ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠪᠣᠳᠠᠰ᠎ᠤᠨ ᠪᠣᠰᠤ ᠰᠣᠶᠣᠯ᠎ᠤᠨ ᠦᠪ

2026-11-25 15:42:56

ᠵᠣᠬᠢᠶᠠᠭ᠍ᠴᠢ᠄ ᠼᠠᠢ ᠳ᠋ᠦᠩ ᠮᠧᠶ ᠣᠩᠱᠢᠭ᠍ᠰᠠᠨ ᠣᠳᠠᠭ᠎ᠠ᠄ 3

11 ᠰᠠᠷ᠎ᠠ᠎ᠶᠢᠨ ᠪᠤᠭᠤᠲᠤ ᠬᠤᠳᠠ᠎ᠳᠤ᠂ ᠠᠭᠤᠷ ᠠᠮᠢᠰᠬᠤᠯ ᠬᠦᠢᠲᠡᠷᠡᠵᠦ᠂ ᠬᠣᠪᠣᠷ ᠰᠢᠷᠣᠢ᠎ᠶᠢᠨ ᠳᠡᠭᠡᠳᠦ ᠰᠢᠨ᠎ᠡ ᠮᠡᠷᠭᠡᠵᠢᠯ᠎ᠦᠨ ᠲᠣᠭᠣᠷᠢᠭ᠋᠎ᠤᠨ ᠬᠣᠪᠣᠷ ᠰᠢᠷᠣᠢ ᠵᠠᠮ ᠵᠡᠭᠡᠯᠢ ᠭᠤᠳᠤᠮᠵᠢ᠎ᠵᠢᠨ ᠾᠧᠩ ᠸᠧᠢ ᠯᠦ᠍ ᠨᠡᠢᠭᠡᠮ ᠲᠣᠭᠣᠷᠢᠭ᠋ ᠲᠡᠬᠢ 《ᠽᠢ ᠢᠦᠢ ᠭᠠᠷ᠎ᠦᠢᠯᠡᠳᠭᠡᠯ 》 ᠬᠡᠮᠡᠬᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠢᠯᠡᠳᠬᠡᠯ᠎ᠦᠨ ᠭᠠᠵᠠᠷ᠎ᠲᠤ ᠬᠠᠷᠢᠨ ᠲᠤᠯᠠᠭᠠᠨ ᠲᠠᠭᠠᠯᠠᠮᠵᠢᠳᠠᠢ ᠪᠠᠢᠯ᠎ᠠ᠃ ᠰᠠᠭᠤᠭᠠᠯᠢ ᠠᠷᠠᠳ ᠰᠢᠷᠡᠭᠡ ᠲᠣᠭᠣᠷᠢᠨ ᠰᠠᠭᠤᠯᠴᠠᠵᠦ ᠵᠡᠭᠦᠦ ᠰᠦᠪᠡᠯᠡᠨ ᠤᠷᠠᠯᠠᠵᠤ᠂ ᠡᠯᠭᠦᠬᠦᠷ ᠴᠢᠮᠡᠭᠯᠡᠯ᠂ ᠵᠠᠰᠠᠯ ᠵᠢᠮᠰᠡᠭ ᠨᠢᠭᠡ ᠨᠢᠭᠡ᠎ᠪᠡᠷ ᠬᠡᠯᠪᠡᠷᠢᠵᠢᠵᠦ᠂ ᠤᠯᠠᠨ᠎ᠤ ᠴᠢᠷᠠᠢ᠎ᠳᠤ ᠢᠨᠢᠶᠡᠮᠰᠦᠭᠯᠡᠯ ᠲᠤᠳᠤᠷᠠᠨ᠎ᠠ᠃

《ᠯᠢᠩᠬᠤ᠎ᠠ ᠴᠡᠴᠡᠭ᠎ᠦᠨ ᠬᠡ ᠤᠭᠠᠯᠵᠠ᠎ᠶᠢ ᠬᠠᠢᠴᠢᠯᠠᠬᠤ᠎ᠳᠤ ᠠᠷ ᠲᠠᠭᠠᠦ ᠨᠢ ᠬᠠᠢᠴᠢᠯᠠᠬᠤ ᠬᠡᠷᠡᠭᠲᠡᠢ᠂ ᠱᠣᠪᠬᠣ᠌ ᠥᠨᠴᠥᠭ᠎ᠢ ᠤᠷᠢᠤᠨ ᠵᠢᠨᠷ  ᠴᠠᠪᠠᠤ ᠎ᠪᠠᠷ ᠴᠢᠩᠭ᠎ᠠ ᠨᠠᠭᠠᠯᠳᠤᠭᠤᠯᠵᠤ ᠳᠠᠷᠠᠭ᠎ᠠ ᠨᠢ  ᠤᠷᠠᠯᠠᠵᠤ  ᠬᠠᠳᠬᠤᠨ᠎ᠠ᠂ ᠡᠰᠡᠪᠡᠰᠤ ᠤᠲᠠᠰᠤ᠎ᠵᠢ ᠨᠢ ᠲᠠᠲᠠᠮᠠᠭᠴᠠ ᠬᠡᠯᠪᠡᠷᠢ᠎ᠪᠡᠨ ᠠᠯᠳᠠᠨ᠎ᠠ》᠃ ᠰᠢᠷᠡᠭᠡᠨ᠎ᠦ ᠡᠮᠦᠨ᠎ᠡ᠂ ᠤᠷ᠎ᠠ ᠮᠡᠷᠭᠡᠵᠢᠯ᠎ᠦᠨ ᠳᠠᠭᠠᠭᠤᠯᠤᠭ᠍ᠴᠢ ᠯᠢᠦ ᠵᠢᠶᠠ ᠨᠢᠭᠡ ᠬᠡᠰᠡᠭ ᠯᠢᠩᠬᠤ᠎ᠠ᠎ᠶᠢᠨ ᠬᠡ᠎ᠲᠠᠢ  ᠬᠡᠮᠡᠷᠯᠢᠭ᠎ᠢ ᠪᠠᠷᠢᠵᠤ᠂ ᠶᠠᠷᠢᠬᠤ᠎ᠶᠢᠨ ᠳᠠᠭᠠᠤ ᠵᠢᠱ᠌ᠢᠶ᠎ᠡ ᠦᠵᠡᠭᠦᠯᠦᠨ᠎ᠡ᠃ ᠬᠠᠳᠬᠤᠮᠠᠯ᠎ᠤᠨ ᠲᠠᠯᠪᠢᠭᠤᠷ᠎ᠢ ᠰᠣᠩᠭᠣᠬᠤ᠂ ᠬᠡ ᠤᠭᠠᠯᠵᠠ ᠰᠣᠩᠭᠣᠬᠤ᠂ ᠬᠥᠪᠡᠭᠡ᠎ᠶᠢ ᠨᠢ ᠡᠰᠬᠡᠬᠦ᠂ ᠱᠣᠪᠬᠣ᠌ ᠦᠵᠦᠭᠦᠷ ᠳᠡᠭᠡᠷ᠎ᠡ ᠨᠢ ᠰᠤᠪᠤᠬᠤ ᠵᠢ ᠰᠡᠷᠭᠡᠢᠯᠡᠬᠦ ᠁ ᠵᠡᠷᠭᠡ ᠬᠣᠷᠢ ᠭᠠᠷᠤᠢ ᠠᠵᠢᠯ᠎ᠤᠨ ᠳᠠᠷᠠᠭᠠᠯᠠᠯ᠎ᠲᠠᠢ᠃ 《ᠽᠢ ᠢᠥᠢ ᠭᠠᠷ᠎ᠦᠢᠯᠡᠳᠭᠡᠯ 》 ᠎ᠤᠨ  ᠤᠷᠠᠴᠤᠤᠨ ᠭᠠᠷ  ᠵᠢᠨᠷ ᠤᠶᠤᠬᠤ  ᠳ᠋ᠠᠭᠠᠨ ᠴᠠᠭᠠᠷᠠᠭᠰᠠᠨ ᠪᠠᠢᠳᠠᠭ᠃ ᠵᠠᠬ᠎ᠠ ᠳᠡᠯᠭᠡᠭᠦᠷ ᠳᠡᠭᠡᠷ᠎ᠡ ᠴᠠᠪᠠᠤᠳᠠᠵᠤ ᠨᠠᠭᠠᠯᠳᠤᠭᠤᠯᠤᠭᠰᠠᠨ ᠦᠢᠯᠡᠳᠭᠦᠨ ᠤᠯᠠᠨ ᠬᠠᠷᠠᠭᠳᠠᠳᠠᠭ᠂ ᠭᠡᠪᠡᠴᠦ ᠡᠨᠳᠡ ᠢᠩᠭᠢᠵᠦ ᠬᠢᠬᠦ ᠦᠭᠡᠢ᠂ ᠪᠦᠲᠦᠭᠡᠯ ᠨᠢᠭᠡᠪᠦᠷᠢ ᠨᠢ ᠴᠥᠮ 《ᠤᠷᠢᠳ᠎ᠢᠶᠠᠷ ᠬᠥᠨᠳᠡᠯᠡᠨ ᠳᠠᠷᠠᠭ᠎ᠠ ᠨᠢ ᠭᠤᠯᠳᠤ》 ᠪᠠᠢᠬᠤ᠎ᠶᠢ ᠡᠷᠬᠢᠮᠯᠡᠵᠦ᠂ ᠬᠦᠴᠦ ᠨᠢ ᠵᠢᠭᠳᠡ᠂ ᠪᠥᠰ ᠮᠠᠲᠧᠷᠢᠶᠠᠯ ᠪᠠ ᠬᠠᠳᠬᠤᠮᠠᠯ᠎ᠤᠨ ᠲᠠᠯᠪᠢᠭᠤᠷ ᠨᠢ ᠨᠢᠭᠡ ᠴᠣᠭᠴᠠ ᠪᠠᠢᠵᠤ᠂ ᠵᠠᠢ ᠵᠠᠪᠰᠠᠷ ᠦᠭᠡᠢ᠂  ᠪᠡᠬᠢᠯᠢᠭ ᠪᠤᠯᠬᠤᠷ ᠤᠳᠠᠭᠠᠨ ᠬᠡᠷᠡᠭᠯᠡᠵᠦ ᠪᠤᠯᠳᠠᠭ᠃

ᠮᠠᠲᠧᠷᠢᠶᠠᠯ ᠰᠣᠩᠭᠣᠬᠤ᠎ᠡᠴᠡ ᠦᠢᠯᠡᠳᠭᠦᠨ ᠪᠤᠯᠭᠠᠳᠠᠯ᠎ᠠ᠂ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶᠠᠨ᠎ᠤ ᠱᠦᠵᠢ ᠯᠢᠦ᠎ᠶᠢᠨ ᠯᠠᠨ ᠲᠦᠷᠦᠭᠦᠯᠡᠨ ᠬᠢᠵᠦ᠂ ᠯᠢᠦ ᠵᠢᠶᠠ᠂ ᠶᠣᠣ ᠶᠧ᠂ ᠵᠠᠩ ᠶᠤᠸᠠᠨ᠂ ᠵᠧᠦ ᠶᠠᠨ ᠹᠧᠩ᠂ ᠯᠢᠦ ᠯᠢ ᠨᠠ ᠵᠡᠷᠭᠡ 6 ᠬᠦᠮᠦᠨ ᠎ᠤ ᠭᠣᠣᠯᠯᠠᠭ᠍ᠴᠢ ᠪᠦᠯᠬᠦᠮ ᠡᠴᠡ ᠬᠠᠮᠢᠶᠠᠷᠤᠯᠲᠠ᠂ ᠵᠢᠭᠠᠨ ᠰᠤᠷᠭᠠᠯᠲᠠ᠂ ᠦᠢᠯᠡᠳᠬᠦᠨ ᠰᠣᠩᠭᠣᠬᠤ᠂ ᠴᠢᠨᠠᠷ ᠴᠢᠨᠰᠠᠭ᠎ᠠ᠎ᠶᠢ ᠡᠵᠡᠮᠳᠡᠬᠦ᠂ ᠪᠣᠷᠣᠯᠠᠭᠤᠯᠬᠤ ᠠᠵᠢᠯ᠎ᠢ ᠡᠭᠦᠷᠭᠡᠯᠡᠳᠡᠭ᠃ ᠦᠢᠯᠡᠳᠬᠡᠯ᠎ᠦᠨ ᠭᠠᠵᠠᠷ ᠨᠢ ᠭᠣᠣᠯᠳᠠᠭᠤ 