ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠠᠯᠲᠠᠨ ᠵᠤᠤᠵᠠᠢ

2026-10-28 16:14:52

ᠵᠣᠬᠢᠶᠠᠭ᠍ᠴᠢ᠄ ᠡ᠊·ᠦᠷᠭᠡᠨ ᠣᠩᠱᠢᠭ᠍ᠰᠠᠨ ᠣᠳᠠᠭ᠎ᠠ᠄ 3

— ᠤᠷᠳᠤᠰ ᠬᠤᠳᠠ᠎ᠶᠢᠨ 《ᠨᠤᠮ᠎ᠤᠨ ᠵᠤᠭᠤᠭ》 ᠴᠤᠭᠯᠠᠷᠠᠯ᠎ᠤᠨ ᠬᠠᠮᠳᠤ᠎ᠶᠢᠨ ᠠᠵᠢᠯᠯᠠᠭ᠎ᠠ᠎ᠳᠤ ᠤᠷᠤᠯᠴᠠᠭᠠᠳ


2026 ᠤᠨ᠎ᠤ 5 ᠰᠠᠷ᠎ᠠ᠎ᠶᠢᠨ 17᠎ᠤ᠋ ᠡᠳᠦᠷ᠎ᠢ ᠪᠢ ᠮᠠᠷᠳᠠᠵᠤ ᠴᠢᠳᠠᠬᠤ ᠦᠭᠡᠢ᠃ ᠡᠨᠡ ᠡᠳᠦᠷ ᠨᠠᠳᠠᠳᠤ ᠪᠠᠶᠠᠷ ᠵᠢᠷᠭᠠᠯ᠂ ᠤᠮᠤᠭ᠍ᠰᠢᠯ ᠵᠤᠷᠢᠭ᠍ᠵᠢᠯ᠂ ᠪᠤᠳᠤᠯ ᠲᠦᠷᠦᠭᠳᠡᠯ᠎ᠢ ᠬᠡᠯᠡᠬᠦᠶ᠎ᠡ ᠶᠡᠬᠡ ᠤᠯᠭᠤᠭᠰᠠᠨ ᠡᠳᠦᠷ ᠶᠤᠮᠰᠠᠨ᠃

ᠪᠠᠶᠠᠷ ᠵᠢᠷᠭᠠᠯ᠎ᠢᠶᠠᠨ ᠬᠡᠯᠡᠪᠡᠯ ᠬᠡᠳᠦᠨ ᠲᠠᠯ᠎ᠠ᠎ᠶᠢᠨ ᠢᠷᠡᠯᠳᠡ ᠲᠠᠢ᠃ ᠨᠢᠭᠡ᠎ᠳᠦ᠂ ᠤᠷᠳᠤᠰ᠎ᠤᠨ 《ᠨᠤᠮ᠎ᠤᠨ ᠵᠤᠭᠤᠭ》 ᠴᠤᠭᠯᠠᠷᠠᠯ᠎ᠤᠨ ᠬᠠᠮᠳᠤ᠎ᠪᠠᠷ ᠤᠩᠰᠢᠬᠤ ᠨᠤᠮ᠎ᠤᠨ ᠰᠢᠯᠢᠯᠳᠡ᠎ᠳᠦ ᠮᠢᠨᠤ ᠨᠤᠮ ᠰᠤᠩᠭᠤᠭᠳᠠᠵᠤ᠂ ᠨᠠᠢ᠍ᠮᠠᠳᠠᠬᠢ ᠤᠳᠠᠭᠠᠨ᠎ᠤ ᠶᠠᠷᠢᠯᠴᠠᠬᠤ ᠬᠤᠷᠠᠯ᠎ᠤᠨ ᠬᠢᠨᠢ ᠭᠤᠤᠯ ᠰᠡᠳᠦᠪ ᠪᠤᠯᠤᠭᠰᠠᠨ ᠶᠠᠪᠤᠳᠠᠯ᠃ ᠮᠢᠩᠭ᠎ᠠ ᠲᠦᠮᠡᠨ ᠨᠤᠮ᠎ᠤᠨ ᠲᠤᠮᠳᠠ᠎ᠠᠴᠠ 《ᠮᠤᠩᠭᠤᠯ ᠬᠦᠮᠦᠨ ᠪᠤᠶᠤ ᠮᠤᠩᠭᠤᠯ ᠮᠤᠷᠢ》 ᠭᠡᠬᠦ ᠨᠤᠮ᠎ᠢ ᠰᠤᠩᠭᠤᠵᠤ ᠤᠩᠰᠢᠵᠠᠭᠠᠨ᠂ ᠮᠢᠨᠤ ᠦᠭᠡᠷ᠎ᠡ ᠪᠤᠰᠤᠳ ᠨᠤᠮ᠎ᠤᠨ ᠠᠭᠤᠯᠭ᠎ᠠ ᠯᠤᠭ᠎ᠠ ᠤᠶᠠᠯᠳᠤᠭᠤᠯᠵᠤ ᠶᠠᠷᠢᠯᠴᠠᠨ ᠰᠤᠳᠤᠯᠵᠤ᠂ ᠠᠰᠠᠭᠤᠯᠳᠠ ᠲᠤᠷᠠᠳᠤᠵᠠᠭᠠᠨ ᠬᠠᠮᠳᠤ᠎ᠪᠠᠷ ᠰᠤᠷᠤᠯᠴᠠᠭᠰᠠᠨ ᠨᠢ ᠰᠠᠢᠬᠠᠨ ᠪᠠᠢᠭᠰᠠᠨ᠃ ᠬᠤᠶᠠᠷ᠎ᠲᠤ᠂ ᠡᠨᠡ ᠨᠢ ᠶᠠᠭ ᠯᠡ ᠬᠡᠪᠯᠡᠭᠦᠯᠦᠭᠰᠡᠨ ᠨᠤᠮ᠎ᠤᠳ᠎ᠲᠤ ᠲᠠᠷᠬᠠᠭᠠᠯᠳᠠ᠎ᠶᠢᠨ ᠬᠤᠷᠠᠯ ᠬᠢᠵᠦ ᠦᠭᠴᠦ ᠪᠠᠢᠭ᠎ᠠ ᠶᠤᠮ ᠰᠢᠭ᠋ ᠪᠤᠯᠵᠤ᠂ ᠡᠴᠢᠨᠡᠬᠡᠨ ᠵᠢᠯ᠎ᠦᠨ ᠲᠤᠷᠰᠢᠳᠡᠬᠢ ᠬᠤᠭᠤᠰᠤᠨ᠎ᠢ ᠨᠦᠬᠦᠵᠦ ᠦᠭᠭᠦᠭᠰᠡᠨ᠎ᠢᠶᠡᠷ ᠰᠡᠳᠭᠢᠯ᠎ᠳᠦ ᠮᠢᠨᠢ ᠬᠢᠵᠠᠭᠠᠯᠠᠰᠢ ᠦᠭᠡᠢ ᠪᠠᠶᠠᠷ ᠵᠢᠷᠭᠠᠯ᠎ᠤᠨ ᠲᠦᠷᠦᠭᠳᠡᠯ ᠡᠭᠦᠰᠴᠦ᠂ ᠬᠠᠩᠭᠢᠨ ᠬᠤᠰᠢᠭᠤᠨ᠎ᠤ ᠷᠢᠸᠠᠳᠢ᠂ ᠵᠢᠷᠠᠨᠲᠤᠯᠤᠭ᠎ᠠ᠂ ᠢᠷᠪᠢᠰᠴᠢᠯᠠᠭᠤ᠂ ᠪᠦᠳᠦᠭᠡᠯ᠂ ᠴᠠᠢᠯᠭᠠᠨ ᠵᠡᠷᠭᠡ ᠵᠠᠯᠠᠭᠤ ᠪᠠᠭ᠍ᠰᠢ ᠨᠠᠷ᠎ᠲᠤ᠂ ᠪᠠᠰᠠ《ᠰᠢᠭᠦᠮᠵᠢᠯᠡᠬᠦᠢ》᠂ 《ᠮᠤᠩᠭᠤᠯ ᠬᠦᠮᠦᠨ ᠪᠤᠶᠤ ᠮᠤᠩᠭᠤᠯ ᠮᠤᠷᠢ》 ᠭᠡᠬᠦ ᠨᠤᠮ᠎ᠠᠴᠠ ᠤᠶᠠᠩᠭᠠᠯᠠᠨ ᠤᠩᠰᠢᠭᠠᠳ ᠰᠤᠨᠤᠰᠬᠤ ᠨᠤᠮ᠎ᠤᠨ ᠬᠡᠯᠪᠡᠷᠢ ᠪᠤᠯᠭᠠᠵᠤ ᠤᠯᠠᠨ᠎ᠤ ᠰᠤᠨᠤᠷ᠎ᠲᠤ ᠬᠦᠷᠭᠡᠭᠰᠡᠨ ᠠᠷᠢᠭᠤᠨᠴᠡᠴᠡᠭ᠎ᠲᠤ ᠰᠡᠳᠭᠢᠯ᠎ᠦᠨ ᠤᠭ᠎ᠠᠴᠠ᠎ᠪᠠᠨ ᠪᠠᠶᠠᠷᠯᠠᠨ ᠲᠠᠯᠠᠷᠬᠠᠭᠰᠠᠨ ᠶᠤᠮ᠃ ᠭᠤᠷᠪᠠ᠎ᠳᠤ᠂ ᠲᠡᠳᠡᠭᠡᠷ ᠲᠡᠭᠦᠦ ᠨᠡᠷ ᠮᠢᠨᠢ ᠬᠦᠴᠦ ᠬᠦᠯᠦᠰᠦ᠂ ᠴᠠᠭ ᠵᠠᠢ᠂ ᠮᠦᠩᠭᠦ ᠵᠤᠭᠤᠰ᠎ᠢᠶᠠᠨ ᠬᠠᠷᠠᠮ ᠦᠭᠡᠢ ᠭᠠᠷᠭᠠᠵᠤ᠂ ᠨᠤᠮ ᠤᠩᠰᠢᠯᠭ᠎ᠠ᠎ᠶᠢᠨ ᠠᠵᠢᠯᠯᠠᠭ᠎ᠠ ᠦᠷᠨᠢᠭᠦᠯᠦᠨ᠂ ᠡᠷᠬᠢᠨ ᠲᠤᠭᠤᠷᠢᠨ᠎ᠤ᠎ᠪᠠᠨ ᠬᠦᠮᠦᠰ᠎ᠢ ᠲᠠᠢᠴᠢᠯᠠᠨ ᠲᠠᠭᠠᠭᠤᠯᠵᠤ ᠨᠤᠮ᠎ᠤᠨ ᠴᠡᠪᠡᠷ ᠠᠭᠠᠷ ᠦᠭᠡᠳᠡ᠂ ᠰᠤᠶᠤᠯ᠎ᠤᠨ ᠭᠦᠨ ᠲᠠᠪᠬᠤᠷᠭ᠎ᠠ ᠤᠷᠤᠭᠤ ᠴᠢᠭᠯᠡᠨ ᠠᠮᠢᠳᠤᠷᠠᠯ᠎ᠤᠨ ᠤᠳᠬ᠎ᠠ ᠠᠭᠤᠯᠭ᠎ᠠ᠎ᠶᠢ ᠬᠦᠮᠦᠰ᠎ᠲᠦ ᠤᠯᠭᠤᠵᠤ ᠴᠢᠳᠠᠭ᠎ᠠ ᠨᠢ ᠨᠠᠳᠠᠳᠤ ᠪᠠᠶᠠᠷ ᠵᠢᠷᠭᠠᠯ᠎ᠢ ᠠᠪᠴᠢᠷᠠᠵᠤ ᠦᠭᠭᠦᠭᠰᠡᠨ ᠶᠤᠮ᠃ ᠪᠠᠶᠠᠷ ᠵᠢᠷᠭᠠᠯ ᠭᠡᠭᠴᠢ ᠨᠤᠮ ᠪᠢᠴᠢᠭ᠎ᠦᠨ ᠨᠢᠮᠭᠡᠨ ᠬᠠᠭᠤᠳᠠᠰᠤᠨ᠎ᠠᠴᠠ ᠦᠪᠡᠷ᠎ᠢ ᠴᠢᠨᠢ ᠴᠢᠭᠯᠡᠨ ᠢᠷᠡᠳᠡᠭ ᠭᠡᠳᠡᠭ᠎ᠢ ᠨᠠᠳᠠᠳᠤ ᠬᠡᠯᠡᠵᠦ ᠦᠭᠬᠦᠯ᠎ᠡ᠃

ᠡᠨᠡ ᠤᠳᠠᠭᠠᠨ᠎ᠤ ᠬᠤᠷᠠᠯ᠎ᠳᠤ ᠨᠠᠢ᠍ᠮᠠᠨ ᠨᠠᠰᠤᠳᠠᠢ ᠬᠡᠦᠬᠡᠳ᠎ᠡᠴᠡ ᠨᠠᠶᠨ ᠰᠢᠬᠠᠭᠰᠠᠨ ᠨᠠᠰᠤᠳᠠᠨ ᠬᠦᠷᠳᠡᠯ᠎ᠡ ᠤᠷᠤᠯᠴᠠᠵᠤ᠂ ᠬᠠᠩᠭᠢᠨ ᠬᠤᠰᠢᠭᠤ᠂ ᠦᠦᠰᠢᠨ ᠬᠤᠰᠢᠭᠤ᠂ ᠤᠳᠤᠭ᠎ᠤᠨ ᠡᠮᠦᠨᠡᠳᠦ ᠬᠤᠰᠢᠭᠤ᠂ ᠡᠵᠡᠨ ᠬᠤᠷᠤᠭ᠎ᠠ ᠬᠤᠰᠢᠭᠤ᠂ ᠤᠳᠤᠭ ᠬᠤᠰᠢᠭᠤ ᠵᠡᠷᠭᠡ᠎ᠠᠴᠠ ᠤᠯᠠᠨ ᠬᠦᠮᠦᠨ ᠬᠦᠷᠦᠯᠴᠡᠨ ᠢᠷᠡᠭᠰᠡᠨ ᠨᠢ ᠰᠡᠳᠭᠢᠯ᠎ᠢ ᠦᠨᠡᠬᠡᠷ ᠲᠤᠭᠳᠤᠯᠤᠭᠤᠯᠵᠤ ᠪᠢᠯᠡ᠃ ᠲᠡᠳᠡ ᠬᠠᠷᠢᠯᠴᠠᠨ ᠨᠤᠮ᠎ᠤᠨ ᠪᠡᠯᠡᠭ ᠬᠦᠷᠭᠡᠯᠴᠡᠵᠤ᠂ ᠤᠩᠰᠢᠬᠤ ᠲᠤᠷ᠎ᠠ ᠲᠠᠢ ᠨᠤᠮ ᠰᠤᠳᠤᠷ᠎ᠢᠶᠠᠨ ᠰᠤᠯᠢᠯᠴᠠᠨ ᠬᠦᠭᠵᠢᠶᠡᠨᠳᠡᠢ ᠶᠠᠷᠢᠯᠴᠠᠬᠤ᠎ᠶᠢ ᠨᠢ ᠬᠠᠷᠠᠬᠤ᠎ᠳᠤ ᠪᠡᠶ᠎ᠡ ᠰᠡᠳᠭᠢᠯ᠎ᠢᠶᠡᠷ ᠦᠶ᠎ᠡ ᠦᠶ᠎ᠡ ᠬᠠᠯᠠᠭᠤᠨ ᠤᠷᠤᠰᠬᠠᠯ ᠭᠦᠶᠦᠵᠦ ᠪᠠᠢᠪᠠ᠃

ᠰᠡᠳᠬᠢᠭᠳᠡᠯ ᠮᠠᠨᠢ ᠤᠯᠠᠨ ᠲᠠᠯ᠎ᠠ ᠲᠠᠢ ᠪᠠᠢᠭᠰᠠᠨ᠃ ᠨᠢᠭᠡ᠎ᠳᠦ᠂ ᠨᠤᠮ᠂ ᠠᠷᠢᠬᠢ ᠲᠠᠢ ᠬᠠᠮᠢᠶ᠎ᠠ ᠦᠭᠡᠢ᠃ ᠬᠤᠶᠠᠷ᠎ᠲᠤ᠂ ᠶᠠᠷᠢᠯᠴᠠᠬᠤ ᠬᠤᠷᠠᠯ ᠡᠬᠢᠯᠡᠬᠦ᠎ᠡᠴᠡ ᠤᠷᠢᠳ ᠪᠢᠷ᠎ᠦᠨ ᠰᠢᠯᠭᠠᠯᠳᠠ ᠲᠠᠢ᠂ ᠬᠤᠷᠠᠯ᠎ᠤᠨ ᠲᠠᠷᠠᠭ᠎ᠠ ᠱᠠᠩᠨᠠᠯ ᠬᠦᠬᠢᠭᠦᠯᠦᠯ ᠲᠠᠢ᠃ ᠭᠤᠷᠪᠠ᠎ᠳᠤ᠂ ᠶᠠᠷᠢᠯᠴᠠᠭᠠᠨ ᠲᠤᠮᠳᠠ ᠭᠠᠷᠤᠭᠰᠠᠨ ᠰᠠᠢᠬᠠᠨ ᠮᠡᠳᠡᠭᠡ᠎ᠨᠦᠭᠦᠳ᠃ ᠰᠠᠢᠬᠠᠨ ᠮᠡᠳᠡᠭᠡ ᠭᠡᠳᠡᠭ ᠨᠢ ᠦᠨᠡᠨᠳᠡᠭᠡᠨ ᠬᠤᠶᠠᠷ ᠪᠦᠰᠡᠭᠦᠢ᠎ᠶᠢᠨ ᠰᠠᠢᠬᠠᠨ ᠰᠠᠨᠠᠭᠠᠨ᠎ᠤ ᠢᠳᠡᠪᠬᠢ ᠤᠳᠬ᠎ᠠ ᠲᠠᠢ ᠦᠢᠯᠡ ᠠᠵᠢᠯᠯᠠᠭ᠎ᠠ ᠪᠤᠯᠬᠤ ᠶᠤᠮ᠃ ᠨᠢᠭᠡ ᠨᠢ ᠤᠳᠤᠭ᠎ᠤᠨ ᠡᠮᠦᠨᠡᠳᠦ ᠬᠤᠰᠢᠭᠤᠨ᠎ᠤ ᠠᠷᠢᠭᠤᠨᠴᠠᠭᠠᠨ ᠭᠡᠳᠡᠭ ᠪᠦᠰᠡᠭᠦᠢ᠎ᠶᠢᠨ ᠪᠤᠳᠤᠯ ᠰᠠᠨᠠᠭ᠎ᠠ ᠦᠢᠯᠡ ᠠᠵᠢᠯᠯᠠᠭ᠎ᠠ ᠨᠢ ᠨᠠᠳᠠᠳᠤ ᠭᠦᠨ ᠰᠠᠭᠤᠭᠳᠠᠯ ᠦᠭᠴᠡᠢ᠃ ᠶᠠᠷᠢᠯᠴᠠᠯᠭ᠎ᠠ ᠲᠤᠮᠳᠠ ᠠᠷᠢᠭᠤᠨᠴᠠᠭᠠᠨ᠎ᠠᠴᠠ ᠭᠦᠩᠰᠡᠩᠨᠤᠷᠪᠤ᠎ᠶᠢᠨ ᠦᠬᠢᠳ᠎ᠦᠨ ᠰᠤᠷᠭᠠᠨ ᠬᠦᠮᠦᠵᠢᠯ᠎ᠳᠦ ᠦᠵᠡᠭᠦᠯᠦᠭᠰᠡᠨ ᠭᠠᠪᠢᠶ᠎ᠠ ᠵᠢᠳᠭᠦᠯ᠎ᠢ ᠪᠢᠰᠢᠷᠡᠨ ᠲᠤᠷᠠᠰᠴᠤ᠂ ᠦᠪᠡᠷ᠎ᠢᠶᠡᠨ ᠴᠤ᠌ ᠵᠠᠯᠠᠭᠤ ᠪᠦᠰᠡᠬᠦᠢᠴᠦᠳ᠎ᠦᠨ ᠨᠤᠮ ᠪᠢᠴᠢᠭ ᠤᠩᠰᠢᠵᠤ ᠦᠪᠡᠷᠰᠡᠳ᠎ᠦᠨ ᠬᠢᠷᠢ ᠬᠡᠮ᠎ᠢ ᠲᠡᠭᠡᠭᠰᠢᠯᠡᠭᠦᠯᠵᠦ ᠶᠠᠪᠤᠬᠤ᠎ᠶᠢᠨ ᠴᠢᠬᠤᠯᠠ ᠴᠢᠨᠠᠷ᠎ᠢ ᠭᠦᠨᠵᠡᠭᠡᠢ ᠲᠠᠨᠢᠵᠤ ᠤᠯᠤᠭᠰᠠᠨ ᠭᠡᠵᠦ ᠶᠠᠷᠢᠵᠤ ᠪᠠᠢᠭᠰᠠᠨ ᠶᠤᠮ᠃ ᠲᠡᠭᠡᠭᠡᠳ ᠨᠤᠳᠤᠭ᠎ᠲᠠᠭᠠᠨ ᠪᠦᠰᠡᠬᠦᠢᠴᠦᠳ᠎ᠦᠨ ᠨᠤᠮ ᠤᠩᠰᠢᠬᠤ ᠲᠤᠭᠤᠢᠯᠠᠩ᠎ᠢ ᠵᠤᠬᠢᠶᠠᠨ ᠪᠠᠢᠭᠤᠯᠵᠤ᠂ ᠭᠡᠰᠢᠭᠦᠳ᠎ᠢᠶᠡᠨ ᠴᠦᠬᠡᠨ᠎ᠡᠴᠡ ᠤᠯᠠᠨ ᠪᠤᠯᠭᠠᠵᠤ ᠦᠷᠭᠡᠵᠢᠭᠦᠯᠦᠨ ᠪᠠᠢᠭ᠎ᠠ ᠠᠵᠢ᠃ ᠲᠡᠷᠡ ᠬᠡᠯᠡᠬᠦ᠎ᠳᠡᠭᠡᠨ᠄ ᠪᠦᠰᠡᠬᠦᠢ ᠬᠦᠮᠦᠨ᠎ᠦ ᠤᠬᠠᠭᠠᠨ ᠮᠡᠳᠡᠯᠭᠡ ᠭᠤᠷᠪᠠᠨ ᠦᠶ᠎ᠡ᠎ᠶᠢᠨ ᠬᠦᠮᠦᠰ᠎ᠢ ᠨᠦᠯᠦᠭᠡᠯᠡᠵᠦ ᠴᠢᠳᠠᠨ᠎ᠠ᠃ ᠶᠠᠭᠤ ᠭᠡᠬᠦ᠎ᠳᠦ᠂ ᠨᠢᠭᠡ ᠦᠬᠢᠨ ᠬᠦᠮᠦᠨ ᠬᠠᠳᠠᠮ᠎ᠤᠨ ᠭᠠᠵᠠᠷ ᠮᠤᠷᠳᠠᠬᠤ᠎ᠳᠤ ᠪᠢᠴᠢᠭ ᠰᠤᠶᠤᠯ᠂ ᠮᠡᠷᠭᠡᠨ ᠤᠬᠠᠭᠠᠨ ᠲᠠᠢ ᠯᠡ ᠪᠤᠯ ᠡᠩ ᠲᠡᠷᠢᠭᠦᠨ᠎ᠳᠦ ᠡᠷ᠎ᠡ ᠨᠦᠬᠦᠷ᠎ᠢᠶᠡᠨ ᠨᠦᠯᠦᠭᠡᠯᠡᠵᠦ᠂ ᠲᠠᠷᠠᠭ᠎ᠠ ᠨᠢ ᠡᠷᠪᠡᠢ ᠬᠡᠦᠬᠡᠳ᠎ᠢᠶᠡᠨ ᠨᠦᠯᠦᠭᠡᠯᠡᠵᠦ᠂ ᠰᠡᠭᠦᠯ᠎ᠳᠦᠨᠢ ᠬᠠᠳᠠᠮ ᠠᠪᠤ ᠡᠵᠢ᠂ ᠠᠬ᠎ᠠ ᠲᠡᠭᠦᠦᠰ᠎ᠢᠶᠡᠨ ᠨᠦᠯᠦᠭᠡᠯᠡᠵᠦ ᠪᠤᠯᠬᠤ ᠶᠤᠮ᠃ ᠲᠡᠭᠡᠬᠦ᠎ᠪᠡᠷ᠂ ᠡᠮᠡᠭᠳᠡᠢ ᠬᠦᠮᠦᠨ᠎ᠦ ᠭᠡᠷ ᠪᠦᠯᠢ᠎ᠶᠢᠨ ᠰᠠᠭᠤᠷᠢ ᠰᠤᠷᠭᠠᠨ ᠬᠦᠮᠦᠵᠢᠯ᠎ᠳᠦ ᠡᠵᠡᠯᠡᠬᠦ ᠪᠠᠢᠷᠢ ᠰᠠᠭᠤᠷᠢ ᠮᠠᠰᠢ ᠴᠢᠬᠤᠯᠠ ᠪᠠᠢᠭ᠎ᠠ᠎ᠶᠢ ᠮᠡᠳᠡᠬᠦ ᠬᠡᠷᠡᠭᠳᠡᠢ ᠶᠤᠮ ᠪᠠᠢᠨ᠎ᠠ ᠭᠡᠵᠦ ᠪᠢᠯᠡ᠃ ᠮᠡᠳᠡᠯᠭᠡ ᠪᠤᠯᠪᠠᠰᠤᠷᠠᠯ ᠲᠠᠢ᠂ ᠮᠡᠷᠭᠡᠨ ᠤᠬᠠᠭᠠᠨ ᠲᠠᠢ ᠪᠦᠰᠡᠭᠦᠢ ᠬᠦᠮᠦᠨ᠎ᠦ ᠬᠤᠢᠴᠢ ᠦᠶ᠎ᠡ᠎ᠶᠢᠨ ᠬᠦᠮᠦᠵᠢᠭᠳᠡᠯ — ᠦᠭᠡᠷ᠎ᠡ ᠪᠡᠷ ᠬᠡᠯᠡᠪᠡᠯ᠂ ᠭᠡᠷ ᠪᠦᠯᠢ᠎ᠶᠢᠨ ᠰᠤᠷᠭᠠᠨ ᠬᠦᠮᠦᠵᠢᠯ᠎ᠳᠦ ᠦᠵᠡᠭᠦᠯᠬᠦ ᠨᠦᠯᠦᠭᠡ ᠨᠢ ᠬᠡᠨ᠎ᠡᠴᠡ ᠴᠤ᠌ ᠢᠯᠡᠭᠦᠦ ᠪᠠᠢᠳᠠᠭ᠎ᠢ ᠪᠤᠳᠤᠬᠤ ᠴᠢᠬᠤᠯᠠᠳᠠᠢ ᠭᠡᠬᠦ ᠲᠤᠬᠠᠢ ᠲᠡᠭᠡᠷ᠎ᠡ ᠦᠶ᠎ᠡ᠎ᠶᠢᠨ ᠡᠷᠳᠡᠮᠳᠡᠳ ᠬᠡᠯᠡᠭᠰᠡᠭᠡᠷ ᠢᠷᠡᠭᠰᠡᠨ ᠴᠤ᠌ ᠠᠷᠢᠭᠤᠨᠴᠠᠭᠠᠨ ᠰᠢᠭ᠋ ᠤᠢᠯᠠᠭᠠᠵᠤ ᠴᠢᠳᠠᠭᠰᠠᠨ ᠨᠢ᠂ ᠲᠡᠭᠡᠵᠦ ᠦᠢᠯᠡᠳᠦᠯᠭᠡᠵᠢᠭᠦᠯᠬᠦ ᠪᠡᠷ ᠴᠢᠷᠮᠠᠢᠭᠰᠠᠨ ᠨᠢ ᠬᠠᠰᠢᠯᠠ ᠴᠦᠬᠡᠨ ᠪᠠᠢᠳᠠᠭ᠎ᠢ ᠴᠤ᠌ ᠪᠤᠳᠤᠯᠳᠠᠢ ᠪᠢᠯᠡ᠃ ᠠᠷᠢᠭᠤᠨᠴᠠᠭᠠᠨ᠎ᠤ ᠬᠡᠯᠡᠬᠦ᠎ᠪᠡᠷ᠂ ᠤᠳᠤ ᠲᠡᠳᠡᠨ᠎ᠦ ᠨᠤᠮ ᠤᠩᠰᠢᠬᠤ ᠲᠤᠭᠤᠢᠯᠠᠩ ᠳ᠋ᠦ ᠨᠢᠭᠡᠨᠳᠡ ᠭᠤᠴᠢ ᠰᠢᠬᠠᠮ ᠭᠡᠰᠢᠭᠦᠳ ᠲᠠᠢ ᠪᠤᠯᠵᠤ ᠵᠤᠷᠢᠯᠭ᠎ᠠ ᠲᠠᠢ᠂ ᠲᠦᠯᠦᠪᠯᠡᠭᠡ ᠲᠠᠢ ᠠᠵᠢᠯᠯᠠᠭ᠎ᠠ ᠦᠷᠨᠢᠭᠦᠯᠵᠦ ᠪᠠᠢᠭ᠎ᠠ ᠨᠢ ᠮᠢᠨᠤ ᠪᠤᠳᠤᠯ ᠰᠡᠳᠬᠢᠭᠳᠡᠯ᠎ᠳᠦ ᠤᠯᠠᠨ ᠵᠦᠢᠯ᠎ᠦᠨ ᠠᠭᠤᠯᠭ᠎ᠠ ᠨᠡᠮᠡᠭᠰᠡᠨ᠎ᠳᠤᠨᠢ ᠤᠯᠵᠠᠭᠤᠷᠬᠠᠭᠰᠠᠨ ᠶᠤᠮ᠃

ᠪᠢᠷ᠎ᠦᠨ ᠰᠢᠯᠭᠠᠯᠳᠠ᠂ ᠱᠠᠩᠨᠠᠯ ᠬᠦᠬᠢᠭᠦᠯᠦᠯ ᠭᠡᠳᠡᠭ᠎ᠢ ᠠᠮᠠᠷᠬᠠᠨ ᠤᠢᠯᠠᠭᠠᠵᠤ ᠪᠤᠯᠤᠨ᠎ᠠ᠃ ᠭᠡᠪᠡᠴᠦ᠂ ᠠᠷᠠᠳ ᠤᠯᠠᠨ᠎ᠤ ᠲᠤᠮᠳᠠ ᠰᠠᠢᠨ ᠲᠤᠷ᠎ᠠ᠎ᠪᠠᠷ ᠡᠷᠬᠢᠯᠡᠭᠳᠡᠨ ᠭᠤᠷᠪᠠᠨ ᠵᠢᠯ᠎ᠦᠨ ᠨᠢᠭᠤᠷ ᠦᠵᠡᠵᠦ ᠪᠠᠢᠭ᠎ᠠ ᠦᠢᠯᠡ ᠠᠵᠢᠯᠯᠠᠭᠠᠨ᠎ᠤ ᠬᠤᠪᠢ᠎ᠳᠤ ᠮᠦᠩᠭᠦ ᠵᠤᠭᠤᠰ᠂ ᠲᠠᠯᠠᠪᠤᠷ ᠲᠦᠬᠦᠭᠡᠷᠦᠮᠵᠢ ᠭᠡᠬᠦ ᠵᠦᠢᠯ᠎ᠢ ᠲᠤᠬᠢᠷᠠᠭᠤᠯᠤᠨ ᠡᠮᠭᠢ ᠲᠢᠭ᠌ᠯᠢᠮ ᠲᠠᠢ ᠶᠠᠪᠤᠭᠳᠠᠭᠤᠯᠬᠤ ᠭᠡᠳᠡᠭ ᠨᠢ ᠮᠦᠨ ᠴᠤ᠌ ᠵᠤᠬᠢᠬᠤ ᠬᠡᠮᠵᠢᠶᠡᠨ᠎ᠦ ᠤᠷ᠎ᠠ ᠴᠢᠳᠠᠪᠤᠷᠢ ᠬᠡᠷᠡᠭᠰᠡᠨ᠎ᠡ᠃ ᠨᠠᠳᠠᠳᠤ ᠬᠠᠮᠤᠭ᠎ᠤ᠋ᠨ ᠭᠦᠨ ᠰᠠᠭᠤᠳᠠᠯ ᠦᠭᠴᠦ᠂ ᠮᠢᠨᠤ ᠴᠢᠬᠢᠨ᠎ᠡ ᠮᠠᠰᠢ ᠬᠦᠴᠦᠳᠡᠢ ᠰᠤᠨᠤᠰᠤᠭᠳᠠᠭᠰᠠᠨ ᠦᠭᠡ ᠪᠤᠯ 《ᠨᠤᠮ᠂ ᠠᠷᠢᠬᠢ ᠲᠠᠢ ᠬᠠᠮᠢᠶ᠎ᠠ ᠦᠭᠡᠢ》 ᠭᠡᠬᠦ ᠰᠠᠨᠠᠭ᠎ᠠ᠎ᠶᠢ ᠠᠭᠤᠯᠣᠭᠰᠠᠨ ᠵᠤᠬᠢᠶᠠᠨ ᠪᠠᠢᠭᠤᠯᠤᠭ᠍ᠴᠢ ᠷᠢᠸᠠᠳᠢ᠎ᠶᠢᠨ ᠦᠭᠡ ᠶᠤᠮ᠃ ᠦᠨᠡᠬᠡᠷ ᠭᠡᠨᠡᠮ᠂ ᠨᠤᠮ ᠤᠩᠰᠢᠬᠤ ᠠᠵᠢᠯᠯᠠᠭᠠᠨ᠎ᠤ ᠬᠤᠶᠠᠷ ᠡᠳᠦᠷ᠎ᠦᠨ ᠲᠤᠷᠰᠢ᠎ᠳᠤ ᠠᠷᠢᠬᠢᠨ᠎ᠤ ᠪᠠᠷ᠎ᠠ ᠬᠠᠷᠠᠭᠳᠠᠭᠰᠠᠨ ᠦᠭᠡᠢ᠃ ᠠᠷᠢᠬᠢ ᠵᠤᠭᠤᠭᠯᠠᠴᠢᠬᠠᠭᠠᠳ ᠤᠯᠠᠢᠵᠤ ᠨᠡᠯᠡᠢᠵᠦ ᠶᠠᠪᠤᠭ᠍ᠴᠢ ᠴᠤ᠌ ᠦᠵᠡᠭᠳᠡᠭᠰᠡᠨ ᠦᠭᠡᠢ᠃ ᠶᠠᠭᠠᠬᠢᠭᠠᠳ ᠪᠤᠢ? ᠭᠡᠬᠦ᠎ᠳᠦ ᠲᠡᠷᠡ ᠵᠠᠯᠠᠭᠤ ᠪᠠᠭ᠍ᠰᠢ᠎ᠠᠴᠠ 《ᠮᠠᠨ᠎ᠤ ᠴᠤᠭᠯᠠᠭᠠᠨ᠎ᠳᠤ ᠠᠷᠢᠬᠢ ᠦᠭᠡᠢ᠂ ᠠᠷᠢᠬᠢ ᠤᠤᠭᠤᠵᠤ ᠨᠤᠮ ᠶᠠᠷᠢᠭ᠍ᠰᠠᠭᠠᠷ ᠬᠡᠷᠡᠭ ᠦᠭᠡᠢ ᠪᠤᠯᠴᠢᠬᠠᠨ᠎ᠠ》 ᠭᠡᠵᠦ ᠬᠡᠯᠡᠵᠦ ᠪᠢᠯᠡ᠃ ᠶᠠᠮᠠᠷ ᠰᠠᠢᠬᠠᠨ ᠰᠠᠨᠠᠭ᠎ᠠ ᠶᠤᠮ ᠪᠤᠢ? ᠡᠬᠢᠯᠡᠭᠡᠳ ᠶᠠᠭ ᠯᠡ ᠡᠢᠮᠦᠷᠬᠦᠦ ᠠᠵᠢᠯᠯᠠᠭᠠᠨ᠎ᠤ ᠶᠡᠷᠦᠳᠡ᠎ᠶᠢᠨ ᠬᠡᠪ ᠶᠤᠰᠤᠨ᠎ᠡᠴᠡ ᠭᠠᠵᠢᠭ᠍ᠰᠠᠨ ᠰᠢᠤᠬᠠᠨ ᠪᠤᠳᠤᠯ ᠮᠠᠨᠢ ᠰᠡᠭᠦᠯ᠎ᠳᠦᠨᠢ ᠤᠷᠤ ᠲᠠᠰᠤ ᠰᠠᠷᠨᠢᠭ᠍ᠰᠠᠨ ᠶᠤᠮ᠃ ᠲᠡᠭᠡᠯᠭᠦᠢ ᠶᠠᠭᠠᠬᠢᠬᠤᠪ᠂ ᠰᠠᠢᠬᠠᠨ ᠪᠤᠳᠤᠵᠤ ᠦᠵᠡᠪᠡᠯ᠂ ᠨᠤᠮ ᠴᠢᠨᠢ ᠦᠨᠡᠬᠡᠷ ᠠᠷᠢᠬᠢ ᠲᠠᠢ ᠬᠠᠮᠢᠶ᠎ᠠ ᠦᠭᠡᠢ ᠶᠤᠮ ᠪᠠᠢᠨ᠎ᠠ ᠰᠢᠦ᠃ ᠠᠷᠢᠬᠢᠨ ᠰᠢᠷᠡᠭᠡ ᠪᠠᠵᠠᠭᠠᠬᠤ ᠦᠭᠡᠢ᠎ᠳᠦ ᠬᠦᠮᠦᠰ ᠢᠳᠡᠬᠦ᠎ᠪᠡᠨ ᠢᠳᠡᠵᠦ᠂ ᠬᠡᠯᠡᠯᠴᠡᠬᠦ᠎ᠪᠡᠨ ᠬᠡᠯᠡᠯᠴᠡᠨ᠎ᠡ᠂ ᠠᠷᠢᠬᠢᠨ ᠰᠢᠷᠡᠭᠡ ᠪᠠᠵᠠᠭᠠᠬᠤ ᠦᠭᠡᠢ᠎ᠳᠦ ᠬᠤᠷᠠᠯ ᠴᠢᠨᠢ ᠬᠤᠷᠠᠯ ᠶᠤᠰᠤᠳᠠᠢ ᠶᠠᠪᠤᠭᠳᠠᠨ᠎ᠠ᠃ ᠭᠡᠬᠦ᠎ᠳᠡᠭᠡᠨ᠂ ᠮᠠᠰᠢ ᠬᠠᠯᠠᠭᠤᠨ ᠲᠤᠳᠤᠨᠤᠬᠠᠨ ᠡᠬᠢᠯᠡᠵᠦ᠂ ᠬᠦᠷ ᠬᠦᠭᠵᠢᠶᠡᠨ ᠲᠠᠢ ᠦᠨᠳᠦᠷᠯᠡᠵᠦ᠂ ᠮᠠᠰᠢ ᠲᠦᠪᠯᠡᠭᠦᠨ ᠶᠤᠰᠤᠷᠬᠠᠭ ᠵᠢᠷᠭᠠᠳᠠᠭ ᠪᠠᠢᠨ᠎ᠠ᠃ ᠦᠨᠡᠬᠡᠷ ᠭᠡᠨᠡᠮ᠂ ᠨᠤᠮ ᠴᠢᠨᠢ ᠠᠷᠢᠬᠢ ᠲᠠᠢ ᠶᠠᠮᠠᠷ ᠬᠠᠮᠢᠶ᠎ᠠ ᠲᠠᠢ ᠶᠤᠮ ᠪᠤᠢ ?

ᠬᠡᠯᠡᠵᠦ ᠪᠤᠢ 《ᠨᠤᠮ᠎ᠤᠨ ᠵᠤᠭᠤᠭ》 ᠴᠤᠭᠯᠠᠷᠠᠯ᠎ᠤᠨ 《ᠬᠠᠮᠳᠤ᠎ᠪᠠᠷ ᠨᠤᠮ ᠤᠩᠰᠢᠶ᠎ᠠ》 ᠭᠡᠳᠡᠭ ᠪᠤᠯ ᠤᠷᠳᠤᠰ ᠬᠤᠳᠠ᠎ᠶᠢᠨ ᠬᠡᠳᠦᠨ ᠬᠤᠰᠢᠭᠤ᠎ᠶᠢᠨ ᠨᠤᠮ᠎ᠤᠨ ᠪᠠᠬᠠᠳᠠᠳ᠎ᠤᠨ ᠬᠠᠮᠳᠤ᠎ᠶᠢᠨ ᠠᠵᠢᠯᠯᠠᠭᠠᠨ᠎ᠤ ᠨᠡᠷᠡᠢᠳᠦᠯᠭᠡ ᠪᠠᠢᠭ᠎ᠠ ᠶᠤᠮ᠃ ᠡᠨᠡ ᠴᠤᠭᠯᠠᠷᠠᠯ ᠪᠠᠢᠭᠤᠯᠤᠭᠳᠠᠭᠠᠳ ᠬᠡᠳᠦᠨ ᠵᠢᠯ ᠪᠤᠯᠵᠤ ᠪᠠᠢᠭ᠎ᠠ ᠪᠦᠭᠡᠳ ᠬᠠᠮᠳᠤ᠎ᠶᠢᠨ ᠠᠵᠢᠯᠯᠠᠭᠠᠨ᠎ᠢᠶᠠᠨ ᠦᠷᠨᠢᠭᠦᠯᠦᠭᠡᠳ ᠴᠤ᠌ ᠭᠤᠷᠪᠠ ᠲᠦᠷᠪᠡᠨ ᠵᠢᠯ᠎ᠦᠨ ᠨᠢᠭᠤᠷ ᠦᠵᠡᠵᠦ ᠪᠠᠢᠭ᠎ᠠ ᠠᠵᠢ᠃ ᠵᠢᠯ ᠪᠤᠯᠭᠠᠨ᠎ᠤ ᠵᠤᠬᠢᠬᠤ ᠴᠠᠭ᠎ᠲᠤ ᠨᠢᠭᠡ ᠤᠳᠠᠭᠠᠨ᠎ᠤ ᠬᠠᠮᠳᠤ᠎ᠶᠢᠨ ᠠᠵᠢᠯᠯᠠᠭ᠎ᠠ ᠶᠠᠪᠤᠭᠳᠠᠭᠤᠯᠳᠠᠭ ᠡᠨᠡ᠎ᠬᠦ ᠠᠵᠢᠯᠯᠠᠭ᠎ᠠ᠎ᠪᠠᠨ ᠬᠤᠯᠪᠤᠭᠳᠠᠭᠰᠠᠨ ᠬᠤᠰᠢᠭᠤ ᠨᠤᠳᠤᠭ᠎ᠤᠨ ᠬᠠᠮᠢᠶ᠎ᠠ ᠲᠠᠢ ᠬᠦᠮᠦᠰ ᠡᠭᠡᠯᠵᠢ᠎ᠪᠡᠷ ᠲᠠᠭᠠᠭᠠᠴᠢᠯᠠᠨ ᠡᠷᠬᠢᠯᠡᠵᠦ ᠬᠢᠳᠡᠭ᠃ ᠡᠭᠦᠨ᠎ᠡᠴᠡ ᠪᠤᠰᠤᠳ ᠴᠠᠭ᠎ᠲᠤ ᠨᠤᠳᠤᠭ ᠤᠰᠤᠨ ᠳ᠋ᠠᠭᠠᠨ ᠪᠠᠭ᠎ᠠ ᠬᠡᠯᠪᠡᠷᠢ᠎ᠶᠢᠨ ᠴᠤᠭᠯᠠᠭ᠎ᠠ ᠪᠤᠶᠤ ᠸᠢᠴᠠᠲ ᠶᠠᠷᠢᠯᠴᠠᠯᠭ᠎ᠠ ᠦᠷᠨᠢᠭᠦᠯᠵᠦ᠂ ᠬᠠᠮᠳᠤ᠎ᠶᠢᠨ ᠠᠵᠢᠯᠯᠠᠭ᠎ᠠ᠎ᠳᠠᠭᠠᠨ ᠤᠷᠢᠵᠤ ᠤᠷᠤᠯᠴᠠᠭᠤᠯᠬᠤ ᠵᠤᠬᠢᠶᠠᠯᠴᠢ᠎ᠶᠢᠨ ᠨᠤᠮ᠎ᠠᠴᠠ ᠵᠤᠬᠢᠶᠠᠯ ᠰᠤᠩᠭᠤᠵᠤ ᠤᠩᠰᠢᠭᠠᠳ ᠰᠤᠨᠤᠰᠬᠤ ᠨᠤᠮ᠎ᠤᠨ ᠬᠡᠯᠪᠡᠷᠢ ᠪᠤᠯᠭᠠᠵᠤ ᠴᠤᠭᠯᠠᠷᠠᠯ᠎ᠢᠶᠠᠷ ᠲᠠᠷᠬᠠᠭᠠᠳᠠᠭ᠃

ᠡᠨᠡ ᠨᠢ ᠮᠠᠰᠢ ᠤᠬᠠᠮᠰᠠᠷᠳᠠᠢ᠂ ᠢᠳᠡᠪᠬᠢᠳᠡᠢ᠂ ᠠᠶᠠᠨᠳᠠᠭᠠᠨ᠎ᠤ ᠭᠡᠳᠡᠭ ᠰᠡᠳᠬᠢᠭᠳᠡᠯ᠎ᠢ ᠬᠦᠮᠦᠰ᠎ᠲᠦ ᠦᠭᠳᠡᠭ ᠪᠠᠢᠨ᠎ᠠ᠃ ᠤᠬᠠᠮᠰᠠᠷᠳᠠᠢ ᠭᠡᠵᠦ ᠬᠡᠯᠡᠵᠦ ᠪᠠᠢᠭ᠎ᠠ ᠨᠢ᠂ ᠶᠠᠷᠢᠯᠴᠠᠭᠠᠨ ᠳ᠋ᠤ᠌ ᠤᠷᠤᠭᠤᠯᠬᠤ ᠪᠤᠶᠤ ᠬᠠᠮᠳᠤ᠎ᠪᠠᠷ ᠤᠩᠰᠢᠬᠤ ᠨᠤᠮ᠎ᠢ ᠭᠠᠷ᠎ᠲᠤ ᠪᠠᠷᠢᠭ᠍ᠳᠠᠬᠤ᠎ᠶᠢᠨ ᠲᠡᠳᠦᠢ᠎ᠪᠡᠷ ᠰᠤᠩᠭᠤᠵᠤ ᠪᠠᠢᠭ᠎ᠠ ᠪᠢᠰᠢ᠂ ᠬᠠᠷᠢᠨ ᠤᠯᠠᠭᠤᠯᠠ ᠪᠠᠨ ᠶᠠᠷᠢᠯᠴᠠᠨ ᠲᠤᠭᠳᠠᠭᠠᠵᠤ ᠪᠠᠢᠭ᠎ᠠ ᠶᠤᠮ᠃ ᠡᠨᠡ ᠪᠤᠯ ᠤᠬᠠᠮᠰᠠᠷᠳᠠᠢ ᠨᠤᠮ ᠤᠩᠰᠢᠯᠭ᠎ᠠ ᠭᠡᠵᠦ ᠬᠡᠯᠡᠵᠦ ᠪᠠᠢᠭ᠎ᠠ᠎ᠶᠢᠨ ᠤᠴᠢᠷ᠃ ᠢᠳᠡᠪᠬᠢᠳᠡᠢ ᠭᠡᠳᠡᠭ ᠨᠢ ᠰᠤᠩᠭᠤᠭᠰᠠᠨ ᠨᠤᠮ᠎ᠢᠶᠠᠨ ᠤᠩᠰᠢᠵᠤ ᠪᠠᠷᠠᠭᠠᠳ ᠬᠠᠮᠳᠤ᠎ᠶᠢᠨ ᠶᠠᠷᠢᠯᠴᠠᠯᠭ᠎ᠠ ᠦᠷᠨᠢᠭᠦᠯᠵᠦ᠂ ᠤᠢᠯᠠᠭᠠᠯᠳᠠ ᠲᠦᠷᠦᠭᠳᠡᠯ᠎ᠢᠶᠡᠨ ᠲᠡᠯᠭᠡᠬᠦ ᠨᠢ ᠠᠷᠪᠠᠨ ᠬᠦᠮᠦᠨ᠎ᠦ ᠤᠩᠰᠢᠭ᠍ᠰᠠᠨ ᠨᠤᠮ᠎ᠢ ᠵᠠᠭᠤᠨ ᠬᠦᠮᠦᠨ᠎ᠦ ᠴᠡᠭᠡᠵᠢᠨ᠎ᠳᠦ ᠬᠦᠷᠭᠡᠬᠦ ᠢᠳᠡᠪᠬᠢᠳᠡᠢ ᠦᠢᠯᠡᠳᠦᠯ ᠪᠠᠢᠳᠠᠭ᠎ᠢ ᠬᠡᠯᠡᠵᠦ ᠪᠤᠢ᠃ ᠠᠶᠠᠨᠳᠠᠭᠠᠨ ᠭᠡᠳᠡᠭ ᠨᠢ ᠨᠤᠮ ᠤᠩᠰᠢᠭ᠍ᠰᠠᠨ ᠪᠤᠶᠤ ᠤᠩᠰᠢᠭ᠍ᠰᠠᠨ ᠨᠤᠮ᠎ᠤᠨ᠎ᠢᠶᠠᠨ ᠲᠤᠬᠠᠢ ᠲᠦᠷᠦᠭᠳᠡᠯ᠎ᠢᠶᠡᠨ ᠶᠠᠷᠢᠯᠴᠠᠬᠤ ᠨᠢ ᠠᠯᠪᠠᠳᠠᠯᠭ᠎ᠠ᠎ᠶᠢᠨ ᠪᠢᠰᠢ᠂ ᠬᠠᠷᠢᠨ ᠮᠠᠰᠢ ᠠᠶᠠᠨᠳᠠᠭᠠᠨ᠎ᠤ ᠪᠠᠢᠳᠠᠯ᠎ᠢᠶᠠᠷ ᠤᠯᠠᠨ᠎ᠤ ᠲᠤᠮᠳᠠ ᠢᠯᠡᠷᠡᠯ᠎ᠢᠶᠡᠨ ᠤᠯᠵᠤ ᠴᠢᠳᠠᠳᠠᠭ ᠪᠠᠢᠨ᠎ᠠ᠃ ᠡᠨᠡ ᠨᠢ ᠠᠯᠢ ᠨᠢᠭᠡ ᠵᠤᠬᠢᠶᠠᠯᠴᠢ᠂ ᠰᠢᠭᠦᠮᠵᠢᠯᠡᠭᠴᠢ᠎ᠶᠢᠨ ᠵᠤᠬᠢᠶᠠᠯ ᠰᠢᠭᠦᠮᠵᠢ᠎ᠶᠢ ᠤᠩᠰᠢᠬᠤ ᠪᠤᠶᠤ ᠠᠯᠪᠠᠨ᠎ᠤ ᠲᠠᠯ᠎ᠠ᠎ᠠᠴᠠ᠂ ᠡᠰᠡᠭᠦᠯ᠎ᠡ ᠵᠤᠬᠢᠶᠠᠭ᠍ᠴᠢ᠎ᠶᠢᠨ ᠬᠢᠨᠢ ᠦᠪᠡᠷ᠎ᠢᠶᠡᠨ ᠡᠷᠬᠢᠯᠡᠭᠰᠡᠨ ᠶᠠᠷᠢᠯᠴᠠᠨ ᠰᠤᠳᠤᠯᠬᠤ ᠬᠤᠷᠠᠯ᠎ᠳᠤ ᠤᠷᠤᠯᠴᠠᠬᠤ᠎ᠠᠴᠠ ᠬᠤᠯᠠ ᠤᠨᠳᠤᠤ ᠰᠠᠭᠤᠭᠳᠠᠯ ᠲᠠᠢ ᠪᠠᠢᠭ᠎ᠠ᠎ᠶᠢ ᠬᠡᠯᠡᠭᠦᠰᠢᠳᠡᠢ᠃

ᠪᠤᠳᠤᠪᠠᠯ᠂ ᠡᠢᠮᠦᠷᠬᠦᠦ ᠬᠠᠮᠳᠤ᠎ᠪᠠᠷ ᠨᠤᠮ ᠵᠤᠬᠢᠶᠠᠯ ᠤᠩᠰᠢᠬᠤ ᠠᠵᠢᠯᠯᠠᠭ᠎ᠠ ᠡᠯ᠎ᠡ ᠨᠤᠳᠤᠭ᠎ᠢᠶᠠᠷ ᠪᠠᠢᠳᠠᠭ ᠯᠡ ᠪᠠᠢᠬᠤ᠃ ᠠᠪᠠᠭ᠎ᠠ ᠬᠤᠰᠢᠭᠤᠨ᠎ᠳᠤ ᠪᠠᠰᠠ ᠲᠡᠢᠮᠦ ᠴᠤᠭᠯᠠᠷᠠᠯ ᠪᠤᠢ ᠭᠡᠵᠦ ᠠᠯᠢ ᠨᠢᠭᠡ ᠲᠠᠪᠴᠠᠩ᠎ᠠᠴᠠ ᠮᠡᠳᠡᠭᠡᠯᠡᠯ ᠦᠵᠡᠭᠰᠡᠨ ᠶᠤᠮ᠃ ᠶᠠᠭᠤ ᠴᠤ᠌ ᠪᠤᠯᠤᠭᠰᠠᠨ ᠤᠷᠳᠤᠰ᠎ᠤᠨ 《ᠨᠤᠮ᠎ᠤᠨ ᠵᠤᠭᠤᠭ》 ᠴᠤᠭᠯᠠᠷᠠᠯ᠎ᠤᠨ ᠬᠢᠨ ᠡᠨᠡ ᠠᠵᠢᠯᠯᠠᠭᠠᠨ᠎ᠢ ᠰᠠᠢᠬᠠᠨ ᠶᠠᠪᠤᠭᠳᠠᠭᠤᠯᠵᠤ ᠪᠠᠢᠭ᠎ᠠ ᠨᠢ ᠪᠢᠰᠢᠷᠠᠭᠦᠰᠢᠳᠡᠢ᠃ ᠬᠤᠢᠰᠢᠳᠠ 《ᠨᠤᠮ᠂ ᠠᠷᠢᠬᠢ ᠲᠠᠢ ᠬᠠᠮᠢᠶ᠎ᠠ ᠦᠭᠡᠢ》 ᠭᠡᠳᠡᠭ᠎ᠢᠶᠠᠨ ᠵᠠᠷᠴᠢᠮ ᠪᠤᠯᠭᠠᠵᠤ᠂ ᠨᠤᠮ ᠤᠩᠰᠢᠬᠤ᠎ᠳᠤ ᠤᠷᠤᠯᠴᠠᠭᠰᠠᠳ᠎ᠢᠶᠠᠷ ᠲᠦᠷᠦᠭᠳᠡᠯ ᠵᠤᠬᠢᠶᠠᠯ᠂ ᠰᠢᠭᠦᠮᠵᠢ ᠪᠢᠴᠢᠭᠦᠯᠵᠦ᠂ ᠤᠬᠢ ᠰᠢᠯᠢᠳᠡᠭ᠎ᠢ ᠰᠤᠩᠭᠤᠵᠤ ᠨᠤᠮ ᠪᠤᠯᠭᠠᠨ ᠲᠡᠪᠳᠡᠷᠯᠡᠵᠦ ᠪᠤᠯᠤᠨ᠎ᠠ᠃ ᠡᠨᠡ ᠪᠤᠯ ᠨᠢᠭᠡ᠃ ᠬᠤᠶᠠᠷ᠎ᠲᠤ᠂ ᠬᠠᠮᠢᠶ᠎ᠠ ᠲᠠᠢ ᠰᠤᠨᠢᠨ ᠰᠡᠳᠭᠦᠯ᠎ᠦᠨ ᠬᠢᠨ ᠲᠠᠢ ᠬᠤᠯᠪᠤᠭ᠎ᠠ ᠪᠠᠷᠢᠵᠤ᠂ ᠨᠠᠢᠷᠠᠭᠤᠯᠤᠭ᠍ᠴᠢ ᠪᠠᠭ᠍ᠰᠢ ᠨᠠᠷ᠎ᠢ ᠵᠠᠯᠠᠵᠤ ᠬᠤᠷᠠᠯ᠎ᠳᠠᠭᠠᠨ ᠤᠷᠤᠯᠴᠠᠭᠤᠯᠤᠨ ᠬᠢᠴᠢᠶᠡᠯ᠂ ᠢᠯᠡᠳᠭᠡᠯ ᠬᠢᠯᠭᠡᠵᠦ ᠪᠤᠯᠤᠨ᠎ᠠ᠃ ᠭᠤᠷᠪᠠ᠎ᠳᠤ᠂ ᠵᠦᠪᠬᠡᠨ ᠨᠤᠮ᠎ᠳᠤ ᠯᠡ ᠬᠢᠵᠠᠭᠠᠷᠯᠠᠭᠳᠠᠬᠤ ᠦᠭᠡᠢ᠎ᠪᠡᠷ᠂ ᠰᠤᠨᠢᠨ ᠰᠡᠳᠭᠦᠯ᠎ᠦᠳ᠎ᠢᠶᠡᠷ ᠨᠡᠢᠳᠡᠯᠡᠭᠳᠡᠭᠰᠡᠨ ᠰᠢᠨ᠎ᠡ ᠬᠠᠭᠤᠴᠢᠨ ᠵᠤᠬᠢᠶᠠᠯ᠎ᠠᠴᠠ ᠰᠤᠩᠭᠤᠵᠤ ᠶᠠᠷᠢᠯᠴᠠᠭ᠎ᠠ᠎ᠦᠷᠨᠢᠭᠦᠯᠵᠦ ᠪᠤᠯᠤᠨ᠎ᠠ᠃ ᠢᠩᠭᠢᠬᠦ ᠨᠢ᠂ ᠬᠠᠷᠠᠭ᠎ᠠ᠎ᠪᠠᠨ ᠬᠤᠯᠠᠳᠬᠠᠵᠤ᠂ ᠬᠠᠮᠳᠤ᠎ᠶᠢᠨ ᠠᠵᠢᠯᠯᠠᠭᠠᠨ᠎ᠤ᠎ᠪᠠᠨ ᠬᠦᠷᠢᠶ᠎ᠡ ᠴᠠᠷᠠᠭ᠎ᠠ ᠪᠠ ᠤᠶᠠᠨ ᠬᠠᠳᠠᠨ ᠴᠢᠨᠠᠷ᠎ᠢ ᠨᠡᠮᠡᠭᠳᠡᠭᠦᠯᠵᠦ ᠪᠤᠯᠬᠤ ᠶᠤᠮ᠃ ᠶᠠᠷᠢᠯᠴᠠᠭᠠᠨ᠎ᠤ ᠵᠤᠬᠢᠶᠠᠯ ᠰᠤᠩᠭᠤᠬᠤ᠎ᠳᠤ ᠴᠤᠭᠯᠠᠷᠠᠯ᠎ᠤᠨ ᠭᠡᠰᠢᠭᠦᠳ ᠪᠦᠷ ᠰᠢᠯᠢᠵᠦ ᠲᠠᠨᠢᠯᠴᠠᠭᠤᠯᠬᠤ ᠡᠷᠬᠡ ᠲᠠᠢ ᠮᠦᠷᠳᠡᠭᠡᠨ ᠴᠤᠭᠯᠠᠵᠤ ᠢᠷᠡᠭᠰᠡᠨ ᠤᠯᠠᠨ ᠵᠤᠬᠢᠶᠠᠯ᠎ᠤᠳ᠎ᠢ ᠠᠵᠢᠯᠯᠠᠭᠠᠨ᠎ᠤ ᠵᠤᠬᠢᠶᠠᠨ ᠪᠠᠢᠭᠤᠯᠬᠤ ᠲᠤᠭᠤᠢᠯᠠᠩ ᠬᠢᠭᠡᠳ ᠵᠦᠪᠯᠡᠭᠴᠢᠳ᠎ᠦᠨ ᠲᠤᠭᠤᠢᠯᠠᠩ ᠤ᠋ᠨ ᠬᠢᠨ ᠲᠠᠬᠢᠨ ᠰᠢᠭᠰᠢᠵᠦ᠂ ᠡᠴᠦᠰ᠎ᠦᠨ ᠳ᠋ᠦᠩ᠎ᠢ ᠪᠢᠯᠸᠲ ᠦᠭᠬᠦ ᠠᠷᠭ᠎ᠠ᠎ᠪᠠᠷ ᠰᠢᠢᠳᠪᠦᠷᠢ ᠭᠠᠷᠭᠠᠵᠤ ᠪᠤᠯᠬᠤ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面