ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-11 11:18:35

ᠵᠣᠬᠢᠶᠠᠭ᠍ᠴᠢ᠄ ᠳᠦᠷᠪᠡᠳ ᠨᠠᠷᠠᠩᠭᠤᠸ᠎ᠠ ᠣᠩᠱᠢᠭ᠍ᠰᠠᠨ ᠣᠳᠠᠭ᠎ᠠ᠄ 3

ᠮᠦᠩᠭᠦᠨ ᠰᠢᠬᠦᠳᠡᠷᠢ ᠨᠠᠪᠴᠢᠨ᠎ᠠ ᠪᠦᠮᠪᠦᠭᠡᠨᠡᠵᠦ

ᠮᠦᠯᠢᠭᠦᠨ ᠵᠢᠪᠡᠷ ᠠᠯᠤᠰ ᠠ᠋ᠴᠠ ᠰᠡᠩᠭᠢᠨᠡᠨ᠎ᠡ

ᠶᠠᠮᠠᠷ ᠰᠡᠷᠢᠭᠦᠨ ᠨᠠᠮᠤᠷ ᠪᠤᠢ


ᠴᠢᠨᠤ ᠪᠦᠲᠦᠭᠡᠭᠰᠡᠨ ᠳᠠᠭᠤᠤ ᠪᠠᠷ ᠨᠠᠢᠷ ᠦᠨᠳᠦᠷᠯᠡᠵᠦ

ᠴᠢᠩ ᠴᠢᠩ ᠤ᠋ᠨ ᠴᠠᠭᠠᠨ ᠲᠤᠭᠤᠷᠤᠤ ᠡᠮᠦᠨᠡᠰᠢ ᠨᠢᠰᠦᠨ᠎ᠡ

ᠶᠠᠮᠠᠷ ᠬᠦᠭᠵᠢᠯᠲᠡᠢ ᠨᠠᠮᠤᠷ ᠶᠤᠮ ᠪᠤᠢ


ᠬᠠᠳᠤᠯᠠᠩ ᠤ᠋ᠨ ᠳᠠᠷᠠᠭ᠎ᠠ ᠭᠡᠵᠦ ᠬᠤᠶᠠᠭᠤᠯᠠ ᠪᠤᠯᠵᠤᠬᠤ ᠳ᠋ᠤ᠌

ᠬᠠᠷ᠎ᠠ ᠡᠳᠦᠷ ᠪᠤᠷᠤ ᠬᠤᠨᠤᠭ ᠬᠠᠱᠠᠩ ᠦᠬᠡᠷ ᠰᠢᠭ ᠦᠩᠭᠡᠷᠡᠨ᠎ᠡ

ᠶᠠᠮᠠᠷ ᠤᠷᠲᠤ ᠨᠠᠮᠤᠷ ᠶᠤᠮ ᠪᠤᠢ


ᠨᠤᠢᠷ ᠬᠤᠯᠵᠢᠭᠠᠮ᠎ᠠ ᠵᠢᠷᠭᠢᠷ᠎ᠡ ᠵᠢᠷᠭᠢᠵᠦ

ᠨᠤᠲᠤᠭ ᠢ᠋ᠶ᠋ᠠᠨ ᠤᠷᠬᠢᠭᠠᠳ ᠦᠬᠢᠨ ᠮᠢᠨᠢ ᠮᠤᠷᠳᠠᠨ᠎ᠠ

ᠶᠠᠮᠠᠷ ᠤᠶᠠᠷᠠᠯᠲᠦ ᠨᠠᠮᠤᠷ ᠶᠤᠮ ᠪᠤᠢ


ᠨᠠᠷᠢᠨ ᠪᠤᠷᠤᠭᠠᠨ ᠬᠤᠨᠤᠭ ᠦᠨᠵᠢᠨ ᠰᠢᠪᠡᠷᠡᠬᠦ ᠳ᠋ᠤ᠌

ᠨᠠᠷᠠ ᠤᠷᠭᠤᠬᠤ ᠵᠦᠭ ᠠ᠋ᠴᠠ ᠠᠬ᠎ᠠ ᠮᠢᠨᠢ ᠢᠷᠡᠬᠦ ᠰᠢᠭ

ᠶᠠᠮᠠᠷ ᠤᠢᠲᠠᠢ ᠨᠠᠮᠤᠷ ᠶᠤᠮ ᠪᠤᠢ


ᠨᠠᠭᠠᠳᠴᠤ ᠶᠠᠪᠤᠭᠰᠠᠨ ᠢ᠋ᠶ᠋ᠠᠨ ᠡᠷᠭᠢᠴᠡᠭᠦᠯᠬᠦ ᠳ᠋ᠤ᠌᠂ ᠴᠢ ᠪᠢᠳᠡ ᠬᠤᠶᠠᠷ

ᠨᠠᠰᠤᠨ ᠠ᠋ᠴᠠ ᠪᠠᠨ ᠡᠷᠲᠡ ᠦᠲᠡᠯᠬᠦ ᠰᠢᠭ

ᠶᠠᠭᠠᠬᠢᠭ᠍ᠰᠠᠨ ᠮᠦᠷᠦᠭᠡᠳᠦᠯᠲᠦ ᠨᠠᠮᠤᠷ ᠶᠤᠮ ᠪᠤᠢ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面