《ᠥᠯᠵᠡᠢ ᠪᠡᠯᠭᠡᠲᠦ ᠠᠷᠪᠠᠨ ᠬᠤᠶᠠᠷ ᠵᠢᠯ》᠂《ᠥᠯᠵᠡᠢ ᠪᠡᠯᠭᠡᠲᠦ ᠡᠳ᠋ ᠬᠡᠷᠡᠭᠰᠡᠯ》᠂ 《ᠠᠷᠠᠳ᠎ᠤᠨ ᠵᠠᠩ ᠦᠢᠯᠡ᠎ᠶᠢᠨ ᠰᠣᠶᠣᠯ᠎ᠤᠨ ᠡᠭᠦᠳᠦᠯᠲᠡ》 ᠭᠤᠷᠪᠠᠨ ᠶᠡᠬᠡ ᠰᠢᠷᠢᠰ ᠲᠦᠷᠦᠯ ᠵᠦᠢᠯ᠎ᠭᠠᠷᠭᠠᠵᠤ᠂ ᠪᠠᠰᠠ 《ᠽᠢ ᠢᠦᠢ᠎ᠭᠠᠷ ᠦᠢᠯᠡᠳᠭᠡᠯ》᠎ᠤ᠋ᠨ ᠲᠠᠸᠠᠷ᠎ᠤᠨ ᠲᠡᠮᠳᠡᠭ᠎ᠢ ᠳᠠᠩᠰᠠᠯᠠᠭᠤᠯᠵᠤ᠂ ᠨᠡᠢᠭᠡᠮ ᠲᠣᠭᠣᠷᠢᠭ᠋᠎ᠤᠨ ᠤᠷᠠᠴᠤᠳ ᠥᠪᠡᠷ᠎ᠦᠨ ᠨᠡᠷ᠎ᠡ᠎ᠶᠢᠨ ᠬᠠᠭᠤᠳᠠᠰᠤ᠎ᠲᠠᠢ ᠪᠤᠯᠵᠠᠢ᠃

ᠡᠳᠡᠭᠡᠷ ᠭᠠᠷ ᠤᠷᠠᠯᠠᠯ᠎ᠤᠨ ᠠᠵᠢᠯ᠎ᠢ ᠨᠠᠢᠳᠠᠪᠤᠷᠢᠵᠢᠭᠤᠯᠤᠭᠰᠠᠨ ᠨᠢ ᠡᠨᠡ ᠵᠢᠯ᠎ᠦᠨ ᠡᠬᠢᠨ᠎ᠤ ᠨᠡᠢᠭᠡᠮ ᠲᠣᠭᠣᠷᠢᠭ᠋᠎ᠤᠨ ᠨᠢᠭᠡ ᠤᠳᠠᠭ᠎ᠠ ᠵᠢᠨ  ᠪᠠᠢᠴᠠᠭᠠᠯᠲᠠ᠎ᠡᠴᠡ ᠢᠷᠡᠯᠲᠡ᠎ᠲᠠᠢ᠃ ᠦᠢᠯᠡᠳᠬᠡᠯ᠎ᠦᠨ ᠭᠠᠵᠠᠷ ᠡᠭᠦᠳᠡ᠎ᠪᠡᠨ ᠨᠡᠭᠡᠭᠡᠬᠦ᠎ᠡᠴᠡ ᠡᠮᠦᠨ᠎ᠡ᠂ ᠾᠧᠩ ᠸᠧᠢ ᠯᠦ᠍ ᠨᠡᠢᠭᠡᠮ ᠲᠣᠭᠣᠷᠢᠭ᠋ ᠎ᠤᠨ ᠬᠢᠨ 18 ᠲᠣᠣᠷᠵᠢᠯ᠎ᠳᠤ ᠲᠦᠰᠢᠭᠯᠡᠨ ᠡᠷᠦᠬᠡ ᠳᠠᠷᠠᠭᠠᠯᠠᠨ ᠰᠤᠷᠪᠤᠯᠵᠢᠯᠠᠵᠤ᠂ ᠬᠠᠷᠢᠶ᠎ᠠ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠲᠦ ᠪᠠᠬᠠᠲᠠᠢ ᠬᠥᠮᠥᠰ᠂ ᠭᠡᠷ᠎ᠲᠡᠭᠡᠨ ᠬᠡᠤᠬᠡᠳ ᠬᠠᠷᠠᠵᠤ ᠪᠠᠢᠭ᠎ᠠ ᠡᠵᠢ᠂ ᠠᠵᠢᠯ᠎ᠡᠴᠡ᠎ᠪᠠᠨ ᠠᠮᠠᠷᠠᠭᠰᠠᠨ ᠰᠠᠭᠤᠭᠠᠯᠢ ᠠᠷᠠᠳ᠂ ᠠᠮᠢᠳᠤᠯᠢᠭ᠋᠎ᠢᠶᠠᠷ ᠠᠵᠢᠯ ᠣᠯᠣᠭᠰᠠᠳ᠎ᠤᠨ ᠪᠠᠢᠳᠠᠯ᠎ᠢ ᠲᠣᠳᠣᠷᠬᠠᠢ ᠣᠢᠯᠠᠭᠠᠵᠤ᠂ ᠪᠠᠰᠠ ᠤᠯᠠᠨ᠎ᠤ ᠬᠦᠴᠢᠷᠳᠡᠯ᠎ᠢ ᠲᠣᠳᠣᠷᠬᠠᠢ ᠣᠢᠯᠠᠭᠠᠪᠠ ᠄ ᠰᠤᠯᠠ ᠰᠡᠯᠡᠭᠦᠦ ᠴᠠᠭ ᠤᠯᠠᠨ᠂ ᠤᠷ᠎ᠠ ᠮᠡᠷᠭᠡᠵᠢᠯ᠎ᠦᠨ ᠲᠠᠪᠴᠠᠩ ᠳᠤᠲᠠᠭᠳᠠᠵᠤ᠂ ᠣᠷᠣᠯᠭ᠎ᠠ᠎ᠪᠠᠨ ᠨᠡᠮᠡᠭᠳᠡᠭᠦᠯᠬᠦ ᠠᠷᠭ᠎ᠠ ᠵᠠᠮ ᠳᠤᠲᠠᠮᠠᠭ᠃ ᠨᠡᠢᠭᠡᠮ ᠲᠣᠭᠣᠷᠢᠭ᠋ ᠎ᠤᠨ ᠬᠢᠨ ᠡᠨᠡ ᠬᠦ᠌ ᠨᠠᠷᠢᠨ ᠲᠠᠩᠰᠠ᠎ᠪᠠᠷ ᠲᠠᠪᠴᠠᠩ ᠪᠣᠯᠭᠠᠵᠤ᠂ ᠰᠠᠭᠤᠭᠠᠯᠢ  ᠠᠷᠠᠳ᠎ᠢ ᠭᠡᠷ᠎ᠡᠴᠡ᠎ᠪᠡᠨ ᠭᠠᠷᠪᠠᠯ ᠤᠷ᠎ᠠ ᠮᠡᠷᠭᠡᠵᠢᠯ ᠰᠤᠷᠴᠤ᠂ ᠵᠣᠭᠣᠭ ᠳᠡᠯᠭᠡᠳᠡᠭ ᠪᠣᠯᠭᠠᠪᠠ᠃ ᠦᠢᠯᠡᠳᠬᠡᠯ᠎ᠦᠨ ᠭᠠᠵᠠᠷ ᠨᠢ ᠡᠩ᠎ᠦᠨ ᠰᠣᠶᠣᠯ ᠎ᠤᠨ ᠠᠵᠢᠯᠯᠠᠭ᠎ᠠ ᠡᠷᠬᠢᠯᠡᠬᠦ ᠦᠭᠡᠢ᠂ ᠰᠣᠶᠣᠯ᠎ᠢ ᠤᠯᠠᠮᠵᠢᠯᠠᠬᠤ᠂ ᠬᠥᠷᠰᠢ ᠵᠡᠷᠭᠡᠯᠡᠳᠡᠭᠡ᠎ᠵᠢ ᠬᠣᠯᠪᠣᠬᠤ᠎ᠡᠴᠡ ᠭᠠᠳᠠᠨ᠎ᠠ᠂ ᠠᠷᠠᠳ᠎ᠲᠤ ᠲᠦᠬᠦᠮ ᠦᠵᠡᠭᠦᠯᠵᠦ ᠣᠷᠣᠯᠭ᠎ᠠ᠎ᠶᠢ ᠨᠢ ᠨᠡᠮᠡᠭᠳᠡᠭᠦᠯᠬᠦ ᠳᠡᠭᠡᠷ᠎ᠡ ᠭᠣᠣᠯᠳᠠᠯᠭ᠎ᠠ᠎ᠪᠠᠨ ᠲᠠᠯᠪᠢᠪᠠ᠃ ᠰᠦᠢᠳᠬᠡᠯ ᠬᠤᠷᠢᠶᠠᠬᠤ ᠦᠭᠡᠢ ᠨᠡᠶ᠋ᠢᠲᠡ᠎ᠶᠢᠨ ᠠᠰᠠᠷᠠᠮᠵᠢ᠎ᠶᠢᠨ ᠪᠣᠯᠪᠠᠰᠤᠷᠠᠯ᠎ᠢ ᠰᠠᠭᠤᠭᠠᠯᠢ ᠠᠷᠠᠳ᠎ᠲᠤ ᠴᠢᠯᠦᠭᠡᠲᠡᠢ ᠨᠡᠭᠡᠭᠡᠵᠦ᠂ ᠦᠢᠯᠡᠳᠬᠦ ᠤᠷ᠎ᠠ ᠮᠡᠷᠭᠡᠵᠢᠯ᠂ ᠪᠦᠲᠦᠭᠡᠯ᠎ᠦᠨ ᠦᠵᠡᠮᠦᠷᠢ᠂ ᠳᠡᠭᠡᠰᠦᠨ ᠰᠦᠯᠵᠢᠮᠡᠯ᠂ ᠸᠢᠳᠢᠤ᠋᠎ᠪᠠᠷ ᠳᠡᠯᠭᠡᠷᠡᠭᠦᠯᠬᠦ᠎ᠵᠢ ᠪᠦᠷ ᠵᠢᠭᠠᠨ ᠰᠤᠷᠭᠠᠳᠠᠭ᠃ ᠣᠳᠣᠬᠠᠨ᠎ᠳᠤ 3 ᠬᠤᠭᠤᠴᠠᠭ᠎ᠠ ᠡᠷᠬᠢᠯᠡᠵᠦ᠂ 60 ᠭᠠᠷᠤᠢ ᠰᠠᠭᠤᠭᠠᠯᠢ ᠠᠷᠠᠳ ᠪᠣᠯᠪᠠᠰᠤᠷᠠᠯ᠎ᠳᠤ ᠣᠷᠣᠯᠴᠠᠵᠤ᠂ ᠨᠢᠭᠡᠳ ᠨᠢᠭᠡ᠎ᠪᠡᠷ ᠴᠥᠮ ᠪᠡᠶ᠎ᠡ᠎ᠪᠡᠨ ᠳᠠᠭᠠᠭᠠᠵᠤ ᠵᠦᠭᠡᠷ ᠰᠢᠭ  ᠪᠦᠲᠦᠭᠡᠯ ᠵᠣᠬᠢᠶᠠᠨ ᠪᠦᠲᠦᠭᠡᠵᠦ ᠲᠡᠢᠯᠵᠡᠢ᠃

ᠨᠢᠭᠡ ᠵᠡᠭᠦᠦ ᠨᠢᠭᠡ ᠤᠳᠠᠰᠤᠨ ᠳ᠋ᠦ ᠮᠢᠩᠭᠠᠨ ᠣᠨ᠎ᠤ ᠰᠣᠶᠣᠯ᠎ᠤᠨ ᠰᠤᠳᠠᠰᠤ᠎ᠤᠯᠠᠮᠵᠢᠯᠠᠭᠳᠠᠵᠤ᠂ ᠬᠥᠷᠰᠢ ᠵᠡᠷᠭᠡᠯᠡᠳᠡᠭᠡ᠎ᠶᠢᠨ ᠬᠠᠢᠷ᠎ᠠ ᠰᠡᠳᠬᠢᠯᠭᠡ ᠲᠠᠮᠵᠢᠭᠳᠠᠨ᠎ᠠ᠃《〈 ᠽᠢ ᠢᠦᠢ 〉 ᠭᠡᠳᠡᠭ ᠨᠢ ᠨᠡᠢᠭᠡᠮ ᠲᠣᠭᠣᠷᠢᠭ᠋᠎ᠡᠴᠡ ᠰᠠᠭᠤᠭᠠᠯᠢ ᠠᠷᠠᠳ᠎ᠲᠤ ᠮᠡᠷᠭᠡᠵᠢᠯ ᠣᠯᠭᠣᠵᠤ᠂ ᠲᠠᠪᠴᠠᠩ ᠣᠯᠭᠣᠵᠤ᠂ ᠰᠠᠭᠤᠭᠠᠯᠢ ᠠᠷᠠᠳ ᠭᠠᠷ ᠤᠷᠠᠯᠠᠯ᠎ᠢᠶᠠᠷ᠎ᠢᠶᠠᠨ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠪᠠ ᠭᠡᠷ ᠣᠷᠣᠨ᠎ᠤ ᠪᠦᠲᠦᠭᠡᠨ ᠪᠠᠢᠭᠤᠯᠤᠯᠲᠠ᠎ᠳᠤ ᠬᠠᠷᠢᠭᠤ ᠲᠤᠰᠠᠯᠠᠨ᠎ᠠ ᠭᠡᠰᠡᠨ ᠤᠳᠬ᠎ᠠ ᠲᠠᠢ》 ᠭᠡᠵᠦ ᠯᠢᠦ᠎ᠶᠢᠨ ᠯᠠᠨ ᠲᠠᠢᠯᠪᠤᠷᠢᠯᠠᠪᠠ᠃《ᠪᠣᠯᠪᠠᠰᠤᠷᠠᠯ ᠨᠢ ᠪᠦᠬᠦ ᠵᠦᠢᠯᠡᠰ ᠡᠴᠡ ᠰᠦᠢᠳᠬᠡᠯ ᠬᠤᠷᠢᠶᠠᠬᠤ ᠦᠭᠡᠢ᠂ ᠨᠡᠢᠭᠡᠮ ᠲᠣᠭᠣᠷᠢᠭ᠋᠎ᠡᠴᠡ ᠲᠦᠭᠦᠬᠡᠢ ᠮᠠᠲᠧᠷᠢᠶᠠᠯ ᠬᠠᠩᠭᠠᠵᠤ᠂ ᠪᠠᠷᠠᠭ᠎ᠠ ᠬᠤᠳᠠᠯᠳᠤᠨ᠎ᠠ ᠭᠡᠵᠦ ᠰᠠᠨᠠᠭ᠎ᠠ ᠵᠤᠪᠠᠬᠤ ᠦᠭᠡᠢ᠂ ᠪᠠᠰᠠ ᠢᠯᠡᠭᠦᠦ ᠨᠢᠭᠡ ᠬᠤᠪᠢ ᠣᠷᠣᠯᠭ᠎ᠠ ᠣᠯᠵᠤ ᠪᠣᠯᠣᠨ᠎ᠠ 》 ᠭᠡᠵᠦ ᠭᠡᠷ᠎ᠲᠡᠭᠡᠨ ᠬᠡᠤᠬᠡᠳ ᠬᠠᠷᠠᠵᠤ ᠪᠠᠢᠭ᠎ᠠ ᠡᠵᠢ ᠵᠢᠶᠠ᠎ᠶᠢᠨ ᠬᠡᠯᠡᠪᠡ᠃ ᠠᠵᠢᠯ᠎ᠡᠴᠡ᠎ᠪᠠᠨ ᠠᠮᠠᠷᠠᠭᠰᠠᠨ ᠰᠠᠭᠤᠭᠠᠯᠢ ᠠᠷᠠᠳ ᠶᠠᠨ ᠬᠤᠸᠠ᠄ 《ᠪᠣᠳᠠᠰ᠎ᠤᠨ ᠪᠤᠰᠤ ᠰᠣᠶᠣᠯ᠎ᠤᠨ ᠥᠪ ᠤᠤᠯ ᠨᠢ ᠨᠠᠳᠠ ᠡᠴᠡ ᠮᠠᠰᠢ ᠬᠤᠯᠠ ᠰᠠᠨᠠᠭᠳᠠᠳᠠᠭ ᠪᠠᠢᠯ᠎ᠠ᠂ ᠤᠳᠤ ᠶᠠᠭ ᠥᠪᠡᠷ᠎ᠦᠨ ᠬᠤᠷᠤᠭᠤᠨ ᠦᠵᠦᠭᠦᠷ᠎ᠲᠦ ᠪᠠᠢᠵᠤ᠂ ᠦᠢᠯᠡᠳᠭᠦᠨ᠎ᠭᠠᠷᠭᠠᠪᠠᠯ ᠣᠨᠴᠠ ᠠᠮᠵᠢᠯᠲᠠ ᠣᠯᠣᠭᠰᠠᠨ ᠲᠥᠷᠥᠭᠳᠡᠯ᠎ᠲᠠᠢ 》ᠭᠡᠪᠡ᠃ ᠥᠩᠭᠡᠷᠡᠭᠰᠡᠨ᠎ᠳᠦ《ᠰᠠᠨᠠᠭᠠᠴᠢᠯᠠᠭᠠᠲᠤ ᠪᠤᠰᠤ᠎ᠪᠠᠷ ᠬᠠᠮᠢᠶᠠᠷᠤᠭᠳᠠᠵᠤ》 ᠪᠠᠢᠭᠰᠠᠨ ᠰᠠᠭᠤᠭᠠᠯᠢ ᠠᠷᠠᠳ ᠤᠳᠤ 《 ᠰᠠᠨᠠᠭᠠᠴᠢᠯᠠᠭ᠎ᠠ᠎ᠡᠴᠡ᠎ᠪᠠᠨ ᠵᠠᠰᠠᠬᠤ 》 ᠡᠵᠡᠨ ᠪᠣᠯᠪᠠ᠃

ᠤᠷ᠎ᠠ ᠮᠡᠷᠭᠡᠵᠢᠯ ᠰᠤᠷᠴᠤ ᠣᠷᠣᠯᠭ᠎ᠠ᠎ᠪᠠᠨ ᠨᠡᠮᠡᠭᠳᠡᠭᠦᠯᠬᠦ ᠵᠠᠮ᠎ᠢ ᠨᠡᠪᠲᠡᠷᠡᠭᠦᠯᠬᠦ᠎ᠶᠢᠨ ᠲᠥᠯᠥᠭᠡ᠂ ᠰᠠᠭᠤᠭᠠᠯᠢ ᠠᠷᠠᠳ᠎ᠤᠨ ᠬᠢᠭᠰᠡᠨ ᠰᠤᠳᠤᠨ ᠪᠦᠲᠦᠭᠡᠯ᠎ᠢ ᠨᠡᠢᠭᠡᠮ ᠲᠣᠭᠣᠷᠢᠭ᠋᠎ᠤᠨ ᠠᠵᠢᠯᠯᠠᠭ᠎ᠠ᠎ᠶᠢᠨ ᠭᠠᠷ ᠪᠡᠯᠡᠭ ᠪᠣᠯᠭᠠᠵᠤ ᠬᠥᠷᠰᠢ ᠵᠡᠷᠭᠡᠯᠡᠳᠡᠭᠡ᠎ᠶᠢᠨ ᠬᠠᠢᠷ᠎ᠠ ᠬᠠᠯᠠᠮᠵᠢ᠎ᠶᠢ ᠳᠠᠮᠵᠢᠭᠤᠯᠤᠭᠰᠠᠨ ᠪᠥᠭᠡᠳ ᠰᠦᠯᠵᠢᠶᠡᠨ ᠳᠡᠭᠡᠷᠡᠬᠢ ᠲᠠᠪᠴᠠᠩ᠂ ᠮᠦᠽᠧᠢ᠂ ᠰᠢᠨᠬᠤᠸᠠ ᠨᠣᠮ᠎ᠤᠨ ᠳᠡᠯᠭᠡᠭᠦᠷ ᠵᠡᠷᠭᠡ ᠠᠷᠭ᠎ᠠ ᠵᠠᠮ᠎ᠢᠶᠠᠷ ᠳᠠᠮᠵᠢᠭᠤᠯᠤᠨ ᠳᠡᠯᠭᠡᠨ ᠦᠵᠡᠭᠦᠯᠵᠦ ᠪᠣᠷᠣᠯᠠᠭᠤᠯᠪᠠ᠃ ᠡᠭᠦᠯᠡᠨ ᠬᠡ ᠤᠭᠠᠯᠵᠠ᠎ᠲᠠᠢ ᠰᠦᠩ ᠤᠯᠤᠰ᠎ᠤᠨ ᠬᠡᠮᠡᠷᠯᠢᠭ ᠡᠯᠭᠦᠮᠡᠯ ᠪᠠ ᠮᠣᠷᠢᠨ ᠬᠤᠭᠤᠷ᠎ᠤᠨ ᠬᠡᠯᠪᠡᠷᠢ ᠳᠦᠷᠰᠦ᠎ᠶᠢ ᠵᠡᠷᠭᠡᠴᠡᠭᠦᠯᠦᠨ ᠲᠠᠯᠪᠢᠵᠤ᠂ ᠵᠢᠶᠠᠩᠨᠠᠨ᠎ᠤ ᠢᠷᠠᠭᠤ ᠡᠭᠡᠰᠢᠭ ᠪᠠ ᠲᠠᠯ᠎ᠠ ᠨᠤᠲᠤᠭ᠎ᠤᠨ ᠣᠮᠣᠭ ᠵᠣᠷᠢᠭ᠋ ᠨᠢ ᠦᠵᠡᠭᠦᠯᠭᠡ᠎ᠶᠢᠨ ᠬᠣᠷᠭᠣ᠌᠎ᠳᠤ ᠰᠣᠯᠪᠢᠴᠠᠨ ᠢᠯᠡᠷᠡᠵᠦ᠂ ᠨᠠᠷᠢᠯᠢᠭ᠋ ᠤᠷᠠᠯᠠᠯ ᠪᠠ ᠥᠳᠬᠡᠨ ᠵᠤᠵᠠᠭᠠᠨ ᠦᠨᠳᠦᠰᠦᠲᠡᠨ᠎ᠦ ᠵᠠᠩ ᠦᠢᠯᠡ᠎ᠪᠡᠷ᠎ᠢᠶᠡᠨ ᠰᠠᠢᠨ ᠰᠠᠢᠬᠠᠨ ᠮᠠᠭᠲᠠᠭᠠᠯ ᠰᠠᠢᠰᠢᠶᠠᠯ᠎ᠢ ᠣᠯᠪᠠ᠃《〈 ᠽᠢ ᠢᠦᠢ ᠭᠠᠷ ᠦᠢᠯᠡᠳᠭᠡᠯ〉 ᠪᠣᠯ ᠪᠣᠳᠠᠰ᠎ᠤᠨ ᠪᠤᠰᠤ ᠰᠣᠶᠣᠯ᠎ᠤᠨ ᠥᠪ᠎ᠤᠨ ᠠᠮᠢᠳᠤ ᠤᠯᠠᠮᠵᠢᠯᠠᠯ᠎ᠤᠨ ᠵᠢᠭ᠍ᠰᠠᠭᠠᠯ᠎ᠤᠨ ᠭᠠᠵᠠᠷ ᠪᠣᠯᠬᠤ᠎ᠪᠠᠷ ᠪᠠᠷᠠᠬᠤ ᠦᠭᠡᠢ ᠨᠠᠩ ᠴᠤ᠌ ᠬᠥᠷᠰᠢ ᠵᠡᠷᠭᠡᠯᠡᠳᠡᠭᠡ᠎ᠲᠠᠢ᠎ᠪᠡᠨ ᠡᠶ᠎ᠡ ᠨᠠᠢᠷᠲᠠᠢ ᠶᠠᠪᠤᠯᠴᠠᠬᠤ᠂ ᠠᠷᠠᠳ᠎ᠤᠨ ᠰᠡᠳᠬᠢᠯ᠎ᠢ ᠨᠢᠭ᠍ᠲᠠᠷᠠᠭᠤᠯᠬᠤ ᠬᠣᠯᠪᠣᠭᠠᠰᠤ ᠮᠥᠨ》᠃ ᠯᠢᠦ᠎ᠶᠢᠨ ᠯᠠᠨ ᠪᠠᠰᠠ᠂ 《ᠬᠤᠢᠰᠢᠳᠠ ᠨᠡᠢᠭᠡᠮ ᠲᠣᠭᠣᠷᠢᠭ᠋᠎ᠤᠨ ᠬᠢᠨ 〈ᠦᠨᠳᠦᠰᠦᠨ ᠪᠤᠯᠪᠠᠰᠤᠷᠠᠯ ᠦᠭᠡᠢ〉ᠬᠦᠮᠦᠰ ᠲᠦ᠍ ᠨᠡᠶ᠋ᠢᠲᠡ᠎ᠶᠢᠨ ᠠᠰᠠᠷᠠᠮᠵᠢ᠎ᠶᠢᠨ ᠵᠢᠭᠠᠨ ᠰᠤᠷᠭᠠᠯᠲᠠ ᠬᠦᠷᠳᠡᠭᠡᠬᠦ᠂ ᠪᠦᠲᠦᠭᠡᠯ᠎ᠦᠨ ᠦᠵᠡᠭᠦᠯᠭᠡ᠂ ᠰᠣᠶᠣᠯ᠎ᠤᠨ ᠡᠭᠦᠳᠦᠯᠲᠡ᠎ᠶᠢᠨ ᠵᠠᠬ᠎ᠠ ᠳᠡᠯᠭᠡᠭᠦᠷ᠎ᠢ ᠪᠠᠢᠩᠭᠤᠵᠢᠭᠤᠯᠵᠤ᠂ ᠰᠠᠭᠤᠭᠠᠯᠢ ᠠᠷᠠᠳ᠎ᠢ ᠭᠡᠷ᠎ᠡᠴᠡ᠎ᠪᠡᠨ ᠭᠠᠷᠤᠮᠠᠭᠴᠠ ᠦᠵᠡᠰᠬᠦᠯᠡᠩ ᠲᠣᠭᠣᠷᠢᠵᠤ᠂ ᠪᠣᠳᠠᠰ᠎ᠤᠨ ᠪᠤᠰᠤ ᠰᠣᠶᠣᠯ᠎ᠤᠨ ᠥᠪ᠎ᠢ ᠰᠣᠨᠢᠷᠬᠠᠵᠤ᠂ ᠤᠷ᠎ᠠ ᠮᠡᠷᠭᠡᠵᠢᠯ ᠰᠤᠷᠬᠤ ᠪᠣᠯᠭᠠᠨ᠎ᠠ》ᠭᠡᠪᠡ᠃ ᠰᠣᠶᠣᠯ᠎ᠡᠴᠡ ᠵᠠᠰᠠᠯᠲᠠ ᠬᠦᠷᠲᠡᠯ᠎ᠡ᠂ ᠪᠠᠭ᠎ᠠ ᠭᠠᠷ ᠤᠷᠠᠯᠠᠯ᠎ᠡᠴᠡ ᠶᠡᠬᠡ ᠶᠠᠪᠤᠳᠠᠯ ᠬᠦᠷᠲᠡᠯ᠎ᠡ᠂ ᠡᠨᠡ ᠬᠦ᠌ ᠲᠣᠷᠭᠠᠨ ᠤᠲᠠᠰᠤ ᠬᠡᠳᠦᠨ ᠵᠦᠢᠯ᠎ᠦᠨ ᠦᠷᠳᠡᠭ᠎ᠢ ᠬᠡᠯᠬᠢᠵᠡᠢ᠄ ᠪᠣᠳᠠᠰ᠎ᠤᠨ ᠪᠤᠰᠤ ᠰᠣᠶᠣᠯ᠎ᠤᠨ ᠥᠪ᠎ᠲᠦ ᠠᠮᠢᠳᠤᠯᠢᠭ᠋ ᠠᠴᠢᠶᠠᠯᠠᠪᠤᠷᠢ᠎ᠲᠠᠢ ᠪᠣᠯᠵᠤ᠂ ᠤᠯᠠᠨ ᠲᠦᠮᠡᠨ᠎ᠦ ᠣᠷᠣᠯᠭ᠎ᠠ᠎ᠶᠢ ᠨᠡᠮᠡᠭᠳᠡᠭᠦᠯᠬᠦ ᠲᠣᠭᠲᠠᠭᠤᠨ ᠠᠷᠭ᠎ᠠ ᠵᠠᠮ᠎ᠲᠠᠢ ᠪᠣᠯᠵᠤ᠂ ᠨᠡᠢᠭᠡᠮ ᠲᠣᠭᠣᠷᠢᠭ᠋᠎ᠤᠨ ᠵᠠᠰᠠᠯᠲᠠ᠎ᠳᠤ ᠤᠶᠠᠨ ᠬᠠᠳᠠᠨ ᠭᠠᠷᠳᠡᠴᠡ ᠲᠠᠢ ᠪᠣᠯᠵᠤ᠂ ᠬᠥᠷᠰᠢ ᠵᠡᠷᠭᠡᠯᠡᠳᠡᠭᠡ᠎ᠶᠢᠨ ᠬᠠᠷᠢᠴᠠᠭ᠎ᠠ᠎ᠳᠤ ᠳᠣᠲᠣᠨᠣᠰᠤᠭ ᠬᠣᠯᠪᠣᠭᠠᠰᠤ᠎ᠲᠠᠢ ᠪᠣᠯᠵᠠᠢ᠃ ᠠᠤᠭ᠎ᠠ ᠶᠡᠬᠡ ᠬᠥᠭᠵᠢᠯᠲᠡ᠎ᠶᠢᠨ ᠬᠠᠷᠢᠭᠤᠯᠲᠠ᠎ᠶᠢᠨ ᠬᠠᠭᠤᠳᠠᠰᠤ ᠡᠨᠡ ᠬᠦ᠌ ᠲᠦᠭ ᠲᠦᠮᠡᠨ ᠠᠢᠯ ᠡᠷᠦᠬᠡ᠎ᠶᠢᠨ ᠬᠤᠪᠢᠷᠠᠯᠲᠠ᠎ᠳᠤ ᠬᠠᠳᠠᠭᠠᠯᠠᠭᠳᠠᠵᠤ ᠪᠤᠢ᠃


    [ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ]

  《ᠽᠢ ᠢᠦᠢ ᠭᠠᠷ ᠦᠢᠯᠡᠳᠬᠡᠯ 》᠎ᠤ᠋ᠨ ᠭᠠᠵᠠᠷ᠎ᠲᠤ ᠣᠷᠣᠪᠠᠯ᠂ ᠮᠢᠨᠤ ᠰᠡᠳᠬᠢᠯ᠎ᠢ ᠬᠠᠮᠤᠭ᠎ᠡᠴᠡ ᠳᠣᠭᠳᠣᠯᠤᠭᠤᠯᠳᠠᠭ ᠨᠢ ᠲᠡᠳᠡᠭᠡᠷ ᠤᠷᠠᠨ ᠨᠠᠷᠢᠯᠢᠭ᠋ ᠪᠣᠳᠠᠰ᠎ᠤᠨ ᠪᠤᠰᠤ ᠰᠣᠶᠣᠯ᠎ᠤᠨ ᠥᠪ᠎ᠦᠨ ᠪᠦᠲᠦᠭᠡᠯ ᠪᠢᠰᠢ᠂ ᠬᠠᠷᠢᠨ ᠰᠠᠭᠤᠭᠠᠯᠢ ᠠᠷᠠᠳ᠎ᠤᠨ ᠴᠢᠷᠠᠢ ᠳᠡᠭᠡᠷᠡᠬᠢ ᠲᠡᠷᠡ ᠬᠦ᠌ ᠪᠠᠲᠤ ᠴᠢᠩᠭ᠎ᠠ ᠣᠮᠣᠭ᠍ᠰᠢᠯ ᠪᠣᠯᠣᠨ᠎ᠠ᠃

   ᠡᠨᠡ ᠬᠦ᠌ ᠵᠢᠵᠢᠭ ᠦᠢᠯᠡᠳᠬᠡᠯ᠎ᠦᠨ ᠭᠠᠵᠠᠷ ᠨᠢ ᠪᠣᠳᠠᠰ᠎ᠤᠨ ᠪᠤᠰᠤ ᠰᠣᠶᠣᠯ᠎ᠤᠨ ᠥᠪ᠎ᠢ ᠡᠩ᠎ᠦᠨ ᠬᠥᠮᠥᠰ ᠎ᠦᠨ ᠬᠦᠷᠦᠯᠴᠡᠵᠦ ᠳᠡᠢᠯᠬᠦ ᠠᠮᠢᠳᠤᠷᠠᠯ ᠪᠣᠯᠭᠠᠪᠠ᠃ ᠪᠣᠳᠠᠰ᠎ᠤᠨ ᠪᠤᠰᠤ ᠰᠣᠶᠣᠯ ᠎ᠤᠨ ᠥᠪ ᠎ᠦᠨ ᠬᠠᠮᠠᠭᠠᠯᠠᠯᠲᠠ᠎ᠳᠤ ᠣᠷᠳᠣ᠌ ᠬᠤᠭᠤᠴᠠᠭ᠎ᠠ᠎ᠪᠠᠷ ᠨᠢᠭᠡ ᠬᠦᠴᠢᠷ ᠠᠰᠠᠭᠤᠳᠠᠯ ᠲᠤᠯᠭᠠᠷᠠᠭᠰᠠᠭᠠᠷ ᠢᠷᠡᠪᠡ — ᠦᠵᠡᠭᠦᠯᠭᠡ᠎ᠶᠢᠨ ᠬᠣᠷᠭᠣᠨ᠎ᠳᠤ ᠣᠨᠢᠰᠤᠯᠠᠭᠳᠠᠵᠤ᠂ ᠪᠠᠭ᠍ᠰᠢ ᠱᠠᠪᠢ᠎ᠶᠢᠨ ᠲᠤᠮᠳᠠᠬᠢ ᠤᠯᠠᠮᠵᠢᠯᠠᠯ ᠳ᠋ᠦ ᠯᠡ ᠬᠢᠵᠠᠭᠠᠷᠯᠠᠭᠳᠠᠨ᠎ᠠ᠃ ᠡᠨᠳᠡ ᠨᠢᠭᠡ ᠰᠢᠨ᠎ᠡ ᠵᠠᠮ᠎ᠨᠡᠭᠡᠭᠡᠭᠳᠡᠨ᠎ᠠ᠄ ᠰᠦᠢᠳᠬᠡᠯ ᠬᠤᠷᠢᠶᠠᠬᠤ ᠦᠭᠡᠢ᠎ᠪᠡᠷ ᠭᠠᠷ ᠤᠷᠠᠯᠠᠯ ᠰᠤᠷᠬᠤ᠂ ᠲᠦᠭᠦᠬᠡᠢ ᠮᠠᠲᠧᠷᠢᠶᠠᠯ᠎ᠢ ᠪᠠᠲᠤᠯᠠᠬᠤ᠂ ᠪᠤᠷᠤᠯᠠᠭᠤᠯᠭ᠎ᠠ᠎ᠶᠢᠨ ᠬᠠᠮᠢᠶᠠᠷᠤᠯᠳᠡ ᠵᠡᠷᠭᠡ ᠪᠤᠯᠤᠨ᠎ᠠ᠃ ᠭᠡᠷ᠎ᠲᠡᠭᠡᠨ ᠬᠡᠤᠬᠡᠳ ᠬᠠᠷᠠᠵᠤ ᠪᠠᠢᠭ᠎ᠠ ᠡᠵᠢ᠂ ᠠᠵᠢᠯ᠎ᠡᠴᠡ᠎ᠪᠠᠨ ᠠᠮᠠᠷᠠᠭᠰᠠᠨ ᠨᠠᠰᠤᠲᠠᠨ᠂ ᠠᠮᠢᠳᠤᠯᠢᠭ᠋᠎ᠢᠶᠠᠷ ᠠᠵᠢᠯ ᠣᠯᠣᠭᠰᠠᠳ᠂ ᠳᠡᠳᠡᠨᠤᠰ ᠵᠡᠭᠦᠦ ᠤᠳᠠᠰᠤ ᠪᠡᠷ ᠤᠷᠠᠯᠠᠨ ᠵᠣᠭᠣᠰ ᠮᠥᠩᠭᠥ᠎ᠲᠠᠢ ᠪᠣᠯᠤᠭᠰᠠᠨ ᠪᠥᠭᠡᠳ ᠪᠠᠰᠠ ᠣᠶᠤᠨ ᠰᠠᠨᠠᠭᠠᠨ᠎ᠤ ᠬᠠᠷᠢᠶᠠᠯᠠᠯ᠎ᠲᠠᠢ ᠪᠤᠯᠪᠠ᠃

   ᠬᠠᠮᠤᠭ ᠎ᠤᠨ ᠰᠠᠢᠨ ᠤᠯᠠᠮᠵᠢᠯᠠᠯ ᠪᠣᠯ ᠰᠢᠨ᠎ᠡ᠎ᠶᠢ ᠡᠭᠦᠳᠬᠦ ᠶᠠᠪᠤᠳᠠᠯ ᠮᠥᠨ᠂ ᠬᠠᠮᠤᠭ᠎ᠤᠨ ᠰᠠᠢᠨ ᠬᠠᠮᠠᠭᠠᠯᠠᠯᠲᠠ ᠪᠣᠯ ᠠᠮᠢᠳᠤᠯᠢᠭ᠋ ᠬᠡᠷᠡᠭᠯᠡᠬᠦ ᠶᠠᠪᠤᠳᠠᠯ ᠮᠥᠨ᠃ ᠡᠷᠲᠡᠨ᠎ᠦ ᠤᠷ᠎ᠠ ᠮᠡᠷᠭᠡᠵᠢᠯ ᠨᠢ ᠡᠭᠡᠯ ᠠᠮᠢᠳᠤᠷᠠᠯ᠎ᠳᠤ ᠠᠭᠤᠰᠴᠤ᠂ ᠠᠯᠤᠰ ᠬᠤᠯᠠ᠎ᠶᠢᠨ ᠬᠡᠪ ᠵᠠᠭᠪᠤᠷ ᠪᠢᠰᠢ ᠪᠣᠯᠵᠤ᠂ ᠬᠠᠷᠢᠨ ᠪᠡᠶᠡᠴᠢᠯᠡᠨ ᠣᠢᠯᠠᠭᠠᠵᠤ ᠪᠤᠯᠬᠤ᠂ ᠬᠡᠷᠡᠭᠯᠡᠵᠦ ᠪᠣᠯᠬᠤ᠂ ᠤᠯᠠᠮᠵᠢᠯᠠᠨ ᠵᠠᠯᠭᠠᠮᠵᠢᠯᠠᠵᠤ ᠪᠣᠯᠬᠤ ᠠᠮᠢᠳᠤᠯᠢᠭ᠋ ᠰᠣᠶᠣᠯ ᠪᠣᠯᠵᠠᠢ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠩᠬᠢᠨᠢ ᠰᠢᠨ᠎ᠡ ᠠᠮᠢᠯᠠᠯ ᠡᠨᠳᠡ ᠪᠤᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面