ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-18 11:20:18

ᠵᠣᠬᠢᠶᠠᠭ᠍ᠴᠢ᠄ ᠮ·ᠰᠡᠴᠡᠨᠪᠠᠭᠠᠳᠣᠷ ᠣᠩᠱᠢᠭ᠍ᠰᠠᠨ ᠣᠳᠠᠭ᠎ᠠ᠄ 3

ᠨᠠᠮᠤᠷ᠎ᠤᠨ ᠪᠤᠷᠣᠭᠠᠨ

ᠨᠠᠪᠴᠢᠨ ᠳᠡᠭᠡᠷ᠎ᠡ ᠱ᠌ᠠᠷᠴᠢᠭᠢᠨᠡᠬᠣ ᠨᠢ ᠳᠠᠩᠴᠦ ᠲᠣᠳᠤ

ᠵᠢᠷᠭᠢᠷ᠎ᠡ᠎ᠶᠢᠨ ᠳᠠᠭᠤ ᠬᠠᠮᠢᠭᠠᠰᠢ ᠤᠳᠪᠠ


ᠨᠢᠰᠴᠦ ᠶᠠᠪᠤᠭ᠎ᠠ ᠰᠢᠪᠠᠭᠤᠳ᠎ᠤᠨ

ᠭᠠᠵᠠᠷ᠎ᠲᠤ ᠰᠢᠭᠢᠳᠭᠡᠭᠰᠡᠨ ᠪᠢᠴᠢᠭᠡᠰᠦ —

《 ᠵᠤᠷᠢᠪᠠᠰᠤ ᠬᠦᠷᠦᠮᠣᠢ ᠁ 》


ᠡᠮᠸ ᠮᠢᠨᠢ ᠦᠬᠡᠢ ᠴᠠᠭᠠᠨ ᠰᠠᠷ᠎ᠠ

ᠡᠵᠡᠬᠦᠢ ᠠᠷᠠᠯ ᠰᠢᠭ᠋ ᠮᠠᠨᠠᠢᠬᠢ᠎ᠪᠠᠷ

ᠠᠢ᠂ ᠬᠡᠨ ᠴᠤ᠌ ᠱᠠᠭᠠᠢᠭᠰᠠᠨ ᠦᠬᠡᠢ


ᠬᠠᠷᠢᠭ᠎ᠠ ᠦᠬᠡᠢ ᠤᠳᠠᠵᠠᠢ

ᠨᠣᠲᠤᠭ᠎ᠤᠨ ᠳᠠᠭᠤᠤ᠎ᠪᠠᠨ ᠰᠤᠨᠤᠰᠬᠤ ᠪᠦᠷᠢ

ᠨᠢᠯᠪᠤᠰᠣ᠌ ᠠᠰᠬᠠᠷᠠᠬᠤ ᠶᠤᠮ


ᠬᠥᠯᠦᠭ᠎ᠦᠨ ᠲᠤᠭᠤᠷᠠᠢ ᠳᠡᠯᠡᠬᠡᠢ ᠯᠢᠮᠪᠦᠳᠡᠵᠦ

ᠤᠶᠠᠭᠠᠨ ᠳᠡᠭᠡᠷ᠎ᠡ ᠬᠡᠢᠴᠢᠨ ᠪᠠᠭᠤᠨ᠎ᠠ

ᠴᠠᠢ ᠤᠯᠠᠮ ᠯᠡ ᠢᠳᠡᠭᠡᠰᠢᠨ᠎ᠡ


ᠥᠴᠦᠭᠡᠳᠦᠷ ᠰᠥᠨᠢ᠎ᠶᠢᠨ ᠰᠠᠷᠠ

ᠦᠬᠢᠳ᠎ᠦᠨ ᠬᠥᠯ᠎ᠦᠨ ᠴᠢᠮᠡᠭᠡ᠎ᠪᠠᠷ

ᠬᠥᠲᠦᠯ ᠳᠠᠪᠠᠬᠤ ᠦᠬᠡᠢ ᠬᠠᠱᠠᠩ


ᠠᠮᠢᠳᠤᠷᠠᠬᠤ ᠰᠠᠢᠬᠠᠨ ᠭᠡᠵᠦ ᠵᠢᠳᠭᠦᠯ᠎ᠡ

ᠠᠶ᠎ᠠ᠂ ᠶᠢᠷᠳᠢᠨᠴᠤ᠎ᠶᠢᠨ ᠭᠠᠵᠠᠷ

ᠠᠯᠬᠤᠮ ᠪᠦᠷᠢ ᠬᠢᠷᠠᠭᠤ ᠲᠠᠢ


《ᠡᠨᠡ ᠰᠠᠷᠠᠨ᠎ᠤ ᠲᠡᠷᠭᠡᠯᠭᠡᠨ᠎ᠢ ᠡ

ᠦᠵᠡ ᠳᠠ᠂ ᠢᠷᠡᠭᠡᠳ ᠁ 》 ᠭᠡᠵᠦ

ᠪᠦᠷᠢᠶ᠎ᠡ ᠬᠤᠷᠤᠬᠠᠢ ᠡᠵᠢ᠎ᠪᠠᠨ ᠳᠠᠭᠤᠳᠠᠨᠠᠮ


ᠠᠶᠠᠭ᠎ᠠ ᠲᠠᠢ ᠴᠠᠢ᠎ᠳᠤ ᠬᠥᠪᠦᠭᠰᠡᠨ

ᠰᠢᠷ᠎ᠠ ᠲᠣᠰᠤ

ᠵᠢᠭᠠᠰᠤ ᠮᠡᠲᠦ ᠳᠠᠭᠤ ᠦᠬᠡᠢ


ᠡᠪᠡᠳᠦᠭᠡ ᠦᠬᠡᠢ ᠰᠤᠭᠲᠤᠭ᠎ᠠ ᠦᠬᠡᠢ

ᠬᠡᠨᠡᠳᠲᠡ ᠶᠠᠭᠤ ᠴᠤ᠌ ᠪᠤᠳᠣᠬᠤ ᠦᠬᠡᠢ

ᠤᠨᠲᠠᠮᠠᠷ ᠰᠠᠨᠠᠭᠳᠠᠭᠠᠳ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面