ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠠᠯᠲᠠᠨ ᠵᠤᠤᠵᠠᠢ

2026-11-18 11:53:51

ᠵᠣᠬᠢᠶᠠᠭ᠍ᠴᠢ᠄ ᠬ᠍ᠸ᠋ ᠬᠤᠡᠭ ᠮᠸᠢ ᠤᠷᠢᠬᠠᠨ ᠣᠩᠱᠢᠭ᠍ᠰᠠᠨ ᠣᠳᠠᠭ᠎ᠠ᠄ 3

— 2026 ᠥᠪᠥᠷ ᠮᠣᠩᠭᠣᠯ ᠤ᠋ᠨ ᠱᠢᠨ᠎ᠡ ᠵᠢᠯ ᠤ᠋ᠨ ᠪᠥᠵᠢᠭ ᠤ᠋ᠨ ᠦᠳᠡᠱᠢᠯᠡᠭᠡ ᠵᠢᠨ ᠰᠤᠨᠢᠷᠬᠠᠮᠵᠢ 


2026 ᠡᠤᠨ ᠤ᠋ 1 ᠰᠠᠷ᠎ᠠ ᠶ᠋ᠢᠨ 23 ᠎ᠤ᠋ ᠡᠳᠦᠷ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠳᠭ᠎ᠠ ᠤᠷᠠᠯᠢᠭ ᠤ᠋ᠨ  ᠬᠤᠯᠪᠤᠭ᠎ᠠ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ᠎ᠡᠴᠡ ᠭᠤᠤᠯᠯᠠᠨ ᠡᠷᠭᠢᠯᠡᠵᠦ᠍᠂ ᠥᠪᠥᠷ ᠮᠣᠩᠭᠣᠯ ᠤ᠋ᠨ ᠪᠥᠵᠢᠭ᠌ᠴᠢᠳ ᠤ᠋ᠨ ᠨᠡᠢᠭᠡᠮᠯᠢᠭ᠎ᠡᠴᠡ ᠳᠠᠭᠠᠭᠠᠴᠢᠯᠠᠨ ᠡᠷᠭᠢᠯᠡᠵᠦ᠍᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠣᠷᠳᠣᠨ᠎ᠠᠴᠠ ᠬᠠᠮᠵᠢᠨ ᠡᠷᠭᠢᠯᠡᠭ᠌ᠰᠡᠨ 《ᠪᠦᠵᠢᠭᠳᠦ ᠲᠤᠤᠯᠢᠰ —  2026 ᠥᠪᠥᠷ ᠮᠣᠩᠭᠣᠯ ᠤ᠋ᠨ ᠱᠢᠨ᠎ᠡ ᠵᠢᠯ ᠤ᠋ᠨ  ᠪᠥᠵᠢᠭ ᠤ᠋ᠨ  ᠦᠳᠡᠱᠢᠯᠡᠭᠡ》 ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠣᠷᠳᠣᠨ ᠳ᠋ᠤ  ᠨᠢᠵᠢᠭᠢᠷ ᠰᠠᠢᠬᠠᠨ ᠶᠠᠪᠤᠭ᠍ᠳᠠᠪᠠ᠃ ᠲᠠᠢᠰᠠᠨ ᠤ᠋ ᠬᠥᠱᠢᠭᠡ ᠠᠯᠭᠤᠷ ᠢᠷᠠᠬᠳᠠᠬᠤ ᠪᠡᠷ᠂ ᠥᠪᠥᠷ ᠮᠣᠩᠭᠣᠯ ᠤ᠋ᠨ ᠪᠥᠵᠢᠭ ᠤᠷᠠᠯᠢᠭ ᠤ᠋ᠨ  ᠰᠣᠳᠣᠨ ᠪᠦᠲᠦᠭᠡᠯ ᠎ᠤ᠋ᠨ ᠲᠤᠷᠭᠠᠨ ᠭᠱᠠᠨ ᠳᠡᠯᠭᠡᠴᠡ᠎ᠪᠡᠷ ᠰᠣᠯᠪᠢᠴᠠᠨ ᠢᠯᠡᠷᠡᠵᠤ᠂ ᠬᠠᠷᠠᠬᠰᠠᠨ ᠪᠦᠬᠦᠨ ᠤ᠋ ᠰᠡᠳᠬᠢᠯ᠎ᠢ  ᠬᠦᠨᠳᠡᠵᠦ᠂ ᠡᠷᠬᠢᠴᠡᠬᠦᠯᠤᠯ ᠤ᠋ᠨ ᠬᠦᠨ ᠲᠠᠯᠠᠢ ᠳ᠋ᠤ ᠬᠦᠪᠤᠬᠦᠯᠤᠨ᠎ᠠ᠃ ᠲᠤᠰ ᠤᠳᠠᠭᠠᠨ ᠤ᠋ ᠦᠳᠡᠱᠢᠯᠡᠭᠡ ᠨᠢ ᠥᠨᠳᠥᠷ ᠬᠢᠷᠢ ᠲᠦᠪᠱᠢᠨ ᠪᠥᠬᠥᠶ ᠪᠥᠵᠢᠭ ᠤ᠋ᠨ  ᠦᠵᠡᠭᠦᠯᠭᠡ ᠶ᠋ᠢᠨ ᠲᠣᠭ᠍ᠯᠠᠯᠲᠠ ᠪᠣᠯᠬᠤ᠎ᠪᠠᠷ ᠪᠠᠷᠠᠬᠤ ᠥᠬᠡᠶ᠂ ᠪᠠᠰᠠ ᠴᠤ᠌ ᠥᠪᠥᠷ ᠮᠣᠩᠭᠣᠯ ᠤ᠋ᠨ ᠪᠥᠵᠢᠭ ᠤᠷᠠᠯᠢᠬ᠎ᠤᠨ ᠤᠯᠠᠮᠵᠢᠯᠠᠯ ᠵᠢᠡᠨ ᠪᠠᠷᠢᠮᠳᠠᠯᠠᠬᠰᠠᠨ ᠰᠠᠭᠤᠷᠢᠨ ᠲᠡᠭᠡᠷ᠎ᠠ ᠬᠡᠷᠬᠢᠨ ᠱᠢᠨ᠎ᠡ ᠵᠢ ᠡᠭᠦᠳᠦᠭᠰᠡᠨ᠂ ᠪᠦᠵᠢᠭᠴᠢᠳ ᠤ᠋ᠨ ᠦᠢᠯᠡ ᠬᠦᠳᠡᠯᠤᠯ ᠵᠢᠡᠷ ᠬᠡᠷᠬᠢᠨ ᠴᠠᠭ ᠦᠶ᠎ᠡ ᠵᠢ ᠪᠢᠴᠢᠭᠯᠡᠬᠦ ᠲᠤᠬᠠᠢ ᠠᠰᠠᠭᠤᠯᠲᠠ ᠪᠠ ᠭᠦᠨ ᠪᠣᠳᠣᠯᠭᠠᠰᠢᠷᠠᠯ ᠪᠠᠢᠵᠤ᠂ ᠨᠡᠡᠭ ᠴᠸ᠋ ᠦᠵᠡᠭ᠌ᠴᠢᠳ᠎ᠢ ᠬᠥᠲᠥᠯᠥᠨ ᠳᠠᠭᠠᠭᠤᠯᠵᠤ ᠡᠳᠡᠭᠡᠷ ᠰᠤᠳᠤᠨ ᠪᠦᠳᠤᠭᠡᠯ ᠤ᠋ᠨ ᠠᠷᠤ᠎ᠳᠡᠬᠢ ᠡᠬᠦᠳᠤᠨ ᠪᠦᠳᠤᠭᠡᠯᠳᠡ᠎ᠵᠢᠨ ᠬᠦᠴᠤ ᠬᠦᠯᠤᠰᠤ ᠵᠢ ᠦᠢᠯᠠᠭᠠᠭᠤᠯᠬᠤ ᠵᠢ ᠵᠤᠷᠢᠪᠠ᠃

ᠣᠢᠷ᠎ᠠ ᠶ᠋ᠢᠨ ᠵᠢᠯ᠎ᠳᠦ᠂ ᠥᠪᠥᠷ ᠮᠣᠩᠭᠣᠯ ᠤ᠋ᠨ ᠪᠥᠵᠢᠭ ᠤᠷᠠᠯᠢᠭ ᠤ᠋ᠨ ᠬᠢᠨ ᠭᠠᠨᠵᠤᠭ᠎ᠠ ᠲᠦᠬᠦᠷᠡᠡᠭ᠎ᠠᠮᠵᠢᠯᠳᠠ ᠪᠦᠳᠤᠮᠵᠢ ᠪᠡᠷ ᠵᠢᠡᠨ ᠦᠷᠭᠡᠨ ᠲᠦᠮᠡᠨ ᠤ᠋ ᠠᠡᠭᠬᠠᠷᠤᠯ ᠳ᠋ᠤ ᠬᠦᠷᠦᠭᠰᠡᠭᠡᠷ ᠢᠷᠡᠵᠠᠢ᠃ ᠳᠤᠮᠳᠠᠳᠤ ᠤᠯᠤᠰ ᠤ᠋ᠨ ᠪᠥᠵᠢᠭ ᠤ᠋ᠨ ᠯᠢᠩᠬᠤ᠎ᠠ ᠱᠠᠩᠨᠠᠯ ᠤ᠋ᠨ ᠦᠨᠳᠦᠰᠦᠲᠡᠨ᠎ᠦ ᠠᠷᠠᠳ ᠤ᠋ᠨ ᠪᠥᠵᠢᠭ ᠤ᠋ᠨ  ᠱᠠᠩᠨᠠᠯ ᠳ᠋ᠤ 《ᠲᠠᠪᠤᠨ ᠵᠢᠯ ᠳᠠᠷᠠᠭᠠᠯᠠᠨ ᠮᠠᠩᠯᠠᠢᠯᠠᠭ᠍ᠰᠠᠨ》 ᠎ᠠ᠋ᠴᠠ ᠥᠪᠥᠷ ᠮᠣᠩᠭᠣᠯ ᠤ᠋ᠨ ᠪᠥᠵᠢᠭ ᠤᠷᠴᠢᠨ ᠦᠶ᠎ᠡ᠎ᠶᠢᠨ ᠪᠥᠵᠢᠭ᠂ ᠣᠲᠣ᠌ ᠦᠶ᠎ᠡ᠎ᠶᠢᠨ ᠪᠥᠵᠢᠭ ᠤ᠋ᠨ  ᠬᠦᠷᠢᠶ᠎ᠠ ᠬᠡᠪᠴᠢᠶᠠᠨ ᠳ᠋ᠤ  ᠲᠡᠦᠬᠡᠲᠦ ᠴᠢᠨᠠᠷᠲᠠᠢ ᠳᠠᠪᠠᠯᠲᠠ᠎ᠶᠢ  ᠪᠡᠶᠡᠯᠡᠭᠦᠯᠦᠭ᠌ᠰᠡᠨ ᠪᠥᠭᠡᠳ ᠪᠦᠬᠦ᠌ ᠤᠯᠤᠰ ᠤ᠋ᠨ ᠡᠮᠦᠨ᠎ᠡ ᠡᠩᠨᠡᠭᠡᠨ᠎ᠳᠦ ᠤᠷᠤᠬ᠍ᠰᠠᠨ ᠬᠦᠷᠲᠡᠯ᠎ᠡ; ᠠᠷᠪᠠᠨ ᠳᠥᠷᠪᠡᠳᠦᠭᠡᠷ ᠬᠤᠭᠤᠴᠠᠭᠠᠨ ᠤ᠋ ᠳᠤᠮᠳᠠᠳᠤ ᠤᠯᠤᠰ ᠤ᠋ᠨ ