ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠠᠯᠲᠠᠨ ᠵᠤᠤᠵᠠᠢ

2026-11-04 11:29:25

ᠵᠣᠬᠢᠶᠠᠭ᠍ᠴᠢ᠄ ᠵᠸ᠋ ᠢᠤᠢ ᠴᠢ ᠣᠩᠱᠢᠭ᠍ᠰᠠᠨ ᠣᠳᠠᠭ᠎ᠠ᠄ 3

— ᠲᠠᠮᠪᠢ ᠫᠷᠤᠹᠸᠰᠰᠤᠷ᠎ᠤᠨ ᠲᠤᠬᠠᠢ ᠰᠠᠭᠤᠬᠲᠠᠯ


ᠲᠠᠮᠪᠢ᠎ᠶᠢᠨ ᠨᠠᠮᠳᠠᠷ

ᠲᠠᠮᠪᠢ᠂ ᠦᠪᠦᠷ ᠮᠤᠩᠭᠤᠯ᠎ᠤᠨ ᠬᠦᠷᠢᠶ᠎ᠡ ᠬᠤᠰᠢᠭᠤ ᠨᠤᠲᠤᠭᠲᠠᠢ᠂ 1946   ᠤᠨ᠎ᠳᠤ ᠲᠦᠷᠦᠪᠡ᠃ 1969  ᠤᠨ᠎ᠳᠤ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠮᠤᠩᠭᠤᠯ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠠᠴᠠ ᠲᠡᠭᠦᠰᠪᠡ᠂ 1981   ᠤᠨ᠎ᠳᠤ ᠦᠪᠦᠷ ᠮᠤᠩᠭᠤᠯ᠎ᠤᠨ ᠪᠠᠭᠰᠢ᠎ᠶᠢᠨ ᠲᠡᠭᠡᠲᠦ᠍ ᠰᠤᠷᠭᠠᠭᠤᠯᠢ (ᠤᠳᠤ ᠎ᠶᠢᠨ ᠦᠪᠦᠷ ᠮᠤᠩᠭᠤᠯ᠎ᠤᠨ ᠪᠠᠭᠰᠢ᠎ᠶᠢᠨ ᠶᠡᠬᠡ ᠰᠤᠷᠭᠠᠭᠤᠯᠢ)᠎ᠡᠴᠡ ᠠᠰᠫᠢᠷᠠᠨᠲ ᠲᠡᠬᠦᠰᠪᠡ᠃ 1982  ᠤᠨ᠎ᠳᠤ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠤ ᠪᠠᠭᠰᠢᠯᠠᠵᠠᠢ᠃ ᠫᠷᠤᠹᠸᠰᠰᠤᠷ᠂ ᠠᠰᠫᠢᠷᠠᠨᠲ᠎ᠤᠨ ᠵᠢᠯᠤᠭᠤᠲᠤᠭᠴᠢ ᠪᠠᠭᠰᠢ᠃ ᠰᠢᠨᠵᠢᠶᠠᠩ᠎ᠤᠨ ᠤᠢᠭᠤᠷ᠎ᠤᠨ ᠦᠪᠡᠷᠲᠡᠭᠡᠨ ᠵᠠᠰᠠᠬᠤ ᠤᠷᠤᠨ᠎ᠤ ᠤᠳᠬ᠎ᠠ ᠤᠷᠠᠯᠢᠭ᠎ᠤᠨ ᠬᠢᠨ᠎ᠦ ᠬᠤᠯᠪᠤᠭ᠎ᠠ᠎ᠶᠢᠨ ᠳᠡᠳ᠋ ᠲᠡᠷᠢᠭᠦᠯᠡᠭᠴᠢ᠂ ᠵᠤᠬᠢᠶᠠᠯᠴᠢᠳ᠎ᠤᠨ ᠡᠪᠯᠡᠯ᠎ᠦᠨ ᠳᠡᠳ᠋ ᠲᠡᠷᠢᠭᠦᠯᠡᠭᠴᠢ᠂ ᠲᠤᠮᠳᠠᠳᠤ ᠤᠯᠤᠰ᠎ᠤᠨ ᠮᠤᠩᠭᠤᠯ ᠰᠤᠳᠤᠯᠤᠯ᠎ᠤᠨ ᠰᠤᠳᠤᠯᠭᠠᠨ᠎ᠤ ᠨᠡᠢᠭᠡᠮᠯᠢᠭ᠎ᠦᠨ ᠳᠡᠳ᠋ ᠬᠡᠷᠡᠭ ᠡᠷᠬᠢᠯᠡᠭᠴᠢ ᠵᠡᠷᠭᠡ ᠨᠡᠢᠭᠡᠮ᠎ᠦᠨ ᠲᠤᠰᠢᠶᠠᠯ ᠬᠠᠷᠢᠭᠤᠴᠠᠵᠤ ᠦᠩᠭᠡᠷᠡᠪᠡ᠃ ᠡᠷᠳᠡᠮ ᠰᠢᠨᠵᠢᠯᠡᠭᠡᠨ᠎ᠦ ᠪᠦᠲᠦᠭᠡᠯ 《ᠤᠢᠷᠠᠳ ᠮᠤᠩᠭᠤᠯ᠎ᠤᠨ ᠡᠷᠲᠡᠨ᠎ᠦ ᠤᠷᠠᠨ ᠵᠤᠬᠢᠶᠠᠯ᠎ᠤᠨ ᠲᠤᠪᠴᠢᠶ᠎ᠠ》᠂ 《ᠤᠢᠷᠠᠳ ᠮᠤᠩᠭᠤᠯ᠎ᠤᠨ ᠤᠳᠤ ᠦᠶ᠎ᠡ᠎ᠶᠢᠨ ᠤᠷᠠᠨ ᠵᠤᠬᠢᠶᠠᠯ᠎ᠤᠨ ᠲᠡᠦᠭᠡ》᠂ 《ᠤᠯᠠ ᠪᠠ ᠵᠤᠯᠠ — ᠮᠤᠩᠭᠤᠯ ᠤᠳᠬ᠎ᠠ ᠵᠤᠬᠢᠶᠠᠯ᠎ᠤᠨ ᠰᠤᠳᠤᠯᠭᠠᠨ᠎ᠤ ᠦᠭᠦᠯᠡᠯ᠎ᠤᠨ ᠲᠡᠭᠦᠪᠦᠷᠢ》; ᠵᠤᠬᠢᠶᠠᠯ ᠪᠦᠲᠦᠭᠡᠯ ᠤᠷᠳᠤ ᠨᠠᠢᠷᠠᠭᠯᠠᠯ 《ᠲᠡᠮᠡᠭᠡᠴᠢᠨ ᠬᠦᠦ》᠂ ᠰᠢᠯᠦᠭ ᠎ᠤᠨ ᠲᠡᠭᠦᠪᠦᠷᠢ 《ᠠᠯᠤᠰ ᠲᠡᠭᠷᠢ᠎ᠶᠢᠨ ᠴᠤᠤᠷᠢᠶ᠎ᠠ》᠂ 《ᠴᠡᠩᠬᠡᠷ ᠬᠦᠬᠡ ᠢᠷᠠᠯᠵᠢ》 (ᠤᠯᠠᠨ ᠬᠦᠮᠦᠨ᠎ᠦ ᠰᠢᠯᠦᠭ᠎ᠦᠨ ᠰᠤᠩᠭᠤᠮᠠᠯ); ᠤᠷᠴᠢᠭᠤᠯᠤᠬᠰᠠᠨ ᠪᠦᠲᠦᠭᠡᠯ 《ᠬᠢᠳᠠᠳ ᠮᠤᠩᠭᠤᠯ ᠬᠠᠪᠰᠤᠷᠭᠠᠬᠰᠠᠨ ᠪᠠᠷᠠᠭᠤᠨ ᠬᠢᠵᠠᠭᠠᠷ᠎ᠤᠨ ᠰᠢᠯᠦᠭ ᠲᠠᠭᠤᠯᠠᠯ》᠂ 《ᠬᠢᠳᠠᠳ ᠮᠤᠩᠭᠤᠯ ᠬᠠᠪᠰᠤᠷᠭᠠᠬᠰᠠᠨ ᠡᠷᠲᠡᠨ᠎ᠦ ᠮᠤᠩᠭᠤᠯ ᠵᠤᠬᠢᠶᠠᠯᠴᠢᠳ᠎ᠤᠨ ᠬᠢᠲᠠᠳ ᠰᠢᠯᠦᠭ ᠲᠠᠭᠤᠯᠠᠯ᠎ᠤᠨ ᠰᠤᠩᠭᠤᠪᠤᠷᠢ》᠂ 《ᠴᠢᠩᠬᠢᠰ ᠬᠠᠭᠠᠨ᠎ᠤ ᠪᠢᠯᠢᠭ ᠰᠤᠷᠭᠠᠯ》᠂ 《ᠶᠤᠸᠠᠨ ᠤᠯᠤᠰ᠎ᠤᠨ ᠲᠠᠭᠤᠷᠢ ᠭᠤᠷᠪᠠᠨ ᠵᠠᠭᠤᠨ ᠪᠠᠳᠠᠭ》 (ᠬᠠᠮᠳᠤᠷᠠᠪᠠ) ᠵᠡᠷᠭᠡ ᠪᠤᠢ᠃




1985 ᠤᠨ᠎ᠳᠤ ᠪᠢ ᠶᠡᠬᠡ ᠰᠤᠷᠭᠠᠭᠤᠯᠢ ᠪᠠᠨ ᠲᠡᠬᠦᠰᠭᠡᠭᠡᠳ ᠠᠯᠤᠰ ᠬᠤᠯᠠ ᠲᠡᠭᠷᠢ ᠠᠭᠤᠯᠠ᠎ᠶᠢᠨ ᠲᠡᠷᠳᠡᠭᠡ ᠠᠵᠢᠯ᠎ᠤᠨ ᠬᠤᠪᠢᠶᠠᠷᠢ ᠠᠪᠴᠤ᠌᠂ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠤ ᠪᠠᠭᠰᠢ᠎ᠶᠢᠨ ᠠᠯᠪᠠ ᠬᠠᠭᠠᠵᠠᠢ᠃ ᠲᠡᠷᠡ ᠦᠶᠡᠰ᠎ᠲᠤ᠌ ᠪᠢ ᠲᠸᠯᠸᠢᠰ᠎ᠡᠴᠡ ᠲᠠᠭᠤᠤ ᠪᠦᠵᠢᠭ᠎ᠲᠡᠬᠡᠨ ᠠᠪᠢᠶᠠᠰ ᠲᠠᠢ ᠤᠢᠭᠤᠷ ᠦᠨᠲᠦᠰᠦᠲᠡᠨ᠎ᠦ ᠠᠬ᠎ᠠ ᠲᠠᠭᠦᠦ ᠨᠠᠷ᠎ᠢ ᠬᠠᠷᠠᠵᠤ ᠪᠠᠢᠬᠰᠠᠨ᠎ᠠᠴᠠ ᠪᠢᠰᠢ᠂ ᠲᠡᠭᠷᠢ ᠠᠭᠤᠯᠠ᠎ᠶᠢᠨ ᠠᠷᠤ ᠦᠪᠦᠷ᠎ᠦᠨ ᠲᠠᠯ᠎ᠠ ᠨᠤᠲᠤᠭ ᠲᠤ᠌  ᠪᠠᠰᠠ ᠠᠷᠪᠠᠨ ᠬᠡᠳᠦᠨ ᠲᠦᠮᠡᠨ ᠮᠤᠩᠭᠤᠯᠴᠤᠳ ᠠᠵᠤ ᠲᠦᠷᠦᠨ ᠠᠮᠢᠲᠤᠷᠠᠵᠤ ᠪᠠᠢᠬᠤ ᠶᠤᠮ ᠪᠠᠢᠨ᠎ᠠ ᠭᠡᠵᠦ᠍ ᠰᠠᠨᠠᠭ᠎ᠠ ᠵᠡᠭᠦᠳᠦᠨ᠎ᠳᠦ ᠤᠷᠤᠭ᠎ᠠ ᠦᠭᠡᠢ ᠠᠵᠢ᠃ ᠲᠡᠳᠡᠨ᠎ᠤ ᠲᠤᠳᠤᠷ᠎ᠠ ᠵᠠᠷᠢᠮ ᠨᠢ ᠬᠤᠵᠢᠮ ᠨᠢ 《ᠲᠤᠷᠤᠨᠠᠰᠢ ᠪᠤᠴᠠᠭᠰᠠᠨ ᠪᠠᠭᠠᠳᠤᠷᠴᠤᠳ》 ᠬᠡᠮᠡᠨ ᠨᠡᠷᠡᠯᠡᠭᠲᠡᠭᠰᠡᠨ ᠲᠤᠷᠭᠤᠳᠴᠤᠳ᠎ᠤᠨ ᠬᠤᠢᠴᠢᠰ ᠪᠤᠢ᠂ ᠵᠠᠷᠢᠮ ᠨᠢ ᠴᠢᠩ ᠬᠦᠷᠦᠨ᠎ᠦ ᠦᠶ᠎ᠡ᠎ᠳᠦ ᠮᠤᠩᠭᠤᠯ᠎ᠤᠨ ᠦᠨᠳᠦᠷᠯᠢᠭ᠎ᠡᠴᠡ ᠪᠠᠷᠠᠭᠤᠨᠰᠢ ᠨᠡᠭᠦᠲᠡᠯᠯᠡᠨ ᠤᠴᠢᠬᠰᠠᠨ ᠴᠠᠬᠠᠷᠴᠤᠳ᠎ᠤᠨ ᠬᠤᠢᠴᠢᠰ ᠪᠤᠢ᠂  ᠪᠠᠰᠠ ᠵᠠᠷᠢᠮ᠎ᠤᠳ ᠨᠢ ᠲᠠᠮᠪᠢ ᠫᠷᠤᠹᠸᠰᠰᠤᠷ ᠮᠡᠲᠦ᠎ᠶᠢᠨ ᠰᠢᠨ᠎ᠡ ᠲᠤᠮᠳᠠᠳᠤ ᠤᠯᠤᠰ ᠪᠠᠢᠭᠤᠯᠤᠬᠳᠠᠬᠰᠠᠨ᠎ᠤ ᠳᠠᠷᠠᠭ᠎ᠠ ᠡᠯ᠎ᠡ ᠵᠦᠢᠯ᠎ᠦᠨ ᠠᠵᠢᠯ ᠠᠯᠪᠠ᠎ᠶᠢᠨ ᠬᠦᠭᠡᠭᠡᠴᠡᠯᠳᠦᠯ ᠵᠢᠡᠷ ᠦᠪᠦᠷ ᠮᠤᠩᠭᠤᠯ᠎ᠠᠴᠠ ᠤᠷᠢᠳ ᠬᠤᠵᠢᠳ ᠰᠢᠨᠵᠢᠶᠠᠩ᠎ᠳᠤ ᠢᠷᠡᠭᠰᠡᠳ ᠪᠤᠢ᠃

