2026-11-18 11:54:23
ᠴᠡᠴᠡᠭᠡᠰ ᠨᠡᠭᠦᠭᠡᠳ ᠯᠠ
ᠴᠡᠴᠡᠭᠬᠡᠨ ᠪᠣᠳᠣᠯ ᠤ᠋ᠳ
ᠳᠠᠨᠵᠢᠶᠢᠨ ᠡᠷᠪᠡᠬᠡᠢ ᠵᠢ ᠣᠶᠠᠷᠠᠭᠠᠭᠠᠳ
ᠴᠢᠨᠤ ᠯᠠ ᠳᠣᠷᠠᠲᠠᠢ ᠪᠣᠷᠣᠬᠠᠨ ᠴᠡᠴᠡᠭ ᠢ᠋
ᠬᠠᠢᠷᠠᠯᠠᠵᠣ᠌᠂ ᠪᠠᠰᠠ ᠬᠠᠷᠠᠮᠨᠠᠵᠣ᠌ ᠲᠡᠭᠦᠯ᠎ᠡ
ᠴᠡᠴᠡᠭ ᠤ᠋ᠨ ᠭᠠᠭᠴᠠ ᠲᠠᠯᠪᠢ ᠨᠢ
ᠪᠢ ᠪᠠᠢᠭᠰᠠᠨ ᠪᠣᠯ ᠁
ᠴᠡᠴᠡᠭ ᠦᠭᠡᠢ ᠮᠤᠳᠤᠨ ᠤ᠋ ᠳᠡᠷᠭᠡᠲᠡ
ᠳᠤᠭᠤᠢᠬᠠᠨ ᠦᠩᠭᠡᠷᠡᠬᠦ ᠰᠠᠯᠬᠢᠨ ᠡᠴᠡ
ᠲᠤᠷᠠᠯᠠᠯᠢᠶᠠᠨ ᠬᠠᠢᠵᠤ ᠵᠤᠭᠰᠤᠯ᠎ᠠ
ᠮᠤᠳᠤᠳ ᠲᠤᠬᠢᠯᠵᠠᠬ᠍ᠰᠠᠨ ᠦᠭᠡᠢ
ᠰᠠᠯᠬᠢ ᠢᠯᠪᠢᠭᠰᠡᠨ ᠦᠭᠡᠢ
ᠴᠡᠴᠡᠭᠡᠰ ᠨᠡᠭᠦᠭᠰᠡᠨ ᠦᠭᠡᠢ
ᠴᠢ ᠮᠢᠨᠢ ᠢᠷᠡᠭᠡ ᠦᠭᠡᠢ
ᠪᠢ ᠵᠦᠪᠬᠡᠨ
ᠪᠠᠷᠠᠭᠣᠨ ᠤ᠋ ᠰᠠᠯᠬᠢᠨ
ᠪᠠᠷᠤᠢᠭᠠᠳ ᠨᠡᠭᠦᠬᠦ ᠡᠭᠦᠯᠡ
ᠭᠠᠭᠴᠠᠬᠠᠨ ᠴᠦ᠍ ᠪᠤᠯᠤᠭ
ᠭᠠᠩᠳᠠᠰᠢ ᠦᠭᠡᠢ ᠲᠠᠯ᠎ᠠᠶᠢᠨ ᠶ᠋ᠢᠡᠨ ᠭᠦᠨ ᠳ᠋ᠦ᠍
ᠴᠢᠮᠡᠭᠡ ᠦᠭᠡᠢᠬᠡᠨ ᠲᠣᠨᠢᠷᠬᠠᠬᠣ᠌
ᠴᠡᠴᠡᠭ ᠪᠠᠢᠬᠣ᠌ ᠰᠠᠢᠬᠠᠨ
ᠴᠡᠴᠡᠭᠡᠰ ᠲᠠᠭᠠᠯᠠᠭᠰᠠᠨ ᠰᠠᠯᠬᠢᠨᠳᠤ
ᠮᠦᠰᠢᠶᠡᠨ ᠳᠣᠬᠢᠯᠵᠠᠨ ᠨᠠᠭᠠᠰᠢᠯᠠᠬᠤ ᠨᠢ
ᠴᠢᠨᠦ ᠪᠠᠷ᠎ᠠ ᠁
ᠴᠡᠴᠡᠭᠡᠰ ᠲᠦ᠍ ᠬᠡᠷᠪᠡ ᠦᠩᠭᠡ ᠦᠭᠡᠢ ᠪᠣᠯ
ᠮᠢᠨᠦ ᠶᠢᠷᠲᠢᠨᠴᠦ ᠡᠵᠡᠭᠦᠢᠷᠡᠵᠦ
ᠴᠠᠮᠢᠨ ᠰᠡᠳᠬᠢᠯ ᠮᠢᠨᠢ
ᠡᠭᠡᠰᠢᠭ ᠠᠶᠠᠯᠭᠤᠨᠢᠶᠠᠷ ᠳᠤᠲᠠᠨ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