ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-18 11:43:21

ᠵᠣᠬᠢᠶᠠᠭ᠍ᠴᠢ᠄ ᠵᠠ᠊ · ᠷᠢᠨᠴᠢᠨ ᠣᠩᠱᠢᠭ᠍ᠰᠠᠨ ᠣᠳᠠᠭ᠎ᠠ᠄ 3

ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠴᠠᠭ᠎ᠤᠨ ᠭᠠᠳᠠᠭ᠎ᠠ᠎ᠨᠢ ᠪᠠᠢᠬᠤ᠎ᠪᠠᠷ᠎ᠢᠶᠠᠨ ᠪᠢᠳᠡ ᠶᠠᠭᠠᠬᠢᠵᠤ ᠴᠢᠳᠠᠬᠤ ᠪᠤᠢ

ᠽᠠᠮᠪᠦᠯᠢᠩ᠎ᠤᠨ ᠮᠡᠯᠮᠡᠢ᠎ᠠᠴᠠ ᠠᠯᠳᠠᠷᠠᠨ ᠠᠯᠳᠠᠬᠤ᠎ᠨᠢ ᠨᠡᠢᠲᠡ ᠵᠡᠬᠦᠳᠦᠨ᠎ᠤ ᠬᠠᠭᠤᠯᠪᠤᠷᠢ

ᠪᠢᠳᠡ ᠱᠤᠯᠤᠭᠠᠨᠠᠯᠳᠤᠵᠤ ᠡᠰᠡᠬᠦᠯ᠎ᠡ ᠨᠤᠢᠷ ᠬᠤᠯᠵᠢᠭᠠᠳ ᠨᠡᠮᠡᠷᠢ ᠪᠠᠢᠨ᠎ᠠ ᠭᠡᠵᠢ ᠤᠤ ᠳ᠋ᠧ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠠᠭᠤᠯᠠᠰ ᠲᠠᠮᠠᠬᠢᠯᠠᠵᠤ ᠪᠠᠢᠭ

ᠤᠷᠤᠭᠤᠯ᠎ᠳᠤᠨᠢ ᠤᠪᠤᠷ ᠲᠤᠪᠤᠷ ᠤᠭ᠍ᠳᠤ ᠦᠭᠡᠢ ᠠᠭᠠᠳ

ᠤᠳᠠᠭᠠᠨ ᠭᠡᠭ᠌ᠴᠢ ᠬᠦᠦᠷᠨᠢᠯᠳᠦᠵᠦ᠍ ᠪᠠᠢᠬᠤ᠎ᠶ᠋ᠢ᠎ᠨᠢ ᠬᠠᠷᠠᠵᠤ ᠯᠡ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠤᠰᠤ ᠤᠷᠤᠰᠴᠤ᠌ ᠯᠡ ᠪᠠᠢᠭ

ᠡᠭᠡᠯᠵᠢ ᠬᠠᠯᠠᠭ᠎ᠠ ᠦᠭᠡᠢ ᠲᠠᠭᠤᠯᠠᠯᠳᠤᠵᠤ ᠪᠠᠢᠬᠤ ᠠᠲᠠᠯ᠎ᠠ

ᠲᠤᠭᠤᠰᠤ ᠲᠤᠷᠬᠢᠭ᠎ᠠ ᠦᠭᠡᠢ ᠬᠤᠭᠤᠯᠠᠢ᠎ᠨᠢ ᠭᠠᠢᠬᠠᠭᠤᠯᠵᠤ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠬᠠᠷ᠎ᠠ ᠱᠢᠷᠤᠢ ᠨᠠᠮ ᠬᠥᠮ ᠪᠠᠢᠭ