ᠦᠭᠡᠷᠡᠴᠢᠯᠡᠯᠳᠡ ᠨᠡᠬᠡᠭᠡᠯᠳᠡ᠎ᠶᠢᠨ ᠡᠬᠢᠨ ᠵᠢᠡᠷ᠂ ᠢᠳᠡᠷ ᠨᠠᠰᠤᠨ᠎ᠤ ᠲᠠᠮᠪᠢ ᠭᠤᠸᠠᠢ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ ᠎ᠶᠢᠨ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠳᠦ ᠢᠷᠡᠵᠦ᠍ ᠪᠠᠭᠰᠢᠯᠠᠨ᠂ ᠪᠠᠷᠠᠭᠤᠨ ᠮᠤᠩᠭᠤᠯ ᠲᠤᠬᠠᠢᠯᠠᠪᠠᠯ ᠤᠢᠷᠠᠳ ᠮᠤᠩᠭᠤᠯ᠎ᠤᠨ ᠰᠤᠳᠤᠯᠭᠠᠨ᠎ᠤ ᠬᠦᠨᠳᠦ ᠠᠴᠢᠶᠠᠯᠠᠯ᠎ᠢ ᠡᠭᠦᠷᠭᠡᠯᠡᠵᠦ᠍᠂ ᠲᠤᠰ ᠤᠷᠤᠨ᠎ᠭᠠᠵᠠᠷ᠎ᠤᠨ ᠡᠷᠳᠡᠮ ᠰᠢᠨᠵᠢᠯᠡᠭᠡᠨ᠎ᠦ ᠰᠢᠯᠢᠲᠡᠭ ᠡᠩᠨᠡᠭᠡ᠎ᠶᠢ ᠬᠦᠮᠦᠵᠢᠬᠦᠯᠬᠦ᠌᠎ᠳᠦ ᠤᠶᠤᠨ ᠲᠠᠮᠢᠷ ᠵᠢᠡᠨ ᠡᠷᠭᠦᠭᠰᠡᠨ ᠪᠠᠢᠨ᠎ᠠ᠃ ᠡᠲᠦᠭᠡ ᠲᠠᠮᠪᠢ ᠫᠷᠤᠹᠸᠰᠰᠤᠷ ᠨᠠᠶᠠᠨ ᠨᠠᠰᠤᠨ᠎ᠤ ᠦᠨᠳᠦᠷᠯᠢᠭ᠎ᠲᠤ᠌ ᠭᠠᠷᠤᠬᠰᠠᠨ ᠠᠳᠠᠯ᠎ᠠ ᠪᠠᠨ ᠮᠦᠨ ᠯᠡ ᠡᠷᠳᠡᠮ ᠰᠢᠨᠵᠢᠯᠡᠭᠡᠨ᠎ᠦ ᠰᠢᠮᠡᠲᠦ᠍ ᠬᠦᠷᠦᠰᠤᠨ᠎ᠡ ᠬᠦᠯᠦᠰᠦ ᠤᠷᠤᠰᠬᠠᠨ ᠰᠢᠨᠳᠠᠷᠠᠰᠢ ᠦᠭᠡᠢ ᠮᠡᠷᠡᠢᠨ ᠵᠢᠳᠭᠦᠭᠰᠡᠭᠡᠷ ᠡ᠃

ᠨᠢᠭᠡ

ᠬᠤᠪᠢ ᠪᠠᠷᠢᠯᠳᠤᠯᠭ᠎ᠠ ᠭᠡᠬᠦ᠌ ᠤᠤ ᠳ᠋ᠠ᠃ ᠮᠢᠨᠤ ᠠᠵᠢᠯ᠎ᠤᠨ ᠭᠠᠷᠤᠭ᠎ᠠ ᠠᠪᠤᠬᠰᠠᠨ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ ᠪᠤᠯ ᠬᠢᠲᠠᠳ ᠬᠡᠯᠡ ᠤᠳᠬ᠎ᠠ ᠵᠤᠬᠢᠶᠠᠯ᠂ ᠤᠢᠭᠤᠷ ᠬᠡᠯᠡ ᠤᠳᠬ᠎ᠠ ᠵᠤᠬᠢᠶᠠᠯ᠂ ᠮᠤᠩᠭᠤᠯ ᠬᠡᠯᠡ ᠤᠳᠬ᠎ᠠ ᠵᠤᠬᠢᠶᠠᠯ ᠵᠡᠷᠭᠡ ᠭᠤᠷᠪᠠᠨ ᠲᠤᠰᠬᠠᠢ ᠮᠡᠷᠭᠡᠵᠢᠯ ᠵᠢᠡᠷ ᠪᠦᠷᠢᠯᠲᠦᠭᠰᠡᠨ ᠪᠠᠢᠲᠠᠭ᠃ ᠪᠢ ᠲᠡᠭᠡᠭᠡᠳ ᠤᠯᠠᠨ ᠦᠨᠲᠦᠰᠦᠲᠡᠨ᠎ᠦ ᠵᠢᠭᠠᠨ ᠰᠤᠷᠭᠠᠬᠤ ᠪᠦᠯᠬᠦᠮ ᠨᠢᠭᠡᠴᠢ ᠳ᠋ᠠᠬᠡᠨ ᠠᠶᠠᠨᠳᠠᠭᠠᠨ ᠠᠭᠤᠰᠤᠨ ᠤᠷᠤᠯ᠎ᠠ᠃ ᠭᠠᠷᠠᠭ ᠪᠦᠷᠢ᠎ᠶᠢᠨ ᠭᠤᠷᠪᠠᠨ᠎ᠤ ᠦᠳᠡ᠎ᠶᠢᠨ ᠬᠤᠢᠨᠠᠬᠢ ᠵᠢᠱᠢᠶᠠᠨ᠎ᠤ ᠬᠤᠷᠠᠯ᠎ᠳᠤ ᠤᠷᠤᠯᠴᠠᠭᠠᠳ᠂ ᠡᠯ᠎ᠡ ᠦᠨᠲᠦᠰᠦᠲᠡᠨ᠎ᠦ ᠠᠵᠢᠯ ᠦᠢᠯᠡᠰ ᠨᠢᠭᠡᠲᠡᠳ ᠲᠠᠢ ᠪᠠᠨ ᠲᠠᠨᠢᠯᠴᠠᠨ ᠲᠠᠰᠤᠯᠴᠠᠬᠰᠠᠨ ᠪᠦᠭᠡᠳ ᠤᠯᠠᠨ ᠤᠳᠠᠭᠠᠨ᠎ᠤ ᠠᠳᠠᠯᠢ ᠪᠤᠰᠤ ᠦᠨᠲᠦᠰᠦᠲᠡᠨ ᠨᠤᠭᠦᠳ᠎ᠤᠨ ᠪᠠᠶᠠᠷ ᠲᠤᠷᠠᠰᠬᠠᠯ᠎ᠤᠨ ᠠᠵᠢᠯᠯᠠᠭ᠎ᠠ ᠪᠠᠷ ᠲᠠᠮᠵᠢᠭᠠᠳ ᠲᠡᠳᠡ ᠨᠡᠷ ᠲᠠᠢ ᠪᠠᠨ ᠴᠢᠨᠤ ᠮᠢᠨᠤ ᠦᠭᠡᠢ ᠦᠶᠡᠷᠬᠡᠨ ᠨᠠᠢᠵᠠᠯᠠᠪᠠ ᠃

ᠲᠠᠮᠪᠢ ᠪᠠᠭᠰᠢ᠎ᠶᠢᠨ ᠲᠤᠬᠠᠢ ᠭᠦᠨ ᠰᠠᠭᠤᠬᠲᠠᠯ ᠭᠡᠪᠡᠯ ᠪᠢ ᠰᠢᠨᠵᠢᠶᠠᠩ᠎ᠳᠤ ᠢᠷᠡᠭᠰᠡᠨ ᠲᠦᠷᠦᠬᠦᠦ ᠨᠢᠭᠡ ᠴᠠᠭᠠᠨ ᠰᠠᠷ᠎ᠠ᠎ᠶᠢᠨ ᠦᠶ᠎ᠡ᠎ᠳᠦ ᠶᠤᠮᠰᠠᠨ᠃ 1986  ᠤᠨ᠎ᠤ 2 ᠰᠠᠷ᠎ᠠ᠎ᠶᠢᠨ5᠎ᠤ᠋ ᠡᠳᠦᠷ᠂ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠶᠢᠨ ᠬᠢᠨ ᠴᠠᠭᠠᠨ ᠰᠠᠷ᠎ᠠ᠎ᠶᠢᠨ ᠬᠠᠮᠲᠦ᠎ᠶᠢᠨ ᠵᠤᠯᠭᠠᠯᠳᠠ᠎ᠶᠢᠨ ᠠᠵᠢᠯᠯᠠᠭ᠎ᠠ ᠵᠤᠬᠢᠶᠠᠨ ᠪᠠᠢᠭᠤᠯᠪᠠ᠃ ᠰᠠᠯᠪᠤᠷᠢ᠎ᠶᠢᠨ ᠨᠠᠮ᠎ᠤᠨ ᠶᠡᠷᠦᠩᠬᠡᠢ ᠡᠭᠦᠷ᠎ᠦᠨ ᠱᠦᠵᠢ ᠡᠷᠳᠡᠨᠢ ᠭᠤᠸᠠᠢ᠎ᠶᠢᠨ ᠲᠦᠪᠯᠡᠭᠦᠨ ᠮᠦᠷᠲᠡᠭᠡᠨ ᠶᠦᠮᠦᠷᠯᠢᠭ ᠬᠦᠲᠦᠯᠦᠮᠵᠢ ᠲᠡᠷᠡ ᠲᠤᠤᠷ᠎ᠠ ᠪᠠᠨ ᠪᠠᠭᠰᠢ ᠨᠠᠷ᠎ᠤᠨ ᠤᠷ᠎ᠠ ᠠᠪᠢᠶᠠᠰ᠎ᠢ  ᠲᠠᠢᠴᠢᠯᠠᠨ ᠴᠤᠬᠤᠯᠵᠠᠭᠤᠯᠪᠠ᠃ ᠤᠢᠭᠤᠷ ᠪᠠᠭᠰᠢ ᠨᠠᠷ᠂ ᠮᠤᠩᠭᠤᠯ ᠪᠠᠭᠰᠢ ᠨᠠᠷ᠎ᠤᠨ ᠬᠡᠨ᠎ᠦ ᠬᠢᠨ ᠨᠡᠷ᠎ᠡ᠎ᠶᠢ ᠲᠤᠷᠠᠳᠬᠤ᠎ᠳᠤ ᠯᠡ ᠡᠭ ᠮᠡᠭ ᠭᠡᠬᠦ᠌ ᠶᠠᠪᠤᠳᠠᠯ  ᠶᠡᠷᠦ᠍ ᠪᠠᠢᠬᠤ ᠦᠭᠡᠢ᠂ ᠲᠠᠢᠵᠠᠨ ᠲᠡᠭᠡᠷ᠎ᠡ ᠭᠠᠷᠤᠮᠠᠭᠴᠠ ᠪᠠᠨ ᠯᠠ ᠲᠠᠭᠤᠯᠠᠬᠤ ᠨᠢ ᠲᠠᠭᠤᠯᠠᠵᠤ ᠪᠦᠵᠢᠭᠯᠡᠬᠦ᠌ ᠨᠢ ᠪᠦᠵᠢᠭᠯᠡᠨ᠂ ᠪᠡᠯᠡᠨ ᠪᠠᠢᠭ᠎ᠠ ᠭᠤᠴᠤ᠌ ᠰᠠᠢᠬᠠᠨ ᠲᠤᠭᠯᠠᠯᠳᠠ ᠪᠠᠨ ᠰᠤᠨᠢᠷᠬᠠᠭᠤᠯᠤᠨ᠎ᠠ᠂ ᠬᠢᠲᠠᠳ ᠪᠠᠭᠰᠢ ᠨᠠᠷ ᠴᠤ᠌ ᠭᠡᠳ ᠵᠠᠷᠢᠮ ᠨᠢ ᠪᠡᠭᠡᠵᠢᠩ ᠰᠢ᠂ ᠵᠠᠷᠢᠮ ᠨᠢ ᠤᠷᠤᠨ ᠨᠤᠲᠤᠭ᠎ᠤᠨ ᠵᠢᠠᠨ ᠤᠨᠴᠠᠯᠢᠭ ᠲᠠᠢ ᠠᠷᠠᠳ᠎ᠤᠨ ᠲᠠᠭᠤᠤ ᠪᠠᠨ ᠲᠠᠭᠤᠯᠠᠵᠠᠭᠠᠯ᠎ᠠ᠃ ᠬᠠᠷᠠᠭᠠᠳ ᠪᠠᠢᠬᠤᠯᠠᠷ ᠲᠠᠮᠪᠢ ᠪᠠᠭᠰᠢ ᠦᠨᠡᠬᠡᠷ ᠲᠠᠭᠤᠤ ᠪᠦᠵᠢᠭ᠎ᠲᠡᠬᠡᠨ ᠠᠨᠠᠢᠬᠠᠨ ᠶᠤᠮ ᠪᠠᠢᠨ᠎ᠠ᠃ ᠭᠡᠪᠡᠴᠦ᠍ ᠲᠡᠷᠡ ᠲᠠᠢᠰᠠᠨ᠎ᠠ ᠭᠠᠷᠤᠭᠠᠳ ᠲᠠᠭᠤᠤ ᠰᠡᠳᠭᠢᠯᠭᠡ ᠬᠤᠤᠰᠯᠠᠭᠤᠯᠤᠨ ᠨᠢᠭᠡ ᠪᠠᠳᠠᠭ ᠤᠷᠲᠤ᠌ ᠰᠢᠯᠦᠭ ᠤᠶᠠᠩᠭᠠᠯᠠᠵᠠᠢ᠃ ᠪᠢ ᠮᠤᠩᠭᠤᠯ ᠰᠢᠯᠦᠭ᠎ᠦᠨ ᠦᠭᠡ᠎ᠶᠢ ᠨᠢ ᠤᠬᠳᠤ ᠤᠢᠯᠠᠭᠠᠬᠰᠠᠨ ᠦᠭᠡᠢ ᠪᠤᠯᠪᠠᠴᠤ᠌᠂ ᠲᠡᠭᠦᠨ᠎ᠦ ᠰᠢᠯᠦᠭ᠎ᠦᠨ ᠵᠢᠡᠨ ᠰᠠᠨᠠᠭ᠎ᠠ ᠠᠬᠤᠢ᠎ᠳᠤ ᠰᠤᠭᠲᠤᠭᠤᠷᠠᠬᠰᠠᠨ ᠪᠠᠢᠳᠠᠯ ᠨᠢ ᠨᠠᠳᠠᠳᠤ ᠭᠦᠨ ᠰᠠᠭᠤᠬᠳᠠᠯ ᠦᠭᠪᠡ᠂ ᠢᠯᠠᠩᠭᠤᠶ᠎ᠠ  ᠲᠠᠪᠳᠠᠮᠵᠢ ᠤᠯᠠᠨ 《tahtaa》 ᠭᠡᠰᠡᠨ ᠨᠢᠭᠡ ᠦᠭᠡ ᠴᠢᠬᠢᠨ᠎ᠡ ᠬᠠᠳᠠᠩᠰᠢᠪᠠ᠃ ᠪᠢ ᠮᠤᠩᠭᠤᠯ ᠦᠭᠡ ᠮᠡᠳᠡᠳᠡᠭ ᠬᠠᠵᠠᠭᠤ᠎ᠶᠢᠨ  ᠨᠦᠬᠦᠷ᠎ᠡᠴᠡ ᠠᠰᠠᠭᠤᠭᠠᠳ᠂ ᠡᠨᠡ ᠪᠤᠯ ᠡᠩᠬᠡ ᠲᠠᠢᠪᠤᠩ᠎ᠢ ᠬᠦᠰᠡᠨ ᠮᠦᠷᠦᠭᠡᠳᠴᠤ᠌ ᠮᠠᠭᠳᠠᠨ ᠲᠠᠭᠤᠯᠠᠬᠰᠠᠨ 《ᠲᠠᠭᠲᠠᠭ᠎ᠠ》 ᠭᠡᠳᠡᠭ ᠲᠡᠯᠡᠬᠡᠢ᠎ᠳᠦ ᠨᠡᠷᠡᠲᠡᠢ ᠰᠢᠯᠦᠭ ᠭᠡᠭᠴᠢ᠎ᠶᠢ ᠮᠡᠳᠡᠪᠡ᠃ ᠦᠨᠦᠲᠦᠷ ᠪᠢ ᠡᠨᠡ ᠵᠤᠬᠢᠶᠠᠯ ᠵᠢᠠᠨ ᠲᠤᠭᠤᠷᠪᠢᠨ ᠰᠠᠭᠤᠬᠤ᠎ᠳᠤ 40 ᠵᠢᠯ᠎ᠦᠨ ᠡᠮᠦᠨ᠎ᠡ ᠲᠠᠮᠪᠢ ᠪᠠᠭᠰᠢ᠎ᠶᠢᠨ ᠡᠷᠭᠦᠯᠳᠡ ᠲᠠᠷᠤᠯᠳᠠ ᠲᠠᠢ ᠰᠢᠯᠦᠭ ᠤᠶᠠᠩᠭᠠᠯᠠᠵᠤ ᠠᠬᠰᠠᠨ ᠲᠦᠷᠢ ᠪᠠᠢᠳᠠᠯ  ᠨᠢᠳᠤᠨ ᠡᠮᠦᠨ᠎ᠡ ᠢᠯᠡᠷᠡᠵᠦ᠍᠂ 《tahtaa》 ᠭᠡᠰᠡᠨ ᠲᠠᠬᠢᠯᠲᠠ ᠲᠠᠪᠳᠠᠯᠳᠠ ᠨᠢ  ᠮᠢᠩᠭᠠᠨ ᠠᠭᠤᠯᠠ ᠲᠦᠮᠡᠨ ᠤᠰᠤᠨ᠎ᠤ ᠴᠠᠭᠠᠨ᠎ᠠ᠎ᠠᠴᠠ ᠴᠢᠬᠢᠨ᠎ᠡ ᠲᠤᠭᠤᠯᠳᠠᠬᠤ ᠮᠡᠲᠦ᠍᠃

