ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-11-25 11:28:59

ᠵᠣᠬᠢᠶᠠᠭ᠍ᠴᠢ᠄ ᠡᠳᠣᠨᠰᠠᠡᠭ᠌ᠪᠣ ᠣᠩᠱᠢᠭ᠍ᠰᠠᠨ ᠣᠳᠠᠭ᠎ᠠ᠄ 3

— ᠦᠵᠣᠮᠣᠴᠢᠨ ᠠ᠋ᠴᠠ ᠲᠡᠭᠦᠭᠰᠡᠨ ᠦᠪᠳᠡᠯ ᠴᠦᠪᠣᠳᠡᠯ ᠪᠠᠲᠠᠬ


 ᠡᠡᠭ ᠦᠷᠭᠡᠨ ᠦᠵᠣᠮᠣᠴᠢᠨ

ᠦᠳᠡᠰᠢ ᠶ᠋ᠢᠨ ᠪᠡᠷ᠎ᠡ ᠳ᠋ᠣ᠌ ᠦᠵᠣᠮᠣᠴᠢᠨ ᠰᠦᠮᠡᠢᠨ᠎ᠡ

ᠦᠷᠭᠡᠨ ᠴᠡᠯᠡᠭᠡᠷ ᠲᠠᠯ᠎ᠠ ᠰᠦᠮᠡᠢᠨ᠎ᠡ

ᠦᠨᠳᠡᠭᠡᠨ ᠴᠠᠭᠠᠨ ᠭᠡᠷ ᠤ᠋ᠳ ᠰᠦᠮᠡᠢᠨ᠎ᠡ

ᠦᠡᠭᠭᠡ ᠰᠠᠷᠠᠯ ᠠᠳᠣᠭᠣᠳ ᠰᠦᠮᠡᠢᠨ᠎ᠡ

ᠦᠶᠡᠯᠵᠡᠨ ᠣᠷᠣᠰᠬᠣ᠌ ᠪᠠᠯᠭᠠᠷ ᠰᠦᠮᠡᠢᠨ᠎ᠡ

ᠦᠨᠢᠶᠡᠨ ᠵᠡᠯ᠎ᠡ ᠲᠡᠭᠡᠷ᠎ᠡ ᠬᠦᠮᠦᠨ ᠰᠦᠮᠡᠢᠨ᠎ᠡ᠃

ᠲᠠᠪᠠᠭ᠎ᠠ ᠲᠠᠪᠠᠭ᠎ᠠ ᠪᠠᠨ ᠵᠠᠯᠭᠠᠭᠰᠠᠨ

ᠲᠡᠡᠭᠴᠣ ᠬᠣᠯᠠ ᠶ᠋ᠢᠨ ᠵᠠᠮ ᠰᠣᠨᠣᠯᠵᠠᠨ᠎ᠠ

ᠲᠠᠰᠢᠬᠣ᠌ ᠨᠠᠷᠠᠨ ᠢ᠋ ᠠᠪᠴᠣ᠌ ᠲᠡᠭᠡᠭᠡᠭᠡᠳ

ᠲᠠᠪᠣᠰᠣᠨ ᠠᠶᠠᠨ ᠪᠦᠷᠦᠢ ᠪᠡᠷ ᠴᠣᠪᠣᠨ᠎ᠠ