ᠠᠮᠢ ᠨᠠᠰᠤ ᠵᠤᠯ ᠵᠢᠷᠭᠠᠯ ᠁ ᠪᠦᠬᠦ᠌ ᠶᠠᠭᠤᠮ᠎ᠠ᠎ᠶ᠋ᠢ ᠡᠬᠦᠳᠦᠭ᠌ᠰᠡᠨ ᠪᠠᠢᠭᠠᠳ

ᠠᠮᠢᠰᠭᠤᠯ᠎ᠢᠶᠠᠨ ᠬᠦᠷᠳᠡᠯ᠎ᠡ ᠲᠠᠷᠤᠭᠠᠳ ᠪᠢᠱᠢᠯᠭᠠᠵᠤ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠰᠠᠯᠬᠢ ᠴᠡᠯ ᠵᠠᠯᠠᠭᠤ᠎ᠪᠠᠷ᠎ᠢᠶᠠᠨ ᠪᠠᠢᠭ

ᠬᠦᠭ᠌ᠵᠢᠮ᠎ᠤᠨ ᠡᠭᠡᠱᠢᠭ᠌ᠯᠡᠩ᠎ᠠᠴᠠ ᠢᠯᠡᠬᠦᠦ ᠢᠷᠠᠭᠤᠬᠠᠨ ᠠᠮᠢᠳᠤᠷᠠᠭᠠᠳ

ᠬᠦᠢ ᠨᠢᠭᠡᠳᠦᠯ᠎ᠤᠨ ᠦᠶ᠎ᠡ᠎ᠶ᠋ᠢᠨ᠎ᠬᠢ ᠱᠢᠭ᠎ᠢᠶᠠᠨ ᠬᠦᠩᠭᠡᠮᠰᠦᠭ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠡᠪᠡᠰᠦ ᠬᠠᠪᠤᠷ᠎ᠤᠨ ᠲᠠᠯᠠᠩ ᠲᠠᠪᠠᠳᠠᠯ᠎ᠠ ᠬᠦᠭᠡᠷᠡᠵᠦ᠍ ᠪᠠᠢᠭ

ᠬᠤᠷᠸ᠎ᠠ᠎ᠶ᠋ᠢᠨ ᠬᠤᠳᠤᠭᠤᠷ ᠬᠦᠳᠦᠬᠦᠷ᠎ᠢ ᠬᠤᠴᠢᠵᠤ ᠨᠢᠭᠤᠴᠢᠬᠠᠭᠠᠳ

ᠬᠤᠪᠳᠤᠯ ᠵᠢᠷᠦᠭᠡᠨ᠎ᠳᠤ ᠨᠤᠭᠤᠭᠠᠨ ᠤᠷᠴᠢᠯᠠᠩ᠎ᠤᠨ ᠳᠥᠷᠬᠦ᠌᠎ᠶ᠋ᠢ ᠶᠡᠬᠦᠯᠡᠵᠦ᠍ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠬᠡᠭᠡᠷ᠎ᠡ ᠬᠡᠷᠡᠮ ᠦᠭᠡᠢ᠎ᠪᠠᠷ᠎ᠢᠶᠠᠨ ᠪᠠᠢᠭ

ᠭᠠᠯ᠎ᠨᠢ ᠭᠠᠷᠬᠤ ᠦᠭᠡᠢ᠎ᠪᠠᠷ᠎ᠢᠶᠠᠨ ᠪᠠᠢᠭ

ᠭᠠᠷ ᠬᠦᠯ᠎ᠢᠶᠠᠨ ᠲᠠᠯᠪᠢᠬᠤ ᠭᠠᠵᠠᠷ᠎ᠢᠶᠠᠨ ᠤᠯᠬᠤ ᠦᠭᠡᠢ ᠢᠴᠢᠵᠦ᠍ ᠱᠢᠷᠪᠡᠭᠡᠳᠣᠵᠦ᠍ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠬᠤᠷᠳᠤᠨ ᠴᠦ᠍ ᠪᠤᠯᠤᠭ ᠤᠳᠠᠭᠠᠨ ᠴᠦ᠍ ᠪᠤᠯᠤᠭ ᠦᠩᠭᠡᠷᠡᠵᠦ᠍ ᠪᠠᠢᠭ

ᠬᠤᠸᠠᠩᠯᠢ ᠪᠠᠢᠬᠤ ᠴᠦ᠍ ᠪᠠᠢᠬᠤ ᠦᠭᠡᠢ ᠴᠦ᠍

ᠬᠤᠳᠠ᠎ᠶ᠋ᠢᠨ ᠲᠤᠳᠤᠨ᠎ᠠ ᠭᠠᠳᠠᠨ᠎ᠠ ᠬᠤᠷᠸ᠎ᠠ᠎ᠶ᠋ᠢᠨ ᠠᠯᠳᠠᠨ ᠲᠤᠭᠤᠰᠤ ᠨᠢᠰᠦᠯᠳᠦᠵᠦ᠍ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠴᠠᠭ ᠬᠠᠮᠢᠭ᠎ᠠ ᠶᠠᠪᠤᠴᠢᠬᠠᠭ᠍ᠰᠠᠨ ᠴᠦ᠍ ᠪᠠᠢᠭ

ᠦᠰᠦᠨ ᠪᠢᠳᠡᠬᠦᠦ ᠲᠡᠯᠡᠭᠡᠢ᠎ᠪᠠᠷ ᠬᠠᠢᠷᠠᠯᠠᠭᠤᠯᠵᠤ ᠬᠠᠢᠷᠠᠯᠠᠭᠤᠯᠤᠴᠢᠬᠠᠭᠠᠳ

ᠰᠠᠢᠨ ᠤᠤ ᠪᠠᠢᠭᠳᠤᠨ᠎ᠨᠢ ᠡᠰ ᠮᠡᠳᠡᠷᠡᠯ᠎ᠢ ᠬᠦᠭ᠌ᠵᠢᠮᠳᠡᠵᠦ᠍ ᠵᠢᠷᠭᠠᠭᠠᠵᠤ ᠪᠠᠢᠬᠤ ᠪᠤᠯᠤᠨ᠎ᠠ


ᠴᠠᠭ ᠦᠩᠭᠡᠷᠡᠬᠦ᠌᠎ᠪᠠᠷ᠎ᠢᠶᠠᠨ ᠦᠩᠭᠡᠷᠡᠵᠦ᠍ ᠪᠠᠢᠭ

ᠴᠠᠭ᠎ᠤᠨ ᠭᠠᠳᠠᠭ᠎ᠠ᠎ᠨᠢ ᠪᠠᠢᠬᠤ᠎ᠪᠠᠷ᠎ᠢᠶᠠᠨ ᠪᠢᠳᠡ ᠶᠠᠭᠠᠬᠢᠵᠤ ᠴᠢᠳᠠᠬᠤ ᠪᠤᠢ

ᠽᠠᠮᠪᠦᠯᠢᠩ᠎ᠤᠨ ᠮᠡᠯᠮᠡᠢ᠎ᠠᠴᠠ ᠠᠯᠳᠠᠷᠠᠨ ᠠᠯᠳᠠᠬᠤ᠎ᠨᠢ ᠨᠡᠢᠲᠡ ᠵᠡᠬᠦᠳᠦᠨ᠎ᠤ ᠬᠠᠭᠤᠯᠪᠤᠷᠢ

ᠪᠢᠳᠡ ᠱᠤᠯᠤᠭᠠᠨᠠᠯᠳᠤᠵᠤ ᠡᠰᠡᠬᠦᠯ᠎ᠡ ᠨᠤᠢᠷ ᠬᠤᠯᠵᠢᠭᠠᠳ ᠨᠡᠮᠡᠷᠢ ᠪᠠᠢᠨ᠎ᠠ ᠭᠡᠵᠢ ᠤᠤ ᠳ᠋ᠧ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面