2021-12-09 14:51:51
《ᠱᠢᠨ᠎ᠡ ᠠᠮᠢᠳᠤᠷᠠᠯ ᠱᠢᠨ᠎ᠡ ᠤᠯᠠᠮᠵᠢᠯᠠᠯ》ᠵᠢᠡᠷ ᠭᠤᠤᠯᠰᠡᠳᠦᠪ ᠪᠣᠯᠭᠠᠭ᠍ᠰᠠᠨ ᠲᠠᠪᠤᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪᠦᠨᠤᠯᠠᠮᠵᠢᠯᠠᠯᠲᠤᠤᠷᠠᠮᠡᠷᠭᠡᠵᠢᠯᠦᠨ ᠦᠵᠡᠭᠦᠯᠭᠡ ᠲᠦᠷᠦᠬᠦᠬᠡᠨ ᠠᠨᠾᠦ᠋ᠢ ᠮᠤᠵᠢ᠎ᠶ᠋ᠢᠨ ᠬᠤᠸᠠᠩᠱᠠᠨ᠎ᠳᠤ ᠶᠠᠪᠤᠭ᠍ᠳᠠᠵᠤ᠂ ᠪᠥᠬᠥ᠌ᠤᠯᠤᠰ᠎ᠤᠨ ᠨᠡᠢᠲᠡ 200 ᠭᠠᠷᠤᠶ ᠤᠯᠤᠰ᠎ᠤᠨ ᠲᠠᠰ᠎ᠤᠨ ᠪᠠ ᠮᠤᠵᠢ᠎ᠶ᠋ᠢᠨ ᠲᠠᠰ᠎ᠤᠨ ᠪᠣᠳᠠᠰᠤᠨᠪᠤᠰᠤ ᠰᠣᠶᠣᠯ᠎ᠤᠨ ᠥᠪ᠎ᠦᠨ ᠲᠦᠷᠦᠯ ᠵᠤᠢᠯ᠂ 400 ᠭᠠᠷᠤᠶ ᠤᠯᠠᠮᠵᠢᠯᠠᠨᠵᠠᠯᠭᠠᠮᠵᠢᠯᠠᠭ᠍ᠴᠢᠶ᠋ᠢᠨ ᠤᠷᠠᠯᠠᠵᠤ ᠪᠦᠲᠦᠭᠡᠭ᠌ᠰᠡᠨ1500 ᠭᠠᠷᠤᠶ ᠰᠣᠳᠣᠨ ᠪᠦᠲᠦᠭᠡᠯ᠎ᠢ ᠲᠡᠯᠬᠡᠨ ᠦᠵᠡᠬᠦᠯᠵᠡᠢ᠃ ᠮᠠᠨ᠎ᠤ ᠤᠷᠤᠨ᠎ᠤ 《ᠮᠣᠩᠭᠣᠯ ᠦᠨᠳᠦᠰᠦᠲᠡᠨᠦᠤᠯᠠᠮᠵᠢᠯᠠᠯᠲᠤ ᠡᠪᠡᠷ ᠨᠤᠮᠤ ᠦᠶ᠋ᠯᠡᠳᠬᠦ᠌ ᠤᠷ᠎ᠠ ᠮᠡᠷᠭᠡᠵᠢᠯ》 ᠤ᠋ᠨ ᠲᠥᠷᠥᠯᠵᠦᠶ᠋ᠯ ᠲᠣᠰ ᠤᠳᠠᠭᠠᠨ᠎ᠤ ᠦᠵᠡᠭᠦᠯᠭᠡ᠎ᠳᠦ ᠰᠣᠩᠭᠣᠭ᠍ᠳᠠᠭᠰᠠᠨ ᠪᠠᠢᠨ᠎ᠠ ᠃
《ᠮᠣᠩᠭᠣᠯ ᠦᠨᠳᠦᠰᠦᠲᠡᠨ ᠦ ᠤᠯᠠᠮᠵᠢᠯᠠᠯᠲᠤ ᠡᠪᠡᠷ ᠨᠤᠮᠤ ᠦᠶ᠋ᠯᠡᠳᠬᠦ᠌ ᠤᠷ᠎ᠠ ᠮᠡᠷᠭᠡᠵᠢᠯ》 ᠪᠣᠯ ᠤᠯᠤᠰᠤᠨᠲᠠᠰᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠶ᠋ᠯ ᠪᠠᠢᠵᠤ᠂ ᠲᠤᠰ ᠮᠡᠷᠭᠡᠵᠢᠯ᠎ᠨᠢ ᠣᠲᠣ ᠪᠣᠯᠲᠠᠯᠠᠨᠢᠭᠡᠨᠲᠡ 2000 ᠭᠠᠷᠤᠶ ᠵᠢᠯ᠎ᠦᠨ ᠲᠡᠦᠬᠡ᠎ᠲᠡᠶ ᠶᠤᠮ᠃ ᠡᠪᠡᠷ ᠨᠤᠮᠤ᠎ᠶ᠋ᠢᠨ ᠬᠠᠮᠤᠭᠤᠨᠬᠣᠯᠠ ᠲᠤᠰᠤᠯᠲᠠ ᠨᠢ 653 ᠮᠧᠲ᠋ᠷ ᠪᠠᠢᠵᠤ᠂ ᠡᠷᠲᠡᠨ ᠦ ᠨᠡᠭᠦᠳᠡᠯᠴᠢᠨ ᠦᠨᠳᠦᠰᠦᠲᠡᠨ ᠡᠪᠡᠷ ᠨᠤᠮᠤᠶᠢᠠᠩ ᠠᠩᠨᠠᠯ ᠪᠠ ᠲᠤᠯᠤᠯᠳᠤᠭᠠᠨ᠎ᠳᠤ ᠠᠱᠢᠭ᠍ᠯᠠᠵᠤ᠂ ᠬᠣᠵᠢᠮ ᠨᠢ ᠨᠠᠭᠠᠳᠤᠮ᠎ᠤᠨ ᠬᠤᠷᠠᠯ᠎ᠤᠨ ᠴᠢᠬᠤᠯᠠ ᠨᠢᠭᠡᠨᠲᠦᠷᠦᠯ ᠪᠣᠯᠤᠭ᠍ᠰᠠᠨ ᠪᠠᠢᠨ᠎ᠠ᠃ ᠡᠪᠡᠷ ᠨᠤᠮᠤ᠎ᠶ᠋ᠢ ᠬᠢᠬᠦ᠌᠎ᠳᠦ ᠭᠣᠣᠯᠳᠠᠭᠤ ᠮᠠᠲ᠋ᠧᠷᠢᠶᠠᠯ ᠰᠣᠩᠭᠣᠬᠤ᠂ ᠮᠠᠲ᠋ᠧᠷᠢᠶᠠᠯᠠᠪᠬᠤ᠂ ᠪᠣᠯᠪᠠᠰᠤᠷᠠᠭᠤᠯᠬᠤ᠂ ᠨᠡᠢᠯᠡᠭᠦᠯᠬᠦ᠌ ᠵᠡᠷᠭᠡ ᠲᠥᠷᠪᠡᠨ ᠠᠯᠬᠤᠮ ᠡᠴᠡ ᠪᠦᠷᠢᠯᠳᠦᠳᠡᠭ᠃
ᠨᠣᠮᠢᠨᠴᠢᠯᠠᠭᠤ ᠪᠣᠯ《ᠮᠣᠩᠭᠣᠯ ᠦᠨᠳᠦᠰᠦᠲᠡᠨᠦᠤᠯᠠᠮᠵᠢᠯᠠᠯᠲᠤ ᠡᠪᠡᠷ ᠨᠤᠮᠤ ᠦᠶ᠋ᠯᠡᠳᠬᠦ᠌ ᠤᠷ᠎ᠠ ᠮᠡᠷᠭᠡᠵᠢᠯ》 ᠤ᠋ᠨ ᠦᠪᠯᠡᠨᠤᠯᠠᠮᠵᠢᠯᠠᠭᠴᠢ᠂ ᠡᠪᠡᠷᠲᠦ ᠨᠤᠮᠤ᠎ᠶ᠋ᠢ ᠨᠢᠭᠡᠨᠲᠡ 20 ᠭᠠᠷᠤᠶ ᠵᠢᠯ ᠦᠶ᠋ᠯᠡᠳᠴᠡᠶ᠃ ᠲᠡᠭᠦᠨ᠎ᠦ ᠦᠵᠡᠬᠦ᠌᠎ᠪᠡᠷ᠂ ᠠᠨᠾᠦ᠋ᠢ᠎ᠶ᠋ᠢᠨ ᠬᠤᠸᠠᠩᠱᠠᠨ᠎ᠳᠤ ᠶᠠᠪᠤᠭ᠍ᠳᠠᠭ᠍ᠰᠠᠨᠲᠠᠪᠤᠳᠤᠭᠠᠷᠬᠤᠭᠤᠴᠠᠭᠠᠨᠤᠳᠤᠮᠳᠠᠳᠤᠤᠯᠤᠰᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠯᠲᠤ ᠤᠷ᠎ᠠᠮᠡᠷᠭᠡᠵᠢᠯ᠎ᠦᠨ ᠦᠵᠡᠭᠦᠯᠭᠡ ᠨᠢ ᠡᠯ᠎ᠡ ᠵᠦᠢᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ ᠪᠠ ᠤᠬᠠᠭᠤᠯᠭᠠᠪᠣᠯᠬᠤᠪᠠᠷ ᠪᠠᠷᠠᠬᠤ ᠦᠭᠡᠢ᠂ ᠨᠡᠩ ᠴᠤ᠌ ᠡᠯ᠎ᠡ ᠭᠠᠵᠠᠷ᠎ᠤᠨ ᠤᠯᠠᠮᠵᠢᠯᠠᠯᠲᠤ ᠰᠣᠶᠣᠯ᠎ᠤᠨ ᠰᠣᠯᠢᠯᠴᠠᠭ᠎ᠠ ᠪᠠᠢᠵᠤ᠂ ᠡᠨᠡ ᠤᠳᠠᠭ᠎ᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠎ᠳᠦ ᠣᠷᠣᠯᠴᠠᠭ᠍ᠰᠠᠨ᠎ᠤ ᠵᠣᠷᠢᠯᠭ᠎ᠠ ᠪᠣᠯᠳᠠᠷᠤᠢ ᠥᠪᠥᠷ ᠮᠣᠩᠭᠣᠯ ᠣᠷᠣᠨ᠎ᠤ ᠤᠯᠠᠮᠵᠢᠯᠠᠯᠲᠤ ᠦᠢᠯᠡᠳᠬᠦ᠌ ᠤᠷ᠎ᠠ ᠮᠡᠷᠭᠡᠵᠢᠯ᠎ᠢ ᠳᠡᠯᠭᠡᠷᠡᠭᠦᠯᠵᠦ᠍᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠲᠤᠬᠠᠢᠬᠥᠮᠦᠰᠦᠨ ᠲᠠᠨᠢᠯᠲᠠ ᠪᠠ ᠣᠢᠯᠠᠭᠠᠯᠲᠠ᠎ᠶ᠋ᠢ ᠭᠦᠨᠵᠡᠭᠡᠢᠷᠡᠭᠦᠯᠬᠦ᠎ᠶ᠋ᠢᠨ ᠲᠥᠯᠥᠭᠡ ᠶᠤᠮ᠃
ᠲᠤᠰ ᠤᠳᠠᠭᠠᠨ᠎ᠤ ᠦᠵᠡᠭᠦᠯᠭᠡ ᠨᠢ 《ᠬᠥᠳᠡᠯᠦᠩᠭᠦᠶ》 ᠦᠵᠡᠭᠦᠯᠭᠡ ᠬᠢᠬᠦ᠌ᠠᠷᠭᠠ ᠮᠠᠶᠢᠭ᠎ᠢ ᠲᠤᠬᠠᠶ᠎ᠶ᠋ᠢᠨ ᠲᠠᠯᠠᠪᠠᠶ᠎ᠶ᠋ᠢᠨ ᠤᠯᠠᠮᠵᠢᠯᠠᠯᠲᠤ ᠤᠷ᠎ᠠ ᠮᠡᠷᠭᠡᠱᠢᠯ᠎ᠦᠨ 《ᠲᠣᠭ᠍ᠲᠠᠩᠭᠤᠶ》 ᠦᠵᠡᠭᠦᠯᠭᠡ ᠬᠢᠬᠦ᠌ᠲᠡᠶᠤᠶᠠᠯᠳᠤᠭᠤᠯᠵᠤ᠂ ᠬᠥᠷ ᠬᠥᠭ᠌ᠵᠢᠶᠡᠨᠲᠡᠶ᠂ ᠪᠠᠶᠠᠷ ᠪᠠᠶᠠᠰᠦᠯ᠎ᠲᠡᠶ ᠠᠭᠤᠷ ᠠᠮᠢᠰᠭᠤᠯ᠎ᠢ ᠪᠣᠶ ᠪᠤᠯᠭᠠᠭᠰᠠᠨᠪᠠᠢᠨᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠤᠶᠠᠨ᠍ᠦ᠌ᠨᠳᠦᠰᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