠨᠠᠪᠴᠢ ᠵᠣᠨᠵᠢᠨ ᠲᠠᠭᠣᠯᠠᠨ᠎ᠠ

ᠨᠢᠬᠡ ᠯᠡ ᠰᠦᠨᠢ ᠶ᠋ᠢᠨ ᠬᠣᠭᠣᠷᠣᠨᠳᠣ᠌ ᠬᠦᠷᠢᠶ᠎ᠡ ᠲᠦᠬᠦᠷᠡᠩ ᠨᠠᠪᠴᠢᠰ ᠪᠦᠵᠢᠨ᠎ᠡ

ᠶᠠᠮᠡᠷ ᠶᠡᠬᠡ ᠬᠠᠢᠷᠡᠳᠡᠢ ᠶ᠋ᠢ ᠮᠢᠨᠢ ᠮᠡᠳᠡᠬᠦ ᠶᠤᠮ ᠪᠣᠯ

ᠶᠠᠳᠠᠵᠦ ᠴᠢ ᠨᠢᠬᠡᠨ ᠨᠠᠮᠣᠷ ᠤ᠋ᠨ ᠪᠣᠷᠣᠭᠠᠨ ᠢ᠋ᠶ᠋ᠠᠷ ᠨᠠᠪᠴᠢᠰ ᠢ᠋ ᠲᠣᠭᠠᠯᠠᠭᠠᠳ ᠢᠷᠡᠬᠡᠷᠡᠢ

ᠶᠠᠯᠢᠩ ᠰᠠᠷᠡᠨ᠎ᠤ ᠲᠣᠶᠠᠭᠠᠨ ᠳ᠋ᠥ ᠬᠠᠷᠢᠭᠣᠯᠳᠡ ᠨᠢ ᠲᠡᠨᠳᠡ ᠪᠣᠢ

ᠭᠣᠷᠪᠡᠨ ᠨᠠᠪᠴᠢ ᠲᠦᠷᠪᠡᠨ ᠨᠠᠪᠴᠢ ᠨᠠᠮᠣᠷᠵᠢᠨ ᠢᠰᠬᠡᠷᠦᠨ᠎ᠡ

ᠭᠣᠣᠯ ᠤ᠋ᠨ ᠡᠷᠬᠢ ᠳ᠋ᠥ ᠪᠠᠭᠳᠠᠭ᠎ᠠ ᠦᠬᠡᠢ ᠡᠩᠬᠡᠷ ᠲᠦᠬᠦᠷᠡᠩ ᠨᠠᠪᠴᠢᠰ ᠠᠯᠳᠠᠷᠡᠨ᠎ᠡ

ᠶᠠᠮᠡᠷ ᠶᠡᠬᠡ ᠬᠠᠢᠷᠡᠳᠡᠢ ᠶ᠋ᠢ ᠮᠢᠨᠢ ᠮᠡᠳᠡᠬᠦ ᠶᠤᠮ ᠪᠣᠯ

ᠶᠠᠭᠠᠬᠢᠬᠣ᠌ ᠳ᠋ᠠᠭᠠᠨ ᠴᠢ ᠴᠡᠰᠣᠨ᠎ᠤ ᠰᠢᠷᠬᠡᠭ ᠢ᠋ ᠪᠦᠷᠢᠳᠬᠡᠬᠡᠳ ᠢᠷᠡᠬᠡᠷᠡᠢ

ᠶᠠᠭ ᠴᠢᠨᠣ᠌ ᠲᠣᠭᠠᠨ ᠳ᠋ᠥ ᠴᠢᠨᠢ ᠲᠠᠭᠠᠷᠠᠭᠣᠯᠣᠮᠡᠷ ᠬᠠᠷᠢᠭᠣᠯᠳᠡ ᠨᠢ ᠲᠡᠨᠳᠡ ᠪᠣᠢ

ᠬᠦᠮᠦᠨ᠎ᠤ ᠪᠢᠴᠢᠭᠰᠡᠨ ᠰᠢᠯᠦᠭ ᠢ᠋ ᠪᠣᠯᠵᠣᠮᠣᠷ ᠡᠨᠳᠡᠬᠦᠷᠡᠭᠡᠳ ᠵᠢᠷᠬᠢᠳᠡᠭ ᠪᠣᠯᠪᠡ ᠤᠤ