ᠲᠡᠷᠭᠡᠯ ᠰᠠᠷᠠ ᠰᠢᠭ᠋ ᠴᠢᠨᠣ᠌ ᠨᠡᠷ᠎ᠡ ᠶ᠋ᠢ

ᠲᠡᠷᠭᠡᠨ ᠰᠠᠵᠢᠯᠠᠭᠠᠨ ᠲᠡᠭᠡᠷ᠎ᠡ ᠪᠢ ᠲᠣᠷᠠᠰᠣᠨ᠎ᠠ᠃



ᠪᠠᠯᠭᠠᠷ ᠭᠣᠣᠯ

ᠪᠠᠯᠭᠠᠷ ᠭᠣᠣᠯ ᠪᠠᠷᠠᠭᠣᠨᠰᠢ ᠣᠷᠣᠰᠣᠨ᠎ᠠ

ᠪᠠᠬᠠᠷᠣᠮ᠎ᠠ ᠰᠠᠢᠬᠠᠨ ᠪᠠᠯ ᠢ᠋ᠶ᠋ᠠᠷ ᠣᠷᠣᠰᠣᠨ᠎ᠠ᠃

ᠠᠭᠣᠯᠠ ᠪᠡᠨ ᠲᠣᠭᠣᠷᠢᠭᠠᠳ ᠲᠣᠨᠣᠯᠵᠠᠵᠣ᠌ ᠣᠷᠣᠰᠣᠨ᠎ᠠ

ᠠᠭᠣᠳᠠᠮ ᠰᠢᠯᠢ ᠪᠡᠷ ᠣᠭᠠᠯᠵᠠᠯᠠᠵᠣ᠌ ᠣᠷᠣᠰᠣᠨ᠎ᠠ

ᠣᠷᠭᠣᠮᠠᠯ ᠴᠡᠴᠡᠭ ᠢ᠋ᠶ᠋ᠠᠷ ᠮᠢᠷᠠᠯᠵᠠᠵᠣ᠌ ᠣᠷᠣᠰᠣᠨ᠎ᠠ

ᠣᠷᠳᠣ᠌ ᠶ᠋ᠢᠨ ᠲᠠᠭᠣᠣ ᠪᠡᠷ ᠣᠶᠠᠡᠭ᠌ᠭᠠᠷᠠᠵᠣ᠌ ᠣᠷᠣᠰᠣᠨ᠎ᠠ

ᠣᠷᠢᠳᠣ᠌ ᠶ᠋ᠢᠨ ᠲᠡᠣᠬᠡ ᠪᠠᠨ ᠬᠠᠢᠯᠠᠵᠣ᠌ ᠣᠷᠣᠰᠣᠨ᠎ᠠ

ᠣᠳᠣᠮ ᠰᠣᠳᠣᠷ ᠶ᠋ᠢᠡᠨ ᠵᠠᠯᠭᠠᠵᠣ᠌ ᠣᠷᠣᠰᠣᠨ᠎ᠠ᠃

ᠲᠠᠮᠢᠷ ᠢ᠋ᠶ᠋ᠠᠨ ᠰᠢᠯᠭᠠᠵᠣ᠌ ᠪᠠᠯᠭᠠᠷ ᠣᠷᠣᠰᠣᠨ᠎ᠠ

ᠲᠠᠷ ᠢ᠋ᠶ᠋ᠠᠨ ᠦᠵᠡᠬᠦᠯᠵᠣ᠌ ᠪᠠᠯᠭᠠᠷ ᠣᠷᠣᠰᠣᠨ᠎ᠠ᠃

      

ᠬᠣᠵᠢᠮᠳᠠᠭᠰᠠᠨ ᠪᠣᠯᠵᠣᠭ᠎ᠠ

ᠬᠠᠷᠠᠳᠣ᠌ ※ ᠶ᠋ᠢᠨ ᠪᠠᠭᠣᠷᠢ ᠲᠡᠭᠡᠷ᠎ᠡ ᠢᠷᠡᠪᠡ

ᠬᠠᠮᠢᠭᠠᠰᠢ ᠪᠠᠨ ᠬᠠᠷᠠᠪᠠᠴᠣ᠌ ᠬᠣᠭᠣᠰᠣᠨ᠃

ᠰᠠᠯᠬᠢᠨ ᠳ᠋ᠣ᠌ ᠬᠠᠲᠠᠬ ᠰᠡᠮᠡᠷᠡᠪᠡ

ᠰᠠᠨᠠᠭᠠᠨ ᠳ᠋ᠣ᠌ ᠪᠠᠳᠠᠭ ᠡᠮᠳᠡᠷᠡᠪᠡ᠃

ᠬᠠᠮᠢᠭ᠎ᠠ ᠶᠠᠪᠣᠭᠰᠠᠭᠠᠷ ᠰᠠᠶᠢ ᠢᠷᠡᠪᠡ ᠭᠡᠵᠣ᠌

ᠬᠠᠷᠠᠳᠣ᠌ ᠶ᠋ᠢᠨ ᠰᠠᠯᠬᠢ ᠰᠡᠮ ᠠᠰᠠᠭᠣᠨ᠎ᠠ

ᠬᠠᠪᠣᠷ᠎ᠢ ᠪᠠᠷᠠᠲᠠᠯ᠎ᠠ ᠬᠠᠷᠠᠬᠰᠠᠨ ᠰᠢᠦ ᠴᠢᠮᠠᠶ᠋ᠢ ᠭᠡᠳ

ᠬᠠᠨᠴᠣᠢ ᠶ᠋ᠢᠨ ᠦᠵᠣᠭᠦᠷ ᠢ᠋ᠶ᠋ᠠᠷ ᠬᠠᠴᠠᠷ ᠶ᠋ᠢᠡᠨ ᠵᠦᠯᠭᠦᠨ᠎ᠡ᠃

ᠸᠠᠡᠭ ᠤ᠋ᠨ ᠰᠦ᠋ᠮ᠎ᠡ ᠶ᠋ᠢᠨ ᠲᠡᠷᠭᠡᠳᠡ

ᠦᠵᠡᠮᠵᠢᠳᠣ᠌ ᠰᠠᠢᠬᠠᠨ ᠸᠠᠡᠭ ᠤ᠋ᠨ ᠰᠦᠮ᠎ᠡ ᠶ᠋ᠢᠨ ᠲᠡᠷᠭᠡᠳᠡ

ᠦᠳᠡ ᠶ᠋ᠢᠨ ᠨᠠᠷᠠᠨ ᠳ᠋ᠣ᠌ ᠡᠪᠣᠭᠡᠴᠣᠳ ᠡᠨᠳᠡ ᠡᠭᠡᠭᠡᠨ᠎ᠠ᠃

ᠦᠣᠵᠣ᠌ ᠦᠡᠭᠭᠡᠷᠡᠭᠰᠡᠨ ᠲᠡᠣᠬᠡ ᠠ᠋ᠴᠠ ᠡᠨᠳᠡ ᠡᠭᠡᠭᠡᠨ᠎ᠡ

ᠦᠵᠡᠵᠣ᠌ ᠰᠣᠨᠣᠰᠣᠭᠰᠠᠨ ᠵᠣᠭᠣᠭ ᠠ᠋ᠴᠠ ᠡᠨᠳᠡ ᠡᠭᠡᠭᠡᠨ᠎ᠡ᠃

ᠶᠢᠰᠣᠳᠣᠭᠡᠷ ᠲᠦᠷᠢ ᠶ᠋ᠢᠨ ᠪᠠᠨᠴᠢᠨ ᠪᠣᠭᠳᠠ ᠭᠡᠵᠣ᠌ ᠶᠠᠷᠢᠨ᠎ᠠ

ᠶᠡᠭᠡ ᠸᠠᠡᠭ ᠰᠣᠳᠨᠠᠮᠷᠠᠪᠳᠠᠨ ᠤ᠋ ᠦᠶ᠎ᠡ ᠭᠡᠵᠣ᠌ ᠶᠠᠷᠢᠨ᠎ᠠ᠃

ᠡᠭᠡᠭᠡᠵᠣ᠌ ᠰᠠᠭᠣᠬᠣ᠌ ᠡᠮᠰᠡᠭᠡᠷ ᠬᠠᠮᠰᠢᠭᠢᠷ ᠡᠪᠦᠭᠡᠳ ᠡ

ᠡᠨᠡ ᠭᠠᠵᠠᠷ ᠤ᠋ᠨ 《ᠡᠷᠳᠡᠨᠢ ᠲᠣᠪᠴᠢ》 ᠨᠢ ᠡᠳᠡᠨᠣᠰ ᠡ᠃

※ ᠬᠠᠷᠠᠳᠣ᠌᠄ ᠪᠠᠷᠠᠭᠣᠨ ᠦᠵᠣᠮᠣᠴᠢᠨ ᠤ᠋ ᠣᠣᠯ ᠤ᠋ᠨ ᠰᠣᠮᠣᠨ ᠤ᠋ ᠨᠡᠷ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面