ᠲᠠᠮᠪᠢ ᠭᠤᠸᠠᠢ᠎ᠶᠢᠨ ᠰᠢᠯᠦᠭ ᠤᠶᠠᠩᠭᠠᠯᠠᠬᠤ ᠤᠷ᠎ᠠ ᠠᠪᠢᠶᠠᠰ ᠬᠠᠮᠢᠭ᠎ᠠ᠎ᠠᠴᠠ ᠢᠷᠡᠪᠡ? ᠭᠡᠪᠡᠯ ᠲᠡᠬᠦᠨ᠎ᠦ ᠮᠤᠩᠭᠤᠯ ᠬᠡᠯᠡ ᠤᠳᠬ᠎ᠠ ᠵᠤᠬᠢᠶᠠᠯ᠎ᠳᠠᠭᠠᠨ ᠤᠬᠠᠭᠠᠨ ᠦᠭᠡᠢ ᠬᠠᠢᠷᠠᠲᠠᠢ᠂ ᠰᠢᠷᠭᠠᠭᠤ ᠰᠢᠮᠳᠠᠨ ᠰᠤᠷᠴᠤ᠌ ᠬᠠᠳᠠᠨ ᠴᠡᠭᠡᠵᠢᠯᠡᠭᠰᠡᠨ᠎ᠡᠴᠡ ᠢᠷᠡᠯᠳᠡ ᠲᠠᠢ ᠪᠠᠢᠳᠠᠭ᠃ ᠲᠦᠷᠦᠭᠦᠬᠡᠨ ᠲᠡᠷᠡ ᠰᠢᠨᠡᠬᠡᠨ ᠪᠦᠲᠦᠭᠡᠯ 《ᠤᠨ ᠰᠠᠷ᠎ᠠ᠎ᠶᠢᠨ ᠤᠷᠤᠰᠬᠠᠯ》 (ᠬᠢᠲᠠᠳ ᠬᠡᠪᠯᠡᠯ)᠎ᠤ᠋ᠨ ᠵᠢᠠᠨ ᠡᠬᠡ ᠨᠤᠤᠷᠠᠭ᠎ᠢ ᠨᠠᠳᠠᠳᠤ ᠭᠤᠪᠢᠭᠤᠯᠵᠤ ᠢᠯᠡᠭᠡᠪᠡ᠃ ᠪᠢ ᠦᠵᠡᠪᠡᠯ᠂ ᠲᠡᠷᠡ ᠪᠡᠷ 1982  ᠤᠨ᠎ᠳᠤ ᠴᠡᠷᠢᠭ᠎ᠤᠨ ᠬᠤᠪᠴᠠᠰᠤ ᠪᠠᠨ ᠲᠠᠢᠯᠤᠭᠠᠳ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳ᠋ᠤ ᠢᠷᠡᠵᠦ᠍ ᠪᠠᠭᠰᠢᠯᠠᠨ᠂ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠠᠩᠭᠢ᠎ᠳᠤ ᠤᠳᠤ ᠦᠶ᠎ᠡ᠎ᠶᠢᠨ ᠮᠤᠩᠭᠤᠯ ᠤᠳᠬ᠎ᠠ ᠵᠤᠬᠢᠶᠠᠯ᠎ᠤᠨ ᠬᠢᠴᠢᠶᠡᠯ  ᠵᠢᠭᠠᠵᠤ ᠡᠬᠢᠯᠡᠭᠰᠡᠨ ᠪᠠᠢᠨ᠎ᠠ᠃ ᠲᠤᠬᠠᠢ᠎ᠶᠢᠨ ᠦᠶᠡᠰ᠎ᠲᠤ᠌ ᠲᠤᠰᠬᠠᠢ ᠵᠢᠭᠠᠬᠤ ᠮᠠᠲ᠋ᠸᠷᠢᠶᠠᠯ ᠪᠠᠢᠭ᠎ᠠ ᠦᠭᠡᠢ᠂ ᠲᠡᠷᠡ ᠦᠪᠡᠷ ᠵᠢᠡᠨ ᠯᠸᠺᠼᠢ ᠨᠠᠢᠷᠠᠭᠤᠯᠵᠤ ᠪᠢᠴᠢᠭᠡᠳ ᠬᠢᠴᠢᠶᠡᠯ ᠤᠷᠤᠳᠠᠭ᠃ ᠬᠢᠴᠢᠶᠡᠯ ᠲᠡᠭᠡᠷ᠎ᠡ ᠲᠡᠷᠡ ᠤᠳᠤ ᠦᠶ᠎ᠡ᠎ᠶᠢᠨ ᠮᠤᠩᠭᠤᠯ ᠦᠨᠲᠦᠰᠦᠲᠡᠨ᠎ᠦ ᠨᠡᠷᠡᠳᠡᠢ ᠨᠡᠷᠡᠳᠡᠢ ᠰᠢᠯᠦᠭᠴᠢᠳ᠎ᠦᠨ ᠰᠢᠯᠦᠭ ᠨᠤᠭᠦᠳ᠎ᠢ ᠨᠢ  ᠪᠠᠳᠠᠭ ᠪᠠᠳᠠᠭ ᠵᠢᠠᠷ ᠴᠡᠭᠡᠵᠢ ᠪᠡᠷ  ᠵᠢᠠᠨ ᠤᠶᠠᠩᠭᠠᠯᠠᠭᠠᠳ ᠰᠤᠷᠤᠭᠴᠢᠳ ᠵᠢᠠᠨ ᠭᠠᠢᠬᠠᠰᠢ ᠠᠯᠲᠠᠭᠤᠯᠵᠤ ᠪᠠᠢᠯ᠎ᠠ ᠭᠡᠲᠡᠭ᠃

ᠬᠤᠶᠠᠷ

1988  ᠤᠨ᠎ᠤ ᠨᠠᠮᠤᠷ᠂ ᠲᠠᠮᠪᠢ ᠬᠢᠭᠡᠳ ᠨᠦᠭᠦᠭᠡ ᠬᠡᠳᠦᠨ ᠪᠠᠭᠰᠢ᠎ᠶᠢᠨ ᠬᠠᠮᠲᠤ᠌ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠠᠩᠭᠢ᠎ᠶᠢᠨ ᠪᠦᠯᠦᠭ ᠰᠤᠷᠤᠭᠴᠢᠳ ᠵᠢᠠᠨ ᠲᠠᠭᠠᠭᠤᠯᠵᠤ ᠢᠯᠢ ᠵᠸᠦ᠍᠎ᠶᠢᠨ ᠮᠤᠩᠭᠤᠯᠬᠦᠢ᠍ᠷᠢᠶ᠎ᠡ᠎ᠳᠤ ᠲᠠᠳᠤᠯᠭ᠎ᠠ ᠬᠢᠬᠦ᠌ ᠪᠡᠷ ᠤᠴᠢᠬᠰᠠᠨ ᠪᠠᠢᠪᠠ᠃ ᠲᠠᠳᠤᠯᠭ᠎ᠠ ᠲᠡᠭᠦᠰᠬᠦ᠌᠎ᠶᠢᠨ ᠦᠶᠡᠰ᠎ᠲᠦ᠍ ᠪᠢ ᠰᠠᠯᠪᠤᠷᠢ᠎ᠶᠢᠨ ᠵᠠᠰᠠᠭ ᠵᠠᠬᠢᠷᠭᠠᠨ᠎ᠤ ᠨᠠᠷᠢᠨ ᠪᠢᠴᠢᠭᠡᠴᠢ ᠵᠸ᠋ ᠽᠢ ᠯᠢ ᠲᠠᠢ ᠴᠤᠭ ᠲᠡᠲᠡᠨᠤᠰ᠎ᠢ ᠲᠤᠰᠬᠤ ᠪᠠᠷ ᠬᠦᠷᠦᠭᠰᠡᠨ ᠶᠤᠮ᠃ ᠮᠤᠩᠭᠤᠯᠬᠦᠢ᠍ᠷᠢᠶ᠎ᠡ᠎ᠳᠤ ᠬᠦᠷᠦᠭᠰᠡᠨ ᠲᠡᠷᠡ ᠡᠳᠦᠷ ᠨᠢ ᠪᠢᠳᠡ ᠮᠤᠩᠭᠤᠯᠬᠦᠢ᠍ᠷᠢᠶ᠎ᠡ ᠎ᠶᠢᠨ ᠬᠤᠶᠠᠳᠤᠭᠠᠷ ᠲᠤᠮᠳᠠᠳᠤ ᠰᠤᠷᠭᠠᠭᠤᠯᠢ᠎ᠶᠢᠨ ᠪᠠᠭᠰᠢ ᠰᠤᠷᠤᠭᠴᠢᠳ ᠬᠢᠭᠡᠳ ᠲᠠᠳᠤᠯᠭ᠎ᠠ ᠬᠢᠭᠰᠡᠨ ᠰᠤᠷᠤᠭᠴᠢᠳ᠎ᠤᠨ ᠦᠳᠡᠯᠭᠡ᠎ᠶᠢᠨ ᠨᠠᠢᠷ᠎ᠲᠤ᠌ ᠤᠷᠤᠯᠴᠠᠵᠤ᠂ ᠮᠠᠷᠭᠠᠰᠢ ᠨᠢ ᠪᠠᠰᠠ ᠴᠡᠷᠢᠭ᠎ᠦᠨ ᠠᠭᠲᠠ᠎ᠶᠢᠨ ᠲᠠᠯᠠᠪᠠᠢ᠎ᠶᠢᠨ ᠬᠡᠦᠬᠡᠳ ᠲᠡᠭᠦᠦ ᠨᠡᠷ᠎ᠦᠨ ᠰᠤᠷᠭᠠᠭᠤᠯᠢ᠎ᠳᠤ ᠲᠠᠳᠤᠯᠭ᠎ᠠ ᠬᠢᠭᠰᠡᠨ ᠪᠠᠭᠰᠢ ᠰᠤᠷᠤᠭᠴᠢᠳ᠎ᠢ ᠲᠤᠰᠬᠤ ᠪᠠᠷ ᠬᠦᠷᠪᠡ᠂ ᠲᠠᠮᠪᠢ ᠪᠠᠭᠰᠢ ᠲᠡᠨᠲᠡ ᠪᠠᠢᠵᠠᠢ᠃ ᠲᠠᠳᠤᠯᠭ᠎ᠠ᠎ᠶᠢᠨ ᠪᠠᠭᠰᠢ ᠰᠤᠷᠤᠭᠴᠢᠳ ᠮᠠᠰᠢᠨ ᠲᠡᠷᠭᠡᠨ᠎ᠳ᠋ᠡᠬᠡᠨ ᠭᠠᠷᠤᠭᠠᠳ ᠴᠡᠷᠢᠭ᠎ᠦᠨ ᠠᠭᠲᠠ᠎ᠶᠢᠨ ᠲᠠᠯᠠᠪᠠᠢ᠎ᠶᠢᠨ ᠬᠡᠦᠬᠡᠳ ᠲᠡᠭᠦᠦ ᠨᠡᠷ᠎ᠦᠨ ᠰᠤᠷᠭᠠᠭᠤᠯᠢ᠎ᠠᠴᠠ ᠠᠶᠠᠷᠯᠠᠬᠤ᠎ᠳᠤ᠂ ᠰᠤᠷᠭᠠᠭᠤᠯᠢ᠎ᠶᠢᠨ ᠰᠤᠷᠤᠭᠴᠢᠳ ᠬᠠᠭᠠᠯᠭ᠎ᠠ ᠪᠠᠭᠲᠠᠮ᠎ᠠ ᠦᠭᠡᠢ ᠰᠢᠬᠠᠯᠳᠤᠨ ᠭᠠᠷᠴᠤ᠌ ᠢᠷᠡᠭᠡᠳ 《ᠪᠠᠭᠰᠢ ᠡ》 《ᠪᠠᠭᠰᠢ ᠡ》 ᠭᠡᠵᠦ᠍ ᠬᠠᠰᠭᠢᠷᠤᠯᠳᠤᠨ ᠮᠠᠰᠢᠨ᠎ᠤ ᠠᠷᠤ᠎ᠠᠴᠠ  ᠭᠠᠵᠠᠷ ᠢᠯᠡᠬᠦᠦ ᠲᠠᠭᠠᠯᠴᠠᠨ ᠭᠦᠶᠦᠯᠴᠡᠭᠰᠡᠨ ᠪᠢᠯᠡ᠃ ᠬᠡᠨ ᠬᠠᠷᠠᠪᠠᠴᠤ᠌ ᠰᠡᠳᠭᠢᠯ ᠢᠭᠳᠦᠯᠬᠦ᠌ ᠦᠭᠡᠢ ᠪᠠᠢᠬᠤ᠎ᠶᠢᠨ ᠠᠷᠭ᠎ᠠ ᠦᠭᠡᠢ᠃ ᠮᠠᠰᠢᠨ ᠲᠡᠷᠭᠡᠨ ᠲᠡᠭᠡᠷᠡᠬᠢ ᠮᠤᠩᠭᠤᠯ ᠤᠶᠤᠳᠠᠳ ᠴᠦᠮ ᠰᠡᠮ ᠰᠡᠮᠡᠷᠬᠡᠨ ᠨᠢᠯᠪᠤᠰᠤ ᠪᠠᠨ ᠠᠷᠴᠢᠵᠤ ᠯᠠ ᠪᠠᠢᠯ᠎ᠠ᠃ ᠮᠢᠨᠤ ᠲᠠᠨᠢᠬᠤ ᠪᠡᠷ᠂ ᠵᠢᠭᠠᠨ ᠰᠤᠷᠭᠠᠬᠤ ᠲᠠᠳᠤᠯᠭ᠎ᠠ ᠳᠤᠮᠳᠠ᠎ᠡᠴᠡ ᠯᠠ ᠤᠶᠤᠲᠠᠳ ᠰᠠᠶᠢ ᠪᠠᠭᠰᠢ ᠭᠡᠲᠡᠭ ᠡᠷᠬᠢᠮ ᠠᠯᠳᠠᠷ᠎ᠤᠨ ᠬᠦᠨᠳᠦ᠎ᠶᠢᠨ ᠵᠢᠩ᠎ᠢ ᠤᠬᠠᠵᠤ᠂ ᠵᠢᠭᠠᠨ ᠰᠤᠷᠭᠠᠬᠤ ᠠᠵᠢᠯ᠎ᠤᠨ ᠬᠠᠳᠠᠭᠤ ᠪᠡᠷᠬᠡᠰᠢᠶᠡᠯ᠎ᠢ ᠲᠠᠨᠢᠵᠤ ᠮᠡᠳᠡᠳᠡᠭ᠃ ᠡᠨᠳᠡ ᠲᠠᠳᠤᠯᠭ᠎ᠠ ᠬᠢᠭᠰᠡᠨ ᠦᠩᠭᠡᠷᠡᠯᠳᠡ ᠪᠠᠨ ᠲᠡᠳᠡ ᠨᠠᠷ ᠯᠠᠪ ᠨᠠᠰᠤᠨ ᠲᠤᠷᠰᠢᠳᠠ ᠮᠠᠷᠳᠠᠬᠤ ᠦᠭᠡᠢ ᠪᠠᠢᠬᠤ ᠪᠤᠯᠤᠨ᠎ᠠ᠃

ᠬᠤᠵᠢᠮ ᠨᠢ ᠪᠢ ᠮᠤᠩᠭᠤᠯᠬᠦᠢ᠍ᠷᠢᠶ᠎ᠡ᠎ᠳᠤ ᠤᠯᠠᠨᠳᠠ ᠬᠦᠷᠴᠤ᠌ ᠪᠠᠢᠬᠰᠠᠨ ᠤᠳᠠᠭ᠎ᠠ ᠲᠠᠢ᠂ ᠭᠡᠪᠡᠴᠤ᠌ 1988 ᠤᠨ᠎ᠤ ᠲᠡᠷᠡ ᠤᠳᠠᠭ᠎ᠠ᠎ᠶᠢᠨ ᠰᠢᠭ᠋ ᠭᠦᠨ ᠰᠠᠭᠤᠬᠲᠠᠯ ᠦᠯᠡᠳᠡᠭᠡᠭᠡ ᠦᠭᠡᠢ᠃ ᠡᠨᠡ ᠤᠳᠠᠭᠠᠨ᠎ᠤ ᠮᠤᠩᠭᠤᠯᠬᠦᠢ᠍ᠷᠢᠶ᠎ᠡ᠎ᠳᠠᠬᠢ ᠠᠶᠠᠯᠠᠯ ᠨᠢ ᠲᠠᠮᠪᠢ ᠭᠤᠸᠠᠢ᠎ᠶᠢᠨ ᠠᠮᠢᠳᠤᠷᠠᠯ᠎ᠤᠨ ᠦᠩᠭᠡᠷᠡᠯᠳᠡ᠎ᠳᠦ ᠴᠤ᠌ ᠠᠷᠴᠢᠭᠳᠠᠰᠢ ᠦᠭᠡᠢ ᠰᠠᠭᠤᠭᠳᠠᠯ ᠬᠤᠴᠤᠷᠭᠠᠬᠰᠠᠨ ᠠᠵᠢ᠃ ᠪᠢᠲᠡᠨ᠎ᠤ ᠬᠤᠭᠤᠷᠤᠨᠳᠤ ᠭᠡᠪᠡᠯ ᠶᠠᠭ ᠲᠠᠮᠪᠢ ᠭᠤᠸᠠᠢ᠎ᠶᠢᠨ ᠠᠮᠠᠨ ᠲᠡᠦᠬᠡ᠎ᠶᠢᠨ ᠲᠤᠭᠠᠴᠢᠯᠳᠠ᠎ᠳᠠᠭᠠᠨ ᠶᠠᠷᠢᠭᠰᠠᠨ ᠮᠡᠳᠤ ᠪᠡᠷ᠄ 《ᠢᠷᠦᠭᠡᠯ ᠲᠠᠢ᠎ᠳᠠᠭᠠᠨ ᠤᠴᠠᠷᠠᠨ᠎ᠠ᠂ ᠢᠷᠤᠭᠠᠯ ᠲᠠᠢ᠎ᠳᠠᠭᠠᠨ ᠲᠤᠭᠲᠠᠨ᠎ᠠ᠃ ᠢᠩᠭᠢᠵᠦ᠍ ᠨᠢᠭᠡ ᠤᠴᠠᠷᠠᠵᠤ ᠠᠭᠤᠯᠵᠠᠭᠠᠳ ᠪᠢᠲᠠᠨ᠎ᠤ ᠨᠠᠰᠤᠨ ᠲᠤᠷᠰᠢᠳᠠ᠎ᠶᠢᠨ ᠨᠦᠬᠦᠷᠯᠡᠯ᠎ᠢ ᠬᠤᠯᠪᠤᠬᠰᠠᠨ ᠶᠤᠮ ᠡ!》

1988  ᠤᠨ᠎ᠤ ᠨᠠᠮᠤᠷ᠂ ᠪᠢ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠶᠢᠨ ᠬᠢᠲᠠᠳ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠦᠨ ᠠᠩᠭᠢ᠎ᠶᠢᠨ ᠡᠷᠬᠢᠯᠡᠭᠴᠢ ᠪᠤᠯᠪᠠ᠃ ᠮᠠᠨ᠎ᠤ ᠠᠩᠭᠢ᠎ᠳᠤ ᠤᠷᠠᠨ ᠵᠤᠬᠢᠶᠠᠯ᠎ᠤᠨ ᠵᠤᠬᠢᠶᠠᠨ ᠪᠦᠲᠦᠭᠡᠯᠭᠡ᠎ᠳᠦ ᠲᠤᠷ᠎ᠠ ᠪᠠᠬ᠎ᠠ ᠲᠠᠢ ᠰᠤᠷᠤᠭᠴᠢ ᠴᠦᠬᠡᠨ ᠪᠤᠰᠤ᠂ ᠭᠡᠪᠡᠴᠦ᠍ 《ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠰᠤᠷᠭᠠᠭᠤᠯᠢ᠎ᠶᠢᠨ ᠰᠡᠳᠭᠦᠯ》 ᠎ᠳ᠋ᠦ ᠡᠬᠡ ᠪᠢᠴᠢᠭ ᠦᠭᠭᠦᠭᠡᠳ ᠶᠡᠷᠦ ᠨᠢ ᠭᠠᠷᠭᠠᠵᠤ ᠦᠭᠬᠦ᠌ ᠦᠭᠡᠢ ᠭᠡᠰᠡᠨ ᠲᠤᠰᠬᠠᠯ ᠲᠠᠢ᠃  ᠪᠢ ᠰᠤᠷᠭᠠᠭᠤᠯᠢ᠎ᠶᠢᠨ ᠰᠡᠳᠭᠦᠯ ᠯᠤᠭᠡ ᠵᠤᠬᠢᠴᠠᠭᠤᠯᠭ᠎ᠠ ᠬᠢᠵᠦ᠍ ᠪᠠᠢᠭᠠᠳ᠂ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠳᠤ ᠲᠤᠰᠬᠠᠢ ᠨᠡᠮᠡᠯᠳᠡ ᠳ᠋ᠤᠭᠠᠷ ᠭᠠᠷᠭᠠᠵᠤ ᠦᠭᠬᠦ᠌ ᠪᠡᠷ ᠬᠡᠯᠡᠯᠴᠡᠵᠦ᠍ ᠲᠤᠬᠢᠷᠠᠵᠠᠢ᠃ ᠡᠬᠡ ᠪᠢᠴᠢᠭ ᠵᠤᠬᠢᠶᠠᠨ ᠪᠠᠢᠭᠤᠯᠬᠤ ᠡᠭᠦᠷᠭᠡ ᠶᠠᠷᠢᠶᠠᠨ ᠦᠭᠡᠢ ᠮᠢᠨᠤ ᠲᠤᠯᠤᠭᠠᠢ ᠲᠡᠭᠡᠷ᠎ᠡ ᠤᠨᠤᠭᠲᠠᠪᠠ᠃

ᠪᠢ ᠨᠡᠮᠡᠯᠳᠡ ᠳ᠋ᠤᠭᠠᠷ᠎ᠤᠨ ᠵᠢᠠᠨ ᠤᠷᠠᠨ ᠵᠤᠬᠢᠶᠠᠯ᠎ᠤᠨ ᠪᠤᠯᠤᠩ ᠵᠢᠠᠨ 《ᠪᠠᠷᠠᠭᠤᠨ ᠬᠤᠢᠨ᠎ᠠ᠎ᠶᠢᠨ ᠰᠠᠯᠬᠢ》 ᠭᠡᠵᠦ᠍ ᠨᠡᠷᠡᠢᠳᠦᠭᠡᠳ  ᠭᠤᠷᠪᠠᠨ ᠲᠤᠰᠬᠠᠢ ᠮᠡᠷᠭᠡᠵᠢᠯ᠎ᠦᠨ ᠪᠠᠭᠰᠢ ᠰᠤᠷᠤᠭᠴᠢᠳ᠎ᠠᠴᠠ ᠡᠬᠡ ᠪᠢᠴᠢᠭ ᠡᠯᠰᠡᠭᠰᠡᠨ᠎ᠳᠦ᠂ ᠡᠬᠡ ᠪᠢᠴᠢᠭ᠎ᠤᠳ ᠭᠦᠢᠴᠡᠳ ᠢᠷᠡᠭᠰᠡᠨ ᠪᠦᠭᠡᠳ ᠵᠤᠩᠬᠢᠯᠠᠬᠤ ᠨᠢ ᠰᠤᠷᠤᠭᠴᠢᠳ᠎ᠤᠨ ᠡᠬᠡ ᠪᠢᠴᠢᠭ ᠪᠠᠢᠯ᠎ᠠ᠃ ᠪᠠᠭᠰᠢ ᠨᠠᠷ᠎ᠤᠨ ᠲᠤᠲᠤᠷ᠎ᠠ ᠪᠠᠽᠠᠷ ᠪᠠ ᠲᠠᠮᠪᠢ ᠬᠤᠶᠠᠷ ᠪᠠᠬᠰᠢ ᠲᠤᠰᠪᠤᠷᠢ ᠬᠢᠲᠠᠳ ᠡᠬᠡ ᠪᠢᠴᠢᠭ  ᠢᠷᠡᠭᠦᠯᠦᠭᠰᠡᠨ ᠪᠦᠭᠡᠳ ᠢᠯᠠᠩᠭᠤᠶ᠎ᠠ ᠲᠠᠮᠪᠢ ᠪᠠᠭᠰᠢ᠎ᠶᠢᠨ ᠡᠬᠡ ᠪᠢᠴᠢᠭ ᠨᠠᠮ᠎ᠠ᠎ᠶᠢ ᠭᠠᠢᠬᠠᠰᠢ ᠠᠯᠲᠠᠭᠤᠯᠵᠠᠢ᠃ ᠲᠡᠷᠡ ᠭᠤᠸᠠᠢ ᠬᠢᠲᠠᠳ ᠲᠤᠯᠤᠭᠠᠨ ᠦᠭᠡ᠎ᠶᠢᠨ ᠬᠡᠮᠵᠢᠶᠡᠲᠦ᠍ ᠰᠢᠯᠦᠭ᠎ᠦᠨ ᠬᠡᠯᠪᠡᠷᠢ ᠪᠡᠷ 《ᠵᠡᠭᠦᠨ ᠬᠦᠲᠦᠯ᠎ᠦᠨ ᠰᠢᠯᠦᠭ᠎ᠦᠨ ᠨᠤᠤᠷᠠᠭ》 ᠬᠡᠮᠡᠬᠦ᠌ ᠮᠦᠴᠡᠯᠭᠡ ᠰᠢᠯᠦᠭ ᠪᠢᠴᠢᠵᠤ᠂ ᠮᠤᠩᠭᠤᠯᠬᠦᠢ᠍ᠷᠢᠶ᠎ᠡ᠎ᠳᠤ ᠲᠠᠳᠤᠯᠭ᠎ᠠ᠎ᠶᠢᠨ ᠰᠤᠷᠤᠭᠴᠢ ᠲᠠᠭᠠᠭᠤᠯᠵᠤ ᠤᠴᠢᠬᠰᠠᠨ ᠬᠤᠭᠤᠴᠠᠭᠠᠨ᠎ᠳᠠᠭᠠᠨ᠂ ᠲᠡᠨᠳᠡᠬᠢ ᠵᠡᠬᠦᠨ ᠬᠦᠲᠦᠯ ᠵᠢᠡᠷ ᠰᠡᠯᠡᠭᠦᠴᠡᠨ ᠲᠤᠭᠤᠷᠢᠵᠤ ᠬᠦᠪᠦᠯᠵᠡᠨ ᠲᠦᠷᠦᠭᠲᠡᠭᠰᠡᠨ ᠰᠠᠨᠠᠭ᠎ᠠ ᠰᠡᠳᠭᠢᠯ ᠵᠢᠠᠨ ᠲᠡᠮᠲᠡᠭᠯᠡᠵᠡᠢ᠃ ᠮᠦᠴᠡᠯᠭᠡ ᠰᠢᠯᠦᠭ ᠨᠢ ᠬᠡᠳᠦᠢᠪᠡᠷ ᠲᠦᠪᠰᠢᠳᠤ ᠲᠠᠰᠢᠭᠤ ᠠᠶᠠᠯᠭᠤ ᠡᠷᠬᠢᠮᠯᠡᠭᠡ ᠦᠭᠡᠢ ᠮᠦᠷᠲᠡᠭᠡᠨ ᠰᠢᠨ᠎ᠡ ᠬᠤᠯᠪᠤᠴᠠ᠎ᠶᠢ ᠬᠡᠷᠡᠭᠯᠡᠭᠰᠡᠨ ᠪᠤᠯᠪᠠᠴᠤ᠌᠂ ᠰᠢᠯᠦᠭ᠎ᠦᠨ  ᠬᠢᠨᠢ ᠤᠨᠴᠠᠭᠠᠢ ᠠᠢᠵᠠᠮ ᠬᠡᠮᠨᠡᠯ ᠪᠠ ᠰᠠᠨᠠᠭ᠎ᠠ ᠠᠬᠤᠢ ᠨᠢ ᠬᠢᠲᠠᠳ ᠡᠷᠳᠡᠨ᠎ᠤ ᠲᠢᠭ᠎ᠦᠨ ᠰᠢᠯᠦᠭ᠎ᠦᠨ ᠦᠨᠦᠷ ᠠᠮᠳᠠ᠎ᠶᠢ ᠪᠦᠷᠢᠳᠦᠭᠦᠯᠦᠭᠰᠡᠨ ᠵᠢᠡᠷ ᠵᠢᠠᠨ᠂ ᠬᠢᠴᠢᠶᠡᠯ᠎ᠦᠨ ᠲᠠᠪᠴᠠᠩ᠎ᠳᠤ ᠲᠠᠩ ᠤᠯᠤᠰ᠎ᠤᠨ ᠦᠶ᠎ᠡ᠎ᠶᠢᠨ ᠤᠳᠬ᠎ᠠ ᠵᠤᠬᠢᠶᠠᠯ᠎ᠤᠨ ᠬᠢᠴᠢᠶᠡᠯ ᠵᠢᠭᠠᠳᠠᠭ ᠬᠢᠲᠠᠳ ᠦᠨᠲᠦᠰᠦᠲᠡᠨ᠎ᠤ ᠪᠠᠭᠰᠢ ᠨᠠᠮ᠎ᠠ᠎ᠶᠢ ᠢᠴᠢᠭᠦᠷᠢ᠎ᠳᠦ ᠬᠦᠷᠭᠡᠪᠡ᠃ ᠪᠢ ᠤᠭᠳᠤ ᠲᠠᠳᠠᠭᠠᠯᠵᠠᠯ ᠦᠭᠡᠢ ᠪᠡᠷ ᠲᠡᠬᠦᠨ᠎ᠦ ᠪᠦᠲᠦᠭᠡᠯ᠎ᠢ ᠨᠡᠮᠡᠯᠳᠡ ᠳ᠋ᠤᠭᠠᠷ᠎ᠲᠠᠭᠠᠨ ᠰᠤᠩᠭᠤᠨ ᠤᠷᠤᠭᠤᠯᠤᠬᠰᠠᠨ ᠪᠠᠢᠨ᠎ᠠ᠃

1989 ᠤᠨ᠎ᠳᠤ ᠲᠡᠷᠡ ᠬᠤᠭᠤᠴᠠᠭ᠎ᠠ᠎ᠶᠢᠨ ᠨᠡᠮᠡᠯᠳᠡ ᠳ᠋ᠤᠭᠠᠷ ᠬᠡᠪᠯᠡᠭᠳᠡᠨ ᠭᠠᠷᠤᠬᠰᠠᠨ᠎ᠤ ᠲᠠᠷᠠᠭ᠎ᠠ ᠰᠤᠷᠭᠠᠭᠤᠯᠢ᠎ᠶᠢᠨ ᠲᠤᠲᠤᠷ᠎ᠠ ᠮᠠᠰᠢ ᠰᠠᠢᠨ ᠨᠦᠯᠦᠭᠡ ᠲᠤᠰᠬᠠᠯ ᠭᠠᠷᠤᠬᠰᠠᠨ ᠪᠦᠭᠡᠳ ᠲᠠᠮᠪᠢ ᠪᠠᠭᠰᠢ ᠮᠤᠩᠭᠤᠯ ᠬᠢᠲᠠᠳ ᠬᠤᠶᠠᠷ ᠬᠡᠯᠡ ᠪᠠᠷ ᠰᠢᠯᠦᠭ ᠲᠠᠭᠤᠯᠠᠯ ᠰᠠᠢᠨ ᠪᠢᠴᠢᠲᠡᠭ ᠬᠡᠮᠡᠨ ᠨᠡᠷ᠎ᠡ ᠮᠠᠨᠳᠤᠵᠠᠢ᠃

ᠭᠤᠷᠪᠠ

ᠦᠨᠡᠨᠳᠡᠬᠡᠨ ᠲᠡᠷᠡ ᠦᠶᠡᠰ᠎ᠲᠦ᠍ ᠲᠠᠮᠪᠢ ᠪᠠᠭᠰᠢ᠎ᠳᠤ ᠵᠤᠬᠢᠶᠠᠨ ᠪᠦᠲᠦᠭᠡᠯᠭᠡ ᠤᠷᠤᠯᠳᠤᠬᠤ ᠎ᠵᠠᠪ ᠴᠢᠯᠦᠭᠡ ᠡᠯᠪᠡᠭ ᠪᠠᠢᠬᠰᠠᠨ ᠦᠭᠡᠢ᠂ ᠲᠡᠷᠡ ᠭᠤᠤᠯ ᠠᠩᠬᠠᠷᠤᠯ ᠵᠢᠠᠨ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠵᠢᠭᠠᠨ ᠰᠤᠷᠭᠠᠯᠳᠠ ᠪᠠ ᠰᠢᠨᠵᠢᠯᠡᠭᠡᠨ ᠰᠤᠳᠤᠯᠭᠠᠨ᠎ᠳᠤ ᠵᠤᠷᠢᠭᠤᠯᠤᠬᠰᠠᠨ ᠪᠠᠢᠯ᠎ᠠ ᠃

ᠵᠢᠷᠢᠮ ᠨᠤᠲᠤᠭᠳᠠᠢ ᠰᠢᠯᠦᠭᠴᠢ ᠬᠢᠭᠡᠳ ᠡᠷᠲᠡᠮᠲᠡᠨ ᠲᠠᠮᠪᠢ 1969 ᠤᠨ᠎ᠳᠤ ᠦᠪᠦᠷ ᠮᠤᠩᠭᠤᠯ᠎ᠤᠨ ᠶᠡᠬᠡ ᠰᠤᠷᠭᠠᠭᠤᠯᠢ᠎ᠠᠴᠠ ᠲᠡᠭᠦᠰᠦᠭᠡᠳ ᠡᠬᠡ ᠤᠯᠤᠰ᠎ᠤᠨ ᠤᠷᠢᠶᠠᠯᠠᠭ᠎ᠠ᠎ᠶᠢ ᠴᠤᠤᠷᠢᠶᠠᠳᠤᠨ ᠲᠠᠭᠠᠵᠤ᠂ ᠪᠢᠷ ᠵᠢᠠᠨ ᠬᠠᠶᠠᠭᠠᠳ ᠴᠡᠷᠢᠭ᠎ᠲᠦ᠍ ᠤᠷᠤᠵᠤ᠂ ᠰᠢᠨᠵᠢᠶᠠᠩ᠎ᠳᠠᠬᠢ ᠤᠨᠴᠠ ᠲᠦᠷᠦᠯ᠎ᠦᠨ ᠴᠡᠷᠢᠭ᠎ᠤᠨ ᠬᠤᠸᠠᠷᠠᠨ᠎ᠳᠤ 10 ᠵᠢᠯ ᠰᠢᠬᠠᠭᠤ ᠠᠵᠢᠯᠯᠠᠵᠤ ᠠᠮᠢᠳᠤᠷᠠᠪᠠ᠃ 1978  ᠤᠨ᠎ᠳᠤ ᠲᠡᠷᠡ ᠴᠡᠷᠢᠭ ᠠᠩᠭᠢ᠎ᠠᠴᠠ ᠪᠠᠨ ᠦᠪᠦᠷ ᠮᠤᠩᠭᠤᠯ᠎ᠤᠨ ᠪᠠᠭᠰᠢ᠎ᠶᠢᠨ ᠲᠡᠭᠡᠳᠦ ᠰᠤᠷᠭᠠᠭᠤᠯᠢ᠎ᠳᠤ ᠠᠰᠫᠢᠷᠠᠨᠲ ᠵᠢᠠᠷ ᠰᠢᠯᠭᠠᠭᠤᠯᠤᠨ ᠡᠯᠰᠡᠭᠲᠡᠭᠡᠳ᠂ ᠠᠯᠲᠠᠷᠲᠤ᠌ ᠡᠷᠲᠡᠮᠳᠡᠨ ᠪᠠᠶᠠᠷ ᠪᠠᠬᠰᠢᠳᠠᠨ᠎ᠳᠤ ᠱᠠᠪᠢᠯᠠᠨ᠂ ᠮᠤᠩᠭᠤᠯ ᠤᠳᠬ᠎ᠠ ᠵᠤᠬᠢᠶᠠᠯ᠎ᠤᠨ ᠰᠤᠳᠤᠯᠭᠠᠨ᠎ᠤ ᠴᠢᠭᠯᠡᠯ ᠵᠢᠠᠷ ᠭᠤᠷᠪᠠᠨ ᠵᠢᠯ ᠰᠤᠷᠴᠤ᠌᠂ 1981  ᠤᠨ᠎ᠳᠤ ᠰᠤᠷᠤᠯᠭ᠎ᠠ ᠪᠠᠨ ᠲᠦᠭᠦᠷᠭᠡᠭᠡᠳ ᠬᠢᠯᠢ ᠬᠢᠵᠠᠭᠠᠷ ᠤᠷᠤᠨ᠎ᠳᠤ ᠬᠦᠴᠦᠨ ᠵᠢᠠᠨ ᠡᠷᠭᠦᠬᠦ᠌ ᠨᠢᠭᠡᠨ ᠦᠵᠦᠭᠦᠷ᠎ᠦᠨ ᠰᠡᠳᠭᠢᠯ᠎ᠢ ᠪᠠᠷᠢᠵᠤ ᠡᠷᠡᠭᠡᠯᠵᠡᠯ ᠲᠠᠳᠠᠭᠠᠯᠵᠠᠯ ᠦᠭᠡᠢ ᠪᠡᠷ ᠰᠢᠨᠵᠢᠶᠠᠩ᠎ᠳᠠᠭᠠᠨ ᠪᠤᠴᠠᠭᠰᠠᠨ ᠪᠠᠢᠨ᠎ᠠ᠃ 1982 ᠤᠨ᠎ᠳᠤ ᠲᠡᠷᠡ ᠴᠡᠷᠢᠭ᠎ᠡᠴᠡ ᠪᠠᠨ ᠬᠠᠯᠠᠭᠲᠠᠭᠠᠳ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠡᠭᠦᠰᠭᠡᠨ ᠪᠠᠢᠭᠤᠯᠤᠬᠳᠠᠭᠠᠳ ᠰᠠᠶᠢᠬᠠᠨ ᠵᠢᠯ ᠪᠤᠯᠵᠤ ᠪᠠᠢᠭ᠎ᠠ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠠᠩᠭᠢ᠎ᠳᠤ ᠪᠠᠭᠰᠢᠯᠠᠪᠠ᠃ ᠲᠤᠬᠠᠢ᠎ᠶᠢᠨ ᠦᠶ᠎ᠡ᠎ᠶᠢᠨ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠦ ᠠᠪᠴᠤ ᠬᠡᠯᠡᠪᠡᠯ᠂ ᠲᠡᠷᠡ ᠪᠤᠯ ᠦᠭᠡᠷᠡᠴᠢᠯᠡᠯᠳᠡ ᠨᠡᠬᠡᠭᠡᠯᠳᠡ᠎ᠡᠴᠡ ᠲᠠᠷᠠᠭ᠎ᠠ ᠲᠦᠷᠦᠭᠦᠦ ᠪᠦᠯᠦᠭ ᠠᠰᠫᠢᠷᠠᠨᠲ ᠲᠡᠬᠦᠰᠦᠭᠰᠡᠨ ᠪᠠᠭᠰᠢ ᠴᠤᠬᠤᠮ ᠡᠳᠦᠷ᠎ᠦᠨ ᠤᠳᠤ ᠡᠪᠦᠯ᠎ᠦᠨ ᠴᠡᠴᠡᠭ ᠭᠡᠮᠡᠷᠬᠡᠨ᠂ ᠢᠩᠬᠢᠬᠦᠯᠡᠷ ᠵᠢᠠᠨ ᠠᠶᠠᠨᠳᠠᠭᠠᠨ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠵᠢᠭᠠᠨ ᠰᠤᠷᠭᠠᠯᠳᠠ ᠰᠢᠨᠵᠢᠯᠡᠭᠡ ᠰᠤᠳᠤᠯᠭᠠᠨ᠎ᠤ ᠲᠠᠭᠠᠭᠤᠯᠤᠬᠴᠢ ᠪᠤᠯᠬᠤ ᠨᠢ ᠲᠡᠷᠡ᠃

ᠲᠡᠷᠡ ᠦᠶᠡᠰ᠎ᠲᠦ᠍ ᠨᠠᠰᠤᠨ᠎ᠳᠤ ᠬᠦᠷᠦᠭᠰᠡᠳ᠎ᠦᠨ ᠬᠦᠮᠦᠵᠢᠯ ᠴᠤ᠌ ᠴᠠᠭ᠎ᠤᠨ ᠡᠷᠬᠡ ᠪᠡᠷ ᠮᠡᠨᠳᠦᠯᠡᠪᠡ᠃ ᠲᠠᠮᠪᠢ ᠴᠠᠭ ᠲᠤᠬᠢᠶᠠᠯ᠎ᠢ ᠠᠳᠬᠤᠨ ᠠᠪᠴᠤ᠌ 《ᠮᠤᠩᠭᠤᠯ ᠬᠡᠯᠡᠨ᠎ᠦ ᠠᠯᠪᠠᠨ ᠦᠢᠯᠡᠴᠢᠯᠡᠭᠡ᠎ᠶᠢᠨ ᠵᠠᠬᠢᠳᠠᠯ ᠵᠢᠡᠷ ᠰᠤᠷᠭᠠᠬᠤ ᠠᠩᠭᠢ》᠎ᠶ᠋ᠢ ᠡᠭᠦᠰᠭᠡᠨ ᠡᠷᠬᠢᠯᠡᠭᠡᠳ᠂ ᠦᠷᠭᠡᠨ ᠤᠯᠠᠨ ᠦᠨᠳᠦᠰᠦᠨ ᠱᠠᠳᠤᠨ᠎ᠤ ᠲᠤᠮᠳᠠᠳᠤ ᠪᠠᠭ᠎ᠠ ᠰᠤᠷᠭᠠᠭᠤᠯᠢ᠎ᠶᠢᠨ ᠮᠤᠩᠭᠤᠯ ᠬᠡᠯᠡᠨ᠎ᠦ ᠪᠠᠭᠰᠢᠨᠠᠷ᠎ᠤᠨ ᠲᠠᠪᠳᠠᠨ ᠰᠤᠷᠤᠯᠴᠠᠵᠤ ᠮᠡᠷᠭᠡᠵᠢᠯ ᠵᠢᠠᠨ ᠲᠡᠭᠡᠭᠰᠢᠯᠡᠬᠦᠯᠬᠦ᠌ ᠲᠤᠯᠭᠠᠮ ᠬᠦᠰᠡᠯ ᠱᠠᠭᠠᠷᠳᠠᠯᠭ᠎ᠠ᠎ᠶᠢ ᠬᠠᠩᠭᠠᠬᠰᠠᠨ ᠪᠢᠯᠡ᠃ ᠲᠡᠭᠦᠨ᠎ᠦ 1988 ᠤᠨ᠎ᠳᠤ ᠡᠬᠦᠰᠭᠡᠨ ᠬᠤᠷᠠᠯᠳᠤᠭᠤᠯᠤᠬᠰᠠᠨ 《ᠰᠢᠨ᠎ᠡ ᠴᠠᠭ ᠦᠶ᠎ᠡ᠎ᠶᠢᠨ ᠰᠢᠨᠵᠢᠶᠠᠩ᠎ᠤᠨ ᠮᠤᠩᠭᠤᠯ ᠤᠷᠠᠨ ᠵᠤᠬᠢᠶᠠᠯ᠎ᠤᠨ ᠡᠷᠳᠡᠮ ᠰᠢᠨᠵᠢᠯᠡᠭᠡᠨ᠎ᠦ ᠶᠠᠷᠢᠯᠴᠠᠬᠤ ᠬᠤᠷᠠᠯ》᠎ᠢ᠋ 《ᠰᠢᠨ᠎ᠡ ᠴᠠᠭ ᠦᠶ᠎ᠡ᠎ᠶᠢᠨ ᠰᠢᠨᠵᠢᠶᠠᠩ᠎ᠤᠨ ᠡᠯ᠎ᠡ ᠦᠨᠲᠦᠰᠦᠲᠡᠨ᠎ᠦ ᠤᠷᠠᠨ ᠵᠤᠬᠢᠶᠠᠯ ᠤᠳᠬ᠎ᠠ ᠤᠷᠠᠯᠢᠭ᠎ᠤᠨ ᠲᠦᠷᠦᠭᠦᠦ ᠫᠤᠤ᠎ᠶᠢ ᠲᠠᠯᠪᠢᠯ᠎ᠠ》 ᠭᠡᠵᠦ᠍ ᠦᠪᠡᠷᠳᠡᠭᠡᠨ ᠵᠠᠰᠠᠬᠤ ᠤᠷᠤᠨ᠎ᠤ ᠬᠠᠮᠢᠶ᠎ᠠ ᠪᠦᠬᠦᠢ ᠤᠳᠤᠷᠢᠳᠤᠯᠭ᠎ᠠ ᠦᠨᠲᠦᠷ ᠦᠨᠡᠯᠡᠭᠡ ᠦᠭᠭᠦᠭᠰᠡᠨ ᠪᠠᠢᠳᠠᠭ᠃ ᠲᠡᠬᠦᠨ᠎ᠦ 《ᠤᠢᠷᠠᠳ ᠰᠤᠳᠤᠯᠤᠯ》 ᠎ᠤ᠋ᠨ ᠰᠤᠳᠤᠯᠭᠠᠨ ᠴᠤ᠌  ᠲᠡᠷᠡ ᠦᠶᠡᠰ᠎ᠡᠴᠡ ᠬᠤᠷᠠᠮᠳᠤᠵᠤ ᠡᠬᠢᠯᠡᠭᠰᠡᠨ ᠪᠠᠢᠨ᠎ᠠ᠃

ᠲᠡᠦᠬᠡᠨ ᠮᠠᠲ᠋ᠸᠷᠢᠶᠠᠯ᠎ᠢ ᠦᠨᠳᠦᠰᠦᠯᠡᠪᠡᠯ᠂ 13 ᠳ᠋ᠤᠭᠠᠷ ᠵᠠᠭᠤᠨ᠎ᠳᠤ ᠤᠢᠷᠠᠳ ᠭᠡᠮᠡᠬᠦ᠌ ᠠᠢᠮᠠᠭ ᠪᠦᠯᠦᠭ ᠶᠡᠬᠡ ᠭᠤᠪᠢ᠎ᠶᠢᠨ ᠡᠮᠦᠨ᠎ᠡ ᠤᠮᠠᠷ᠎ᠠ ᠤᠷᠤᠰᠢᠨ ᠠᠮᠢᠲᠤᠷᠠᠵᠤ ᠠᠬᠰᠠᠨ ᠵᠡᠭᠦᠨ ᠮᠤᠩᠭᠤᠯ ᠯᠤᠭ᠎ᠠ ᠲᠠᠭᠤᠨ ᠬᠤᠭᠤᠯᠠᠢ ᠠᠪᠤᠯᠴᠠᠨ᠂ ᠭᠤᠪᠢ᠎ᠶᠢᠨ ᠪᠠᠷᠠᠭᠤᠨᠳᠡᠬᠢ ᠮᠤᠩᠭᠤᠯ ᠬᠡᠮᠡᠨ ᠨᠡᠷᠡᠯᠡᠭᠲᠡᠵᠦ᠍ ᠪᠠᠢᠵᠠᠢ᠃ ᠲᠦᠷᠪᠡᠨ ᠤᠢᠷᠠᠳ᠂ ᠵᠦᠩᠭᠠᠷ ᠬᠠᠨᠳᠤ ᠤᠯᠤᠰ ᠪᠠ ᠲᠤᠷᠭᠤᠳᠴᠤᠳ ᠵᠡᠭᠦᠨᠰᠢ ᠪᠤᠴᠠᠵᠤ ᠢᠷᠡᠭᠰᠡᠨ᠎ᠡᠴᠡ ᠬᠤᠢᠰᠢᠬᠢ  ᠠᠳᠠᠯᠢ ᠪᠤᠰᠤ ᠴᠠᠭ ᠬᠤᠭᠤᠴᠠᠭ᠎ᠠ᠎ᠶᠢ ᠦᠩᠭᠡᠷᠡᠭᠡᠭᠡᠳ ᠪᠠᠷᠠᠭᠤᠨ ᠮᠤᠩᠭᠤᠯ᠂ ᠲᠤᠬᠠᠢᠯᠠᠪᠠᠯ ᠤᠢᠷᠠᠳ ᠮᠤᠩᠭᠤᠯ᠎ᠤᠨ ᠤᠷᠤᠨ ᠪᠦᠰᠡ᠎ᠶᠢᠨ ᠬᠦᠭᠵᠢᠯᠲᠡ᠎ᠶᠢᠨ ᠲᠡᠦᠬᠡ᠎ᠶᠢ ᠨᠡᠬᠡᠭᠡᠪᠡ᠃ ᠪᠠᠷᠠᠭᠤᠨ ᠮᠤᠩᠭᠤᠯ᠎ᠤᠨ ᠲᠡᠦᠬᠡ ᠰᠤᠶᠤᠯ᠎ᠤᠨ ᠰᠤᠳᠤᠯᠭᠠᠨ ᠪᠤᠯ ᠲᠡᠯᠡᠬᠡᠢ᠎ᠶᠢᠨ ᠮᠤᠩᠭᠤᠯ ᠰᠤᠳᠤᠯᠤᠯ᠎ᠤᠨ ᠰᠤᠳᠤᠯᠭᠠᠨ᠎ᠤ ᠴᠢᠬᠤᠯᠠ ᠨᠢᠭᠡᠨ ᠬᠡᠰᠡᠭ ᠪᠤᠯᠤᠨ᠎ᠠ᠃ ᠦᠭᠡᠷᠡᠴᠢᠯᠡᠯᠳᠡ ᠨᠡᠬᠡᠭᠡᠯᠳᠡ᠎ᠡᠴᠡ ᠨᠠᠭᠠᠰᠢ᠂ ᠲᠤᠮᠳᠠᠳᠤ ᠤᠯᠤᠰ᠎ᠤᠨ ᠡᠷᠳᠡᠮ ᠰᠢᠨᠵᠢᠯᠡᠭᠡᠨ᠎ᠦ ᠡᠳᠡᠭᠡᠳ᠎ᠦᠨ ᠬᠢᠨ᠎ᠦ ᠪᠠᠷᠠᠭᠤᠨ ᠮᠤᠩᠭᠤᠯ᠎ᠤᠨ ᠲᠤᠬᠠᠢ ᠰᠤᠳᠤᠯᠭᠠᠨ ᠦᠷᠨᠢᠩᠭᠦᠢ ᠬᠦᠭᠵᠢᠵᠦ᠍᠂ ᠰᠢᠰᠲᠸᠮᠵᠢᠭ᠌ᠰᠡᠨ ᠡᠷᠳᠡᠮ ᠰᠢᠨᠵᠢᠯᠡᠭᠡᠨ᠎ᠦ ᠲᠤᠭᠲᠠᠯᠴᠠᠭ᠎ᠠ ᠢᠳᠡᠭ ᠢᠳᠡᠭ ᠵᠢᠡᠷ ᠪᠦᠷᠢᠯᠳᠦᠭᠰᠡᠨ ᠪᠠᠶ᠋ᠢᠨ᠎ᠠ᠃ 1986 ᠤᠨ᠎ᠳᠤ ᠠᠩᠬᠠᠳᠤᠭᠠᠷ ᠬᠤᠭᠤᠴᠠᠭᠠᠨ᠎ᠤ 《ᠪᠦᠬᠦ᠌ ᠤᠯᠤᠰ᠎ᠤᠨ ᠤᠢᠷᠠᠳ ᠮᠤᠩᠭᠤᠯ᠎ᠤᠨ ᠲᠡᠦᠬᠡ ᠰᠤᠶᠤᠯ᠎ᠤᠨ ᠡᠷᠳᠡᠮ ᠰᠢᠨᠵᠢᠯᠡᠭᠡᠨ᠎ᠦ ᠶᠠᠷᠢᠯᠴᠠᠬᠤ ᠬᠤᠷᠠᠯ》 ᠰᠢᠨᠵᠢᠶᠠᠩ᠎ᠳᠤ ᠬᠤᠷᠠᠯᠳᠤᠬᠰᠠᠨ ᠪᠠ 1988 ᠤᠨ᠎ᠳᠤ ᠰᠢᠨᠵᠢᠶᠠᠩ᠎ᠤᠨ ᠤᠢᠷᠠᠳ ᠮᠤᠩᠭᠤᠯ᠎ᠤᠨ ᠰᠤᠳᠤᠯᠭᠠᠨ᠎ᠤ ᠨᠡᠢᠭᠡᠮᠯᠢᠭ ᠪᠠᠢᠭᠤᠯᠤᠭᠲᠠᠭᠰᠠᠨ ᠵᠢᠠᠷ ᠪᠡᠯᠭᠡ ᠲᠡᠮᠲᠡᠭ ᠪᠤᠯᠭᠠᠵᠤ᠂ ᠰᠢᠨᠵᠢᠶᠠᠩ᠎ᠤᠨ ᠤᠷᠤᠨ ᠨᠤᠲᠤᠭ᠎ᠲᠠᠭᠠᠨ ᠬᠦᠯᠵᠢᠭᠰᠡᠨ 《ᠤᠢᠷᠠᠳ ᠰᠤᠳᠤᠯᠤᠯ》 ᠨᠢ ᠲᠡᠯᠡᠬᠡᠢ᠎ᠶᠢᠨ ᠡᠯ᠎ᠡ ᠭᠠᠵᠠᠷ᠎ᠤᠨ ᠪᠠᠷᠠᠭᠤᠨ ᠮᠤᠩᠭᠤᠯ᠎ᠤᠨ ᠲᠤᠬᠠᠢ ᠰᠤᠳᠤᠯᠭᠠᠨ  ᠯᠤᠭ᠎ᠠ ᠲᠠᠭᠤ ᠬᠤᠭᠤᠯᠠᠢ ᠠᠪᠤᠯᠴᠠᠪᠠ᠃ ᠡᠳᠡᠭᠡᠷ ᠠᠬᠢᠴᠠ ᠲᠤᠮᠲᠠ ᠲᠠᠮᠪᠢ ᠪᠤᠯ ᠴᠢᠬᠤᠯᠠ ᠤᠷᠤᠯᠴᠠᠭᠴᠢ ᠪᠤᠯᠵᠤ ᠶᠠᠪᠤᠬᠰᠠᠨ ᠶᠤᠮ᠃

1992 ᠤᠨ᠎ᠳᠤ ᠲᠤᠬᠠᠢ ᠦᠶ᠎ᠡ᠎ᠶᠢᠨ ᠲᠠᠭᠠᠭᠤᠯᠤᠭᠴᠢ ᠶᠠᠪᠤᠵᠤ ᠠᠬᠰᠠᠨ ᠡᠷᠳᠡᠨᠢ᠂ ᠪᠠᠽᠠᠷ ᠬᠤᠶᠠᠷ ᠪᠠᠭᠰᠢ ᠵᠤᠯ ᠪᠤᠰᠤ ᠪᠡᠷ ᠠᠵᠢᠯ᠎ᠤᠨ ᠪᠠᠢᠷᠢ᠎ᠠᠴᠠ ᠪᠠᠨ ᠰᠠᠯᠵᠤ᠂ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠬᠦᠨᠳᠦ ᠠᠴᠢᠶ᠎ᠠ ᠶᠠᠷᠢᠶᠠᠨ ᠦᠭᠡᠢ ᠲᠠᠮᠪᠢ ᠪᠠᠭᠰᠢ᠎ᠶᠢᠨ ᠮᠦᠷᠦᠨ᠎ᠳᠦ ᠲᠠᠯᠪᠢᠭᠲᠠᠵᠠᠢ᠃ ᠲᠤᠬᠠᠢ ᠦᠶ᠎ᠡ᠎ᠳᠦ ᠲᠡᠷᠡ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠶᠢᠨ ᠳᠡᠳ᠋ ᠡᠷᠬᠢᠯᠡᠭᠴᠢ ᠪᠡᠷ ᠲᠤᠮᠢᠯᠠᠭᠲᠠᠵᠤ᠂ ᠤᠳᠠᠯ ᠦᠭᠡᠢ ᠪᠠᠰᠠ ᠰᠠᠯᠪᠤᠷᠢ᠎ᠶᠢᠨ ᠨᠠᠮ᠎ᠤᠨ ᠶᠡᠷᠦᠩᠬᠡᠢ ᠡᠭᠦᠷ᠎ᠦᠨ ᠱᠦᠵᠢ᠎ᠶᠢᠨ ᠲᠤᠰᠢᠶᠠᠯ᠎ᠢ ᠬᠠᠷᠢᠭᠤᠴᠠᠨ᠂ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠬᠢᠨ ᠵᠢᠠᠨ ᠲᠠᠭᠠᠭᠤᠯᠤᠨ ᠬᠦᠴᠢᠷ ᠪᠡᠷᠬᠡᠰᠢᠶᠡᠯ᠎ᠢ ᠲᠤᠭᠤᠯᠪᠠ᠃ 1998 ᠤᠨ᠎ᠳᠤ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ ᠨᠢ ᠠᠰᠫᠢᠷᠠᠨᠲ ᠡᠯᠰᠡᠬᠦ᠌ ᠡᠷᠭᠦᠳᠡᠯ ᠵᠦᠪᠰᠢᠶᠡᠷᠡᠯ ᠤᠯᠤᠬᠰᠠᠨ ᠨᠢ ᠲᠤᠰ ᠲᠤᠰᠬᠠᠢ ᠮᠡᠷᠭᠡᠵᠢᠯ᠎ᠢ ᠰᠢᠨ᠎ᠡ ᠦᠨᠳᠦᠷᠴᠡ᠎ᠳᠦ ᠲᠡᠪᠰᠢᠭᠦᠯᠵᠡᠢ᠃ 1992 ᠤᠨ᠎ᠠᠴᠠ 2001 ᠤᠨ ᠬᠦᠷᠲᠡᠯ᠎ᠡ ᠲᠠᠮᠪᠢ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠢ ᠪᠦᠭᠦᠲᠡ ᠬᠠᠷᠢᠭᠤᠴᠠᠵᠤ ᠪᠠᠢᠬᠰᠠᠨ ᠴᠠᠭ ᠬᠤᠭᠤᠴᠠᠭ᠎ᠠ᠎ᠶᠢ ᠰᠢᠨᠵᠢᠶᠠᠩ᠎ᠤᠨ ᠮᠤᠩᠭᠤᠯ ᠰᠤᠳᠤᠯᠤᠯ᠎ᠤᠨ ᠡᠳᠡᠭᠡᠳ᠎ᠦᠨ ᠬᠢᠨᠢ 《ᠲᠠᠮᠪᠢ᠎ᠶᠢᠨ ᠦᠶ᠎ᠡ》 ᠬᠡᠮᠡᠨ ᠨᠡᠷᠡᠯᠡᠭᠰᠡᠨ ᠪᠠᠢᠳᠠᠭ᠃ ᠲᠡᠷᠡ ᠬᠤᠭᠤᠷᠤᠨᠳᠤ ᠪᠢ ᠶᠠᠭ ᠡᠷᠳᠡᠮ᠎ᠦᠨ ᠴᠤᠯᠠ ᠬᠦᠭᠡᠭᠡᠴᠡᠯᠳᠦᠨ  ᠪᠡᠭᠡᠵᠢᠩ  ᠶᠡᠬᠡ ᠰᠤᠷᠭᠠᠭᠤᠯᠢ᠎ᠳᠤ ᠰᠤᠷᠴᠤ᠌ ᠠᠬᠰᠠᠨ ᠪᠤᠯᠬᠤᠷ᠂ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠰᠤᠴᠢᠭᠠᠮ᠎ᠠ ᠬᠦᠭᠵᠢᠯᠳᠡ᠎ᠶᠢᠨ ᠶᠠᠪᠤᠴᠠ᠎ᠶᠢ ᠰᠠᠢᠨ ᠮᠡᠳᠡᠬᠦ᠌ ᠦᠭᠡᠢ᠃ ᠭᠡᠪᠡᠴᠦ᠍ 1996 ᠤᠨ᠎ᠤ ᠵᠤᠨ᠎ᠤ ᠠᠮᠠᠷᠠᠯᠳᠠ᠎ᠳᠤ ᠪᠢ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠠᠭᠠᠨ ᠬᠠᠷᠢᠭᠠᠳ᠂ ᠴᠢᠪ ᠬᠡᠮᠡᠨ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ ᠡᠬᠦᠰᠭᠡᠨ ᠪᠠᠢᠭᠤᠯᠤᠭᠳᠠᠬᠰᠠᠨ 15 ᠵᠢᠯ᠎ᠦᠨ ᠤᠢ ᠪᠠᠨ ᠲᠤᠷᠠᠰᠬᠠᠨ ᠲᠡᠮᠲᠡᠭᠯᠡᠬᠦ᠌ ᠠᠵᠢᠯᠯᠠᠭ᠎ᠠ ᠬᠢᠬᠦ᠌ ᠲᠠᠢ ᠬᠠᠷᠭᠤᠵᠤ ᠤᠷᠤᠯᠴᠠᠬᠰᠠᠨ ᠰᠠᠨ᠂ ᠨᠦᠭᠦᠭᠡ ᠠᠯᠳᠠ ᠰᠠᠭᠤᠯᠭᠠᠬᠰᠠᠨ ᠦᠰᠦᠭ ᠲᠠᠢ ᠪᠢᠴᠢᠭ ᠮᠠᠲᠸᠷᠢᠶᠠᠯ᠎ᠤᠨ ᠬᠠᠪᠢᠰᠤ᠎ᠶᠢ ᠪᠢ ᠤᠳᠤ ᠪᠤᠯᠳᠠᠯ᠎ᠠ ᠬᠠᠳᠠᠭᠠᠯᠠᠭᠰᠠᠭᠠᠷ ᠪᠠᠢᠭ᠎ᠠ᠃ ᠲᠡᠷᠡ ᠨᠢ ᠰᠠᠨᠠᠮᠰᠠᠷ ᠦᠭᠡᠢ 《ᠲᠠᠮᠪᠢ᠎ᠶᠢᠨ ᠦᠶ᠎ᠡ》 ᠎ᠶ᠋ᠢᠨ ᠭᠡᠷᠡᠴᠢᠯᠡᠯ ᠪᠤᠯᠵᠤ ᠬᠤᠴᠤᠷᠪᠠ᠃

ᠲᠦᠷᠪᠡ

2002 ᠤᠨ᠎ᠳᠤ ᠪᠢ ᠰᠤᠷᠤᠯᠭ᠎ᠠ ᠪᠠᠨ ᠲᠦᠭᠦᠷᠭᠡᠭᠡᠳ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠠᠭᠠᠨ ᠪᠤᠴᠠᠵᠤ ᠢᠷᠡᠬᠦ᠌᠎ᠳᠦ᠂ ᠲᠤᠮᠳᠠᠳᠤ᠎ᠶᠢᠨ ᠤᠳᠬ᠎ᠠ ᠵᠤᠬᠢᠶᠠᠯ᠎ᠤᠨ ᠰᠠᠯᠪᠤᠷᠢ᠎ᠨᠢ ᠲᠤᠮᠳᠠᠳᠤ᠎ᠶᠢᠨ ᠬᠡᠯᠡᠨ᠎ᠦ ᠰᠠᠯᠪᠤᠷᠢ᠂ ᠲᠡᠦᠬᠡ᠎ᠶᠢᠨ ᠰᠠᠯᠪᠤᠷᠢ ᠵᠡᠷᠭᠡ ᠪᠠᠢᠭᠤᠯᠤᠮᠵᠢ ᠨᠡᠢᠯᠡᠭᠡᠳ ᠬᠦᠮᠦᠨ ᠨᠡᠢᠭᠡᠮ᠎ᠤ᠋ᠨ ᠲᠡᠭᠡᠳᠦ ᠰᠤᠷᠭᠠᠭᠤᠯᠢ ᠪᠤᠯᠪᠠ᠃ ᠲᠠᠮᠪᠢ ᠭᠤᠸᠠᠢ ᠲᠤᠮᠳᠠᠳᠤ᠎ᠶᠢᠨ ᠬᠡᠯᠡ ᠤᠳᠬ᠎ᠠ ᠵᠤᠬᠢᠶᠠᠯ᠎ᠤᠨ ᠰᠠᠯᠪᠤᠷᠢ᠎ᠶᠢᠨ ᠤᠳᠤᠷᠢᠳᠤᠯᠭ᠎ᠠ᠎ᠶᠢᠨ ᠪᠠᠢᠷᠢ᠎ᠠᠴᠠ ᠪᠠᠨ ᠴᠢᠯᠦᠭᠡᠯᠡᠭᠲᠡᠵᠦ᠍᠂ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠵᠢᠭᠠᠨ ᠰᠤᠷᠭᠠᠯᠳᠠ᠂ ᠰᠢᠨᠵᠢᠯᠡᠭᠡ ᠰᠤᠳᠤᠯᠭᠠᠨ᠎ᠳᠠᠭᠠᠨ ᠰᠡᠳᠭᠢᠯ ᠰᠢᠭᠤᠳᠪᠠ᠃ ᠡᠨᠡ ᠦᠶᠡᠰ᠎ᠲᠦ᠍ ᠮᠤᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠠᠭᠤᠷ ᠠᠮᠢᠰᠬᠤᠯ ᠨᠢᠭᠡᠨᠳᠡ ᠪᠦᠷᠢᠯᠳᠦᠵᠡᠢ᠃ ᠲᠡᠬᠦᠨ᠎ᠦ ᠲᠦᠰᠦᠪᠯᠡᠭᠰᠡᠨ ᠭᠤᠷᠪᠠᠨ ᠲᠤᠰᠬᠠᠢ ᠮᠡᠷᠭᠡᠵᠢᠯ᠎ᠦᠨ ᠴᠢᠭᠯᠡᠯ᠄ ᠲᠤᠤᠯᠢ 《ᠵᠠᠩᠭᠠᠷ》 ᠬᠢᠭᠡᠳ ᠤᠢᠷᠠᠳ ᠮᠤᠩᠭᠤᠯ᠎ᠤᠨ ᠤᠷᠠᠨ ᠵᠤᠬᠢᠶᠠᠯ᠂ ᠤᠢᠷᠠᠳ ᠨᠤᠳᠤᠭ᠎ᠤᠨ ᠠᠪᠢᠶ᠎ᠠ ᠬᠢᠭᠡᠳ ᠲᠤᠳᠤ ᠦᠰᠦᠭ᠂ ᠤᠢᠷᠠᠳ ᠮᠤᠩᠭᠤᠯ ᠵᠠᠩ ᠦᠢᠯᠡ᠎ᠶᠢᠨ ᠰᠤᠳᠤᠯᠭᠠᠨ — ᠲᠡᠬᠦᠨ᠎ᠦ ᠪᠤᠳᠤᠯ ᠰᠡᠳᠭᠢᠯ ᠲᠤᠳᠤᠷᠠᠬᠢ ᠲᠤᠮᠳᠠᠳᠤ ᠤᠯᠤᠰ᠎ᠤᠨ ᠪᠠᠷᠠᠭᠤᠨ ᠪᠦᠰᠡ᠎ᠶᠢᠨ ᠤᠨᠴᠠᠯᠢᠭ ᠪᠦᠬᠦᠢ ᠮᠤᠩᠭᠤᠯ ᠰᠤᠳᠤᠯᠤᠯ᠎ᠤᠨ 《ᠤᠢᠷᠠᠳ ᠰᠤᠳᠤᠯᠭᠠᠨ》 ᠎ᠤ᠋ ᠦᠨᠲᠦᠰᠦᠨ ᠪᠤᠷᠤ ᠲᠦᠯᠦᠪ ᠪᠦᠷᠢᠯᠳᠦᠭᠰᠡᠨ ᠪᠠᠢᠨ᠎ᠠ᠃

ᠲᠠᠮᠪᠢ᠎ᠶᠢᠨ ᠠᠩᠬᠠᠨ᠎ᠤ ᠦᠶ᠎ᠡ᠎ᠶᠢᠨ ᠤᠷᠠᠨ ᠵᠤᠬᠢᠶᠠᠯ᠎ᠤᠨ ᠰᠢᠭᠦᠮᠵᠢ ᠦᠭᠦᠯᠡᠯ᠂ ᠵᠢᠱ᠌ᠢᠶᠡᠯᠡᠪᠡᠯ᠄《ᠵᠡᠭᠦᠨ ᠮᠤᠩᠭᠤᠯ᠎ᠤᠨ ᠦᠯᠢᠭᠡᠷᠴᠢᠯᠡᠭᠰᠡᠨ ᠠᠷᠠᠳ᠎ᠤᠨ ᠲᠠᠭᠤᠤ ᠨᠤᠭᠤᠳ᠎ᠤᠨ ᠤᠷᠠᠨ ᠵᠤᠬᠢᠶᠠᠯ᠎ᠤᠨ ᠰᠤᠳᠤᠯᠭᠠᠨ》᠂ 《 ᠪᠠᠳᠪᠠ᠎ᠶᠢᠨ ᠦᠭᠦᠯᠡᠯᠭᠡ᠎ᠶᠢᠨ ᠵᠤᠬᠢᠶᠠᠨ ᠪᠦᠲᠦᠭᠡᠯᠭᠡ᠎ᠡᠴᠡ 〈ᠬᠤᠷᠴᠢᠨ ᠬᠡᠪ ᠨᠠᠮᠪᠠ〉᠎ᠶ᠋ᠢ ᠰᠢᠨᠵᠢᠬᠦ᠌ ᠨᠢ》 ᠵᠡᠷᠭᠡ ᠨᠢ  ᠴᠦᠮ ᠲᠡᠭᠦᠨ᠎ᠤ ᠡᠷᠳᠡᠮ ᠰᠢᠨᠵᠢᠯᠡᠭᠡᠨ᠎ᠦ ᠰᠤᠳᠤᠯᠭᠠᠨ ᠨᠢ ᠦᠪᠦᠷ ᠮᠤᠩᠭᠤᠯ ᠤᠷᠤᠨ ᠪᠦᠰᠡ᠎ᠶᠢᠨ ᠤᠨᠴᠠᠯᠢᠭ᠎ᠢ ᠬᠠᠷᠠᠭᠤᠯᠵᠤ  ᠪᠠᠶ᠋ᠢᠬᠰᠠᠨ ᠪᠤᠯ᠂ ᠬᠤᠵᠢᠮ ᠨᠢ ᠲᠡᠷᠡ ᠪᠡᠷ ᠲᠠᠯ᠎ᠠ ᠨᠤᠳᠤᠭ᠎ᠤᠨ ᠤᠳᠤᠷᠴᠢᠨ ᠮᠡᠳᠦ ᠪᠡᠷ ᠪᠠᠷᠠᠭᠤᠨᠰᠢ ᠨᠡᠭᠦᠲᠡᠯᠯᠡᠵᠤ᠂ ᠰᠢᠨᠵᠢᠶᠠᠩ ᠤᠷᠤᠨ᠎ᠤ ᠮᠤᠩᠭᠤᠯ ᠰᠤᠳᠤᠯᠤᠯ᠎ᠤᠨ ᠬᠦᠭᠵᠢᠯᠳᠡ᠎ᠶᠢᠨ ᠲᠦᠯᠦᠭᠡ ᠰᠤᠳᠤᠯᠭᠠᠨ᠎ᠤ ᠴᠢᠭᠯᠡᠯ ᠵᠢᠠᠨ 《ᠤᠢᠷᠠᠳ ᠰᠤᠳᠤᠯᠤᠯ》  ᠬᠡᠮᠡᠬᠦ᠌ ᠡᠭᠦᠲᠦᠯᠳᠡ᠎ᠶᠢᠨ ᠴᠢᠨᠠᠷᠲᠠᠢ ᠦᠢᠯᠡᠰ ᠲᠡᠭᠡᠷ᠎ᠡ ᠰᠢᠯᠵᠢᠬᠦᠯᠪᠡ᠃ ᠲᠡᠬᠦᠨ᠎ᠦ ᠲᠤᠭᠤᠷᠪᠢᠨ ᠵᠤᠬᠢᠶᠠᠬᠰᠠᠨ 《ᠤᠢᠷᠠᠳ ᠮᠤᠩᠭᠤᠯ᠎ᠤᠨ ᠡᠷᠲᠡᠨ᠎ᠦ ᠤᠷᠠᠨ ᠵᠤᠬᠢᠶᠠᠯ᠎ᠤᠨ ᠲᠤᠪᠴᠢᠶ᠎ᠠ》᠂ ᠭᠤᠤᠯᠯᠠᠨ ᠨᠠᠢᠷᠠᠭᠤᠯᠤᠬᠰᠠᠨ 《ᠤᠢᠷᠠᠳ ᠮᠤᠩᠭᠤᠯ᠎ᠤᠨ ᠤᠳᠤ ᠦᠶ᠎ᠡ᠎ᠶᠢᠨ ᠤᠷᠠᠨ ᠵᠤᠬᠢᠶᠠᠯ᠎ᠤᠨ ᠲᠡᠦᠭᠡ》 ᠨᠢ ᠡᠨᠡ ᠬᠦ᠌ ᠬᠦᠷᠢᠶ᠎ᠡ ᠴᠠᠷᠠᠭᠠᠨ᠎ᠳᠠᠬᠢ ᠰᠠᠭᠤᠷᠢᠯᠠᠭᠴᠢ ᠪᠦᠲᠦᠭᠡᠯ ᠪᠤᠯᠤᠬᠰᠠᠨ ᠨᠢ ᠮᠠᠳᠠᠭ ᠦᠭᠡᠢ᠃ 《ᠤᠢᠷᠠᠳ ᠮᠤᠩᠭᠤᠯ᠎ᠤᠨ ᠡᠷᠲᠡᠨ᠎ᠦ ᠤᠷᠠᠨ ᠵᠤᠬᠢᠶᠠᠯ᠎ᠤᠨ  ᠲᠤᠪᠴᠢᠶ᠎ᠠ》 ᠨᠢ ᠲᠤᠮᠳᠠᠳᠤ ᠤᠯᠤᠰ᠎ᠤᠨ ᠲᠡᠭᠡᠳᠦ ᠰᠤᠷᠭᠠᠭᠤᠯᠢ᠎ᠶᠢᠨ ᠵᠢᠭᠠᠬᠤ ᠮᠠᠲᠸᠷᠢᠶᠠᠯ ᠪᠤᠯᠤᠬᠰᠠᠨ ᠲᠡᠳᠦᠢ ᠦᠭᠡᠢ᠂ ᠪᠠᠰᠠ ᠺᠢᠷᠢᠯᠴᠢᠯᠡᠭᠳᠡᠭᠡᠳ ᠮᠤᠩᠭᠤᠯ ᠤᠯᠤᠰ᠎ᠲᠤ ᠬᠡᠪᠯᠡᠭᠲᠡᠭᠰᠡᠨ ᠪᠠᠢᠨ᠎ᠠ᠃ ᠲᠡᠬᠦᠨ᠎ᠦ ᠤᠯᠠᠩᠭᠢ ᠦᠭᠦᠯᠡᠯ ᠵᠤᠬᠢᠶᠠᠯ᠎ᠤᠨ ᠲᠠᠯ᠎ᠠ ᠪᠡᠷ  ᠪᠢ ᠦᠨᠡᠨ ᠳ᠋ᠡᠬᠡᠨ ᠦᠭᠡ ᠬᠡᠯᠡᠬᠦ᠌ ᠡᠷᠬᠡ ᠪᠠᠢᠬᠤ ᠦᠭᠡᠢ᠂ ᠭᠡᠪᠡᠴᠤ᠌ ᠪᠢ ᠲᠡᠭᠦᠨ ᠲᠠᠢ ᠪᠤᠯᠵᠤᠵᠤ ᠪᠢᠴᠢᠭᠦᠯᠦᠭᠰᠡᠨ ᠵᠤᠬᠢᠶᠠᠯ᠎ᠠᠴᠠ ᠨᠢ ᠲᠡᠭᠦᠨ᠎ᠦ ᠤᠢᠷᠠᠳ ᠰᠤᠳᠤᠯᠭᠠᠨ᠎ᠤ ᠬᠦᠷᠢᠶᠡᠨ᠎ᠳᠡᠬᠢ ᠪᠢᠴᠢᠭ᠎ᠦᠨ ᠡᠷᠳᠡᠮ ᠲᠡᠦᠬᠡ᠎ᠶᠢᠨ ᠮᠡᠳᠡᠯᠭᠡ᠎ᠶᠢ ᠨᠢ ᠤᠯᠵᠤ ᠮᠡᠳᠡᠭᠰᠡᠨ ᠪᠢᠯᠡ᠃

ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠠᠭᠠᠨ ᠪᠤᠴᠠᠭᠰᠠᠨ ᠬᠤᠢᠨ᠎ᠠ ᠪᠢ ᠬᠦᠮᠦᠨ ᠨᠡᠢᠭᠡᠮ᠎ᠤ᠋ᠨ ᠲᠡᠭᠡᠳᠦ ᠰᠤᠷᠭᠠᠭᠤᠯᠢ᠎ᠶᠢᠨ ᠰᠤᠶᠤᠯ ᠲᠡᠦᠬᠡ ᠲᠤᠰᠬᠠᠢ ᠮᠡᠷᠭᠡᠵᠢᠯ᠎ᠦᠨ ᠰᠢᠨᠵᠢᠯᠡᠭᠡ ᠰᠤᠳᠤᠯᠭᠠᠨ᠎ᠤ ᠠᠵᠢᠯ᠎ᠢ ᠲᠠᠭᠠᠭᠠᠪᠠ᠃ ᠡᠨᠡ ᠦᠶᠡᠰ ᠲᠸ᠋ ᠰᠢᠤᠸᠠᠢ ᠲᠢᠶᠠᠨ ᠸᠸᠢ ᠪᠠᠭᠰᠢ 《ᠰᠤᠶᠤᠯ ᠲᠡᠦᠬᠡ ᠮᠡᠳᠡᠯᠭᠡ》 ᠰᠡᠳᠭᠦᠯ᠎ᠦᠨ ᠨᠠᠢᠷᠠᠭᠤᠯᠬᠤ ᠬᠡᠯᠲᠡᠰ ᠯᠤᠭᠡ ᠬᠤᠯᠪᠤᠭ᠎ᠠ ᠪᠠᠷᠢᠭᠠᠳ᠂ ᠮᠠᠨ᠎ᠤ ᠲᠡᠭᠡᠳᠦ ᠰᠤᠷᠭᠠᠭᠤᠯᠢ ᠲᠤᠯᠤᠭᠠᠢᠯᠠᠵᠤ ᠨᠢᠭᠡ ᠬᠤᠭᠤᠴᠠᠭᠠᠨ᠎ᠤ 《ᠪᠠᠷᠠᠭᠤᠨ ᠬᠢᠵᠠᠭᠠᠷ᠎ᠤᠨ ᠰᠤᠶᠤᠯ》 ᠎ᠤ᠋ᠨ ᠲᠤᠰᠬᠠᠢ ᠳ᠋ᠤᠭᠠᠷ ᠵᠤᠬᠢᠶᠠᠨ ᠪᠠᠢᠭᠤᠯᠬᠤ ᠪᠡᠷ  ᠬᠡᠯᠡᠯᠴᠡᠨ ᠲᠤᠬᠢᠷᠠᠵᠤ᠂ ᠡᠬᠡ ᠪᠢᠴᠢᠭ ᠪᠤᠯᠵᠤᠬᠤ  ᠪᠤᠳᠠᠳᠤ ᠡᠭᠦᠷᠭᠡ᠎ᠶᠢ ᠨᠠᠮ᠎ᠠ ᠪᠡᠷ ᠬᠠᠷᠢᠭᠤᠴᠠᠭᠤᠯᠵᠠᠢ᠃ ᠪᠢᠳᠠ ᠲᠠᠮᠪᠢ ᠪᠠᠭᠰᠢ ᠪᠠᠷ 《ᠲᠤᠷᠭᠤᠳᠴᠤᠳ ᠵᠡᠬᠦᠨᠰᠢ ᠪᠤᠴᠠᠬᠰᠠᠨ》 ᠰᠡᠳᠦᠪ ᠵᠢᠡᠷ ᠵᠤᠬᠢᠶᠠᠯ ᠪᠢᠴᠢᠭᠦᠯᠬᠦ᠌ ᠪᠡᠷ ᠪᠤᠯᠵᠤᠪᠠ᠃ ᠮᠡᠳᠡᠯᠭᠡ᠎ᠶᠢᠨ ᠴᠢᠨᠠᠷᠲᠠᠢ ᠲᠠᠨᠢᠯᠴᠠᠭᠤᠯᠭ᠎ᠠ᠎ᠶᠢᠨ ᠵᠤᠬᠢᠶᠠᠯ ᠪᠢᠴᠢᠬᠦ᠌ ᠨᠢ ᠲᠡᠬᠦᠨ᠎ᠳᠦ ᠠᠪᠴᠤ᠌ ᠬᠡᠯᠡᠪᠡᠯ ᠬᠤᠷᠤᠭᠤᠨ ᠦᠵᠦᠭᠦᠷ ᠬᠤᠮ ᠫᠠᠳ ᠡ᠃ ᠤᠳᠠᠬᠰᠠᠨ ᠦᠭᠡᠢ᠂ 《ᠤᠪᠠᠰᠢ᠎ᠶᠢᠨ ᠱᠤᠭᠤᠮᠠᠯ ᠬᠦᠷᠦᠭ᠎ᠦᠨ ᠡᠮᠦᠨ᠎ᠡ》 ᠭᠡᠰᠡᠨ 3000 ᠲᠦᠯᠬᠢᠭᠦᠦ ᠦᠰᠦᠭ ᠲᠠᠢ ᠵᠤᠬᠢᠶᠠᠯ ᠮᠢᠨᠤ ᠢᠮᠸᠯ ᠵᠢᠠᠷ ᠤᠷᠤᠭᠠᠳ ᠢᠷᠡᠪᠡ᠃ ᠦᠭᠡ ᠦᠭᠦᠯᠡᠪᠦᠷᠢ ᠴᠡᠪᠡᠷ ᠴᠡᠭᠴᠡᠬᠡᠨ᠂ ᠬᠡᠯᠡ ᠬᠡᠯᠡᠯᠭᠡ ᠤᠷᠤᠰᠤᠮ᠎ᠠ ᠰᠠᠢᠬᠠᠨ᠃ ᠵᠡᠭᠦᠨᠰᠢ ᠪᠤᠴᠠᠭᠰᠠᠨ᠎ᠢ ᠪᠢᠴᠢᠬᠦ᠌ ᠳ᠋ᠡᠬᠡᠨ ᠦᠷᠦᠨᠡᠰᠢ ᠨᠡᠭᠦᠲᠡᠯᠯᠡᠭᠰᠡᠨ ᠲᠡᠦᠬᠡ ᠦᠩᠭᠡᠷᠡᠯᠳᠡ᠎ᠶᠢ ᠴᠤ᠌ ᠴᠤᠬᠤᠰ ᠲᠤᠰᠢᠶᠠᠭᠰᠠᠨ ᠪᠦᠭᠡᠳ ᠪᠠᠰᠠ ᠦᠷᠦᠨᠡᠳᠠᠬᠢᠨ᠎ᠤ ᠡᠷᠳᠡᠮᠲᠡᠳ᠎ᠦᠨ ᠲᠤᠷᠭᠤᠳᠴᠤᠳ ᠵᠡᠬᠦᠨᠰᠢ ᠪᠤᠴᠠᠬᠰᠠᠨ ᠲᠤᠬᠠᠢ ᠦᠭᠦᠯᠡᠯᠳᠡ᠎ᠶᠢ ᠡᠰᠢᠯᠡᠨ᠂ ᠵᠡᠭᠦᠨᠰᠢ ᠪᠤᠴᠠᠬᠰᠠᠨ ᠲᠡᠦᠬᠡᠨ ᠶᠠᠪᠤᠴᠠ᠎ᠳᠤ ᠢᠯᠡᠷᠡᠭᠰᠡᠨ ᠲᠤᠷᠭᠤᠳᠴᠤᠳ᠎ᠤᠨ ᠡᠬᠡ ᠤᠷᠤᠨ ᠵᠢᠠᠨ ᠭᠡᠰᠡᠨ ᠲᠡᠮᠡᠦᠯᠤᠯ ᠬᠦᠴᠦ᠍᠂ ᠦᠨᠲᠦᠰᠦᠲᠡᠨ᠎ᠦ ᠪᠦᠯᠬᠦᠮᠲᠡᠯ᠎ᠦᠨ ᠵᠤᠷᠢᠭ ᠰᠠᠨᠠᠭ᠎ᠠ᠎ᠶᠢ ᠰᠢᠭᠤᠳ  ᠵᠢᠭᠠᠵᠤ ᠭᠠᠷᠭᠠᠪᠠ᠃ ᠡᠢᠨ ᠬᠦ᠌ ᠲᠦᠭᠡᠮᠡᠯ ᠴᠢᠨᠠᠷᠳᠠᠢ ᠵᠤᠬᠢᠶᠠᠯ᠎ᠤᠨ ᠠᠷᠤ᠎ᠳᠤ ᠲᠠᠮᠪᠢ ᠫᠷᠤᠹᠸᠰᠰᠤᠷ᠎ᠤᠨ ᠰᠤᠷᠪᠤᠯᠵᠢ ᠪᠢᠴᠢᠭ᠎ᠦᠨ ᠲᠠᠯ᠎ᠠ ᠪᠡᠷ ᠬᠢ ᠰᠢᠮᠳᠠᠯᠲᠠᠢ ᠰᠤᠳᠤᠯᠭ᠎ᠠ᠂ ᠲᠡᠦᠬᠡ᠎ᠶᠢᠨ ᠮᠡᠳᠡᠯᠭᠡ᠎ᠶᠢᠨ ᠪᠠᠶᠠᠯᠢᠭ ᠬᠤᠷᠠᠮᠳᠤᠯ᠂ ᠲᠡᠦᠬᠡ᠎ᠶᠢᠨ ᠦᠵᠡᠭᠲᠡᠯ᠎ᠦᠨ ᠲᠤᠬᠠᠢ ᠭᠦᠨᠵᠡᠭᠡᠢ ᠲᠠᠨᠢᠬᠤᠢ ᠮᠡᠳᠡᠬᠦᠢ ᠪᠤᠢ ᠭᠡᠲᠡᠭ᠎ᠢ ᠪᠢ ᠭᠠᠳᠠᠷᠯᠠᠪᠠ᠃

ᠲᠠᠪᠤ

2002 ᠤᠨ᠎ᠠᠴᠠ 2010 ᠤᠨ ᠪᠤᠯᠳᠠᠯ᠎ᠠ᠂ ᠪᠢ ᠰᠢᠨᠵᠢᠶᠠᠩ᠎ᠤᠨ ᠪᠠᠭᠰᠢ᠎ᠶᠢᠨ ᠶᠡᠬᠡ ᠰᠤᠷᠭᠠᠭᠤᠯᠢ᠎ᠳᠠᠭᠠᠨ ᠪᠤᠴᠠᠭᠰᠠᠨ ᠡᠴᠡ ᠲᠠᠷᠠᠭᠠᠬᠢ 8 ᠵᠢᠯ᠎ᠦᠨ ᠬᠤᠭᠤᠷᠤᠨᠳᠤ ᠲᠠᠮᠪᠢ ᠪᠠᠭᠰᠢ ᠪᠢᠲᠠ ᠬᠤᠶᠠᠷ᠎ᠤᠯᠠᠮ ᠲᠤᠳᠤᠨᠤᠰᠤᠭ ᠶᠠᠪᠤᠯᠴᠠᠳᠠᠭ ᠪᠠᠢᠬᠰᠠᠨ᠃ ᠲᠡᠷᠡ ᠬᠠᠶᠠ᠎ᠳᠠᠭᠠᠨ ᠮᠢᠨᠤ ᠭᠡᠷ᠎ᠲᠦ᠍ ᠠᠢᠯᠴᠢᠯᠠᠵᠤ ᠬᠦᠷᠳᠡᠭ᠂ ᠬᠤᠶᠠᠭᠤᠯᠠ ᠡᠷᠳᠡᠮ ᠠᠰᠠᠭᠤᠯᠭ᠎ᠠ᠎ᠶᠢᠨ ᠲᠠᠯ᠎ᠠ ᠪᠠᠷ ᠰᠦᠪᠡᠭᠴᠢᠯᠡᠵᠦ᠍ ᠶᠠᠷᠢᠯᠴᠠᠳᠠᠭ᠃ ᠲᠡᠷᠡ ᠸᠠᠩ ᠮᠢᠩ ᠺᠸ᠎ᠶᠢᠨ 《ᠪᠠᠭᠠᠳᠤᠷᠯᠢᠭ ᠡᠪᠦᠭᠡ ᠲᠡᠭᠡᠳᠦᠰ ᠬᠢᠭᠡᠳ ᠠᠬ᠎ᠠ ᠲᠡᠭᠦᠦ ᠦᠨᠳᠦᠰᠦᠲᠡᠨ》 ᠭᠡᠬᠦ᠌ ᠨᠤᠮ᠎ᠢ ᠵᠢᠭᠡᠯᠡᠵᠦ᠍ ᠠᠪᠠᠴᠢᠭᠠᠳ ᠲᠡᠬᠦᠨ᠎ᠦ ᠲᠡᠨᠳᠡ ᠤᠳᠠᠭᠠᠨ ᠲᠠᠯᠪᠢᠬᠰᠠᠨ ᠶᠤᠮ ᠳ᠋ᠠ᠃ ᠡᠢᠨ ᠬᠦ᠌ ᠡᠮᠦᠨ᠎ᠡ ᠦᠵᠦ᠎ᠶᠢᠨ ᠵᠤᠬᠢᠶᠠᠯ ᠪᠦᠲᠦᠭᠡᠯ ᠲᠡᠬᠦᠨ᠎ᠦ ᠰᠢᠨ᠎ᠡ ᠨᠤᠮ᠎ᠳᠤ ᠰᠢᠮ᠎ᠡ ᠲᠡᠵᠢᠭᠡᠯ ᠦᠭᠬᠦ᠌ ᠨᠢ ᠯᠠᠪᠳᠠᠢ᠃ ᠤᠳᠠᠭᠠᠨ ᠵᠢᠯ᠎ᠦᠨ ᠰᠤᠳᠤᠯᠭ᠎ᠠ ᠪᠠᠷ ᠲᠠᠮᠵᠢᠭᠠᠳ᠂ ᠲᠡᠦᠬᠡ᠎ᠶᠢᠨ ᠰᠤᠷᠪᠤᠯᠵᠢ ᠪᠢᠴᠢᠭ᠎ᠢ ᠴᠢᠬᠤᠯᠠᠴᠢᠯᠠᠬᠤ ᠬᠡᠮᠵᠢᠶ᠎ᠡ ᠨᠢ ᠲᠡᠬᠦᠨ᠎ᠦ ᠡᠷᠳᠡᠮ ᠰᠢᠨᠵᠢᠯᠡᠭᠡ᠎ᠶᠢ ᠦᠨᠡᠯᠡᠬᠦ᠌ ᠴᠢᠬᠤᠯᠠ ᠪᠠᠷᠢᠮᠵᠢᠶ᠎ᠠ ᠪᠤᠯᠵᠠᠢ᠃ ᠶᠠᠭ ᠡᠢᠨ ᠬᠦ᠌ ᠰᠤᠷᠪᠤᠯᠵᠢ ᠪᠢᠴᠢᠭ᠎ᠦᠨ ᠲᠠᠨᠢᠬᠤᠢ ᠨᠢ ᠲᠡᠭᠦᠨ᠎ᠢ 《ᠤᠨ ᠰᠠᠷ᠎ᠠ᠎ᠶᠢᠨ ᠤᠷᠤᠰᠬᠠᠯ》 ᠨᠤᠮ᠎ᠳᠠᠭᠠᠨ ᠤᠢᠷᠠᠳ ᠰᠤᠳᠤᠯᠤᠯ᠎ᠤᠨ ᠲᠤᠬᠠᠢ ᠲᠠᠨᠢᠯᠲᠠ ᠪᠠᠨ ᠤᠯᠠᠮ ᠪᠦᠷᠢᠨᠰᠢᠬᠦᠯᠦᠭᠰᠡᠨ ᠪᠠᠢᠨ᠎ᠠ ᠃

2011 ᠤᠨ᠎ᠳ᠋ᠤ᠂ ᠪᠢ ᠪᠡᠭᠡᠵᠢᠩ ᠶᠡᠬᠡ ᠰᠤᠷᠭᠠᠭᠤᠯᠢ᠎ᠳᠤ ᠠᠵᠢᠯ ᠰᠢᠯᠵᠢᠨ ᠶᠠᠪᠤᠬᠤ ᠦᠶᠡᠰ᠎ᠲᠦ᠍᠂ ᠲᠠᠮᠪᠢ ᠪᠠᠭᠰᠢ ᠬᠦᠨᠳᠦ᠎ᠶᠢᠨ ᠶᠤᠰᠤ ᠪᠠᠷ ᠨᠠᠳᠠᠳᠤ ᠪᠠᠭᠠᠷᠢᠨ ᠲᠡᠨᠢᠭᠡᠷ ᠴᠢᠯᠠᠭᠤᠨ ᠲᠠᠮᠠᠭ᠎ᠠ ᠪᠡᠯᠡᠭᠯᠡᠪᠡ᠃ ᠬᠡᠳᠦᠨ ᠵᠢᠯ᠎ᠦᠨ ᠡᠮᠦᠨ᠎ᠡ ᠪᠢ ᠲᠡᠬᠦᠨ᠎ᠳᠦ ᠨᠤᠮ ᠬᠠᠳᠠᠭᠠᠯᠠᠬᠤ ᠲᠠᠮᠠᠭ᠎ᠠ ᠰᠡᠢᠯᠵᠦ᠍ ᠦᠭᠭᠦᠭᠰᠡᠨ ᠪᠠᠢᠳᠠᠭ᠂ ᠦᠨᠦᠳᠦᠷ ᠲᠡᠷᠡ ᠮᠠᠰᠢ ᠭᠤᠶᠤ ᠲᠠᠮᠠᠭᠠᠨ ᠴᠢᠯᠠᠭᠤ ᠪᠠᠨ ᠬᠠᠷᠢᠭᠤ ᠪᠡᠯᠡᠭ᠂ ᠮᠦᠨ ᠴᠤ᠌ ᠮᠤᠷᠳᠠᠭᠤᠯᠭ᠎ᠠ᠎ᠶᠢᠨ ᠲᠤᠷᠠᠰᠬᠠᠯ ᠪᠤᠯᠭᠠᠨ ᠪᠡᠯᠡᠭᠯᠡᠭᠰᠡᠨ᠎ᠳᠦ ᠪᠢ ᠮᠠᠰᠢ ᠰᠡᠳᠭᠢᠯ ᠢᠭᠲᠦᠯᠦᠯ᠎ᠡ᠃

ᠵᠤᠬᠢᠶᠠᠭᠴᠢ᠄ ᠪᠡᠭᠡᠵᠢᠩ ᠶᠡᠬᠡ ᠰᠤᠷᠭᠠᠭᠤᠯᠢ᠎ᠶᠢᠨ ᠫᠷᠤᠹᠸᠰᠰᠤᠷ

(《ᠭᠤᠸᠠᠩᠮᠢᠩ ᠡᠳᠦᠷ᠎ᠦᠨ ᠰᠤᠨᠢᠨ》 2026  ᠤᠨ᠎ᠤ 8 ᠰᠠᠷ᠎ᠠ᠎ᠶᠢᠨ 10 ᠎ᠤ᠋ ᠡᠳᠦᠷ᠎ᠦᠨ 11 ᠳ᠋ᠤᠭᠡᠷ ᠨᠢᠭᠤᠷ᠎ᠲᠤ᠌ ᠨᠡᠢᠲᠡᠯᠡᠭᠲᠡᠪᠡ᠃ ᠲᠠᠢᠴᠢᠨ ᠨᠠᠢᠷᠠᠭᠤᠯᠤᠨ ᠤᠷᠴᠢᠭᠤᠯᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面