ᠬᠡᠨᠡᠨ ᠬᠠᠢᠷ᠎ᠡ ᠶ᠋ᠢᠨ ᠲᠠᠭᠣᠣ ᠪᠡᠨ ᠠᠯᠢ ᠬᠡᠳᠦᠢᠨ ᠨᠠᠪᠴᠢᠨ ᠳ᠋ᠥ ᠵᠠᠬᠢᠭ᠍ᠰᠡᠨ ᠪᠢᠯᠡ ᠤᠤ

ᠶᠠᠪᠣᠭᠠᠳ ᠯᠡ ᠠᠭᠣᠯᠵᠡᠮᠡᠷ ᠬᠠᠴᠢᠨ ᠪᠣᠳᠣᠯ  ᠴᠡᠬᠡᠵᠢᠨ ᠳ᠋ᠣᠨᠢ ᠣᠷᠭᠣᠳᠠᠭ ᠪᠣᠯᠪᠡ ᠤᠤ

ᠡᠯᠡᠬᠡᠬᠦ ᠠᠮᠢᠳᠣᠷᠡᠯ ᠤ᠋ᠨ ᠨᠠᠮᠠᠵᠣ᠌ ᠬᠣᠷᠣᠬ᠍ᠳᠠᠬᠣ᠌ ᠵᠢᠮ᠎ᠡ ᠶ᠋ᠢ ᠨᠠᠪᠴᠢᠰ ᠮᠡᠳᠡᠳᠡᠭ ᠪᠣᠯᠪᠡ ᠤᠤ

ᠲᠡᠪᠣᠨ ᠨᠠᠪᠴᠢ ᠵᠢᠷᠭᠣᠭᠠᠨ ᠨᠠᠪᠴᠢ ᠡᠬᠦᠪᠡᠷ ᠲᠡᠬᠦᠪᠡᠷ ᠵᠣᠯᠭᠠᠷᠡᠨ᠎ᠡ

ᠲᠡᠯᠬᠡᠷᠡᠬᠦ ᠬᠠᠪᠣᠷ ᠡᠰᠡᠨᠢᠯ ᠢ᠋ᠶ᠋ᠠᠷ ᠮᠦᠴᠢᠷ ᠪᠣᠯᠭᠠᠨ ᠳ᠋ᠥ ᠨᠠᠪᠴᠢᠰ ᠠᠮᠢᠯᠡᠨ᠎ᠡ

ᠶᠠᠮᠠᠷ ᠶᠡᠬᠡ ᠬᠠᠢᠷᠡᠳᠡᠢ ᠶ᠋ᠢ ᠮᠢᠨᠢ ᠮᠡᠳᠡᠬᠦ ᠶᠤᠮ ᠪᠣᠯ

ᠠᠯᠠᠭᠠᠨ ᠳ᠋ᠥ ᠴᠢᠨᠢ ᠪᠠᠭᠳᠠᠬᠣ᠌ ᠡᠯᠡᠰᠣᠨ ᠰᠢᠷᠬᠡᠭ ᠢ᠋ ᠦᠷᠡᠵᠢᠬᠦᠯᠣᠬᠡᠳ ᠢᠷᠡᠬᠡᠷᠡᠢ

ᠣᠷᠣᠭᠣᠯ ᠲᠠᠪᠠᠭ᠎ᠠ ᠦᠭᠡᠢ ᠨᠢᠭᠣᠴᠠᠬᠠᠨ ᠬᠠᠢᠷ᠎ᠡ ᠴᠢᠮ᠎ᠡ ᠳ᠋ᠥ ᠶᠡᠬᠡᠳᠡᠬᠦ ᠪᠡᠢᠯᠬᠦᠢ

ᠲᠣᠯᠣᠭᠠᠨ ᠨᠠᠪᠴᠢ ᠨᠠᠢ᠍ᠮᠡᠨ ᠨᠠᠪᠴᠢ ᠰᠠᠨᠠᠭ᠎ᠠ ᠠᠯᠳᠠᠳᠠᠯ᠎ᠠ ᠪᠡᠨ ᠬᠡᠶᠣᠷᠡᠨ᠎ᠡ

ᠲᠣᠳᠠᠭᠣ᠌ ᠲᠦᠬᠦᠷᠡᠩ ᠬᠣᠶᠠᠷ ᠢ᠋ ᠲᠡᠩᠴᠡᠬᠦᠯᠬᠦ ᠬᠡᠵᠦ ᠨᠠᠪᠴᠢᠰ ᠰᠠᠨᠠᠭᠠᠰᠢᠷᠡᠨ᠎ᠡ

ᠶᠠᠮᠡᠷ ᠶᠡᠬᠡ ᠬᠠᠢᠷᠡᠳᠡᠢ ᠶ᠋ᠢ ᠮᠢᠨᠢ ᠮᠡᠳᠡᠬᠦ ᠶᠤᠮ ᠪᠣᠯ

ᠨᠡᠷᠡᠨ᠎ᠤ ᠬᠡᠷᠡᠯ ᠢ᠋ ᠰᠦᠪᠡᠯᠡᠵᠦ ᠪᠠᠷᠢᠴᠢᠬᠠᠭᠠᠳ ᠲᠡᠬᠢᠭᠠᠳ ᠠᠰᠠᠭᠣᠵᠦ ᠦᠵᠡᠬᠡᠷᠡᠢ

ᠣᠨ ᠰᠠᠷ᠎ᠡ ᠶ᠋ᠢᠨ ᠨᠣᠬᠣᠴᠢᠭ᠎ᠠ ᠰᠠᠢᠬᠠᠨ ᠴᠢᠮ᠎ᠡ ᠳ᠋ᠥ ᠪᠠᠭᠠᠳᠠᠬᠣ᠌ ᠪᠠᠢᠯᠬᠦᠢ

ᠴᠢᠮ᠎ᠡ ᠳ᠋ᠥ ᠪᠢᠴᠢᠭᠰᠡᠨ ᠰᠢᠯᠦᠭ ᠢ᠋ ᠦᠷᠣᠬᠡᠯ ᠬᠦᠮᠣᠨ ᠣᠩᠰᠢᠳᠠᠭ

ᠴᠠᠭᠯᠠᠰᠢ ᠦᠭᠡᠢ ᠬᠠᠢᠷ᠎ᠡ ᠶ᠋ᠢ ᠲᠡᠳᠡ ᠦᠪᠡᠷ ᠤ᠋ᠨ ᠢ᠋ᠶ᠋ᠠᠨ ᠪᠣᠯᠭᠠᠵᠦ ᠣᠨᠢᠰᠣᠯᠡᠨ᠎ᠡ

ᠪᠣᠷᠣᠭᠣᠳᠬᠠᠯ ᠳ᠋ᠥ ᠦᠨᠣᠴᠢᠷᠡᠭᠰᠡᠨ ᠪᠠᠳᠠᠭ ᠰᠢᠯᠦᠭ ᠤ᠋ᠨ ᠦᠬᠡᠰ

ᠪᠣᠳᠣᠭ ᠨᠢ ᠣᠨᠠᠭ᠍ᠰᠡᠨ ᠨᠠᠪᠴᠢᠰ ᠬᠡᠮᠡᠷᠬᠡᠨ ᠰᠠᠯᠬᠢᠨ ᠳ᠋ᠥ ᠠᠶᠠᠷᠬᠠᠨ ᠬᠡᠢᠰᠣᠨ᠎ᠡ

ᠶᠠᠮᠡᠷ ᠶᠡᠬᠡ ᠬᠠᠢᠷᠡᠳᠡᠢ ᠶ᠋ᠢ ᠮᠢᠨᠢ ᠮᠡᠳᠡᠬᠦ ᠶᠤᠮ ᠪᠣᠯ

ᠶᠠᠳᠠᠵᠦ ᠨᠢᠬᠡᠨ ᠨᠠᠮᠣᠷ ᠤ᠋ᠨ ᠪᠣᠷᠣᠭᠠᠨ ᠢ᠋ᠶ᠋ᠠᠷ ᠨᠠᠪᠴᠢᠰ ᠢ᠋ ᠲᠡᠭᠦᠬᠡᠳ ᠬᠠᠢᠭᠠᠷᠡᠢ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面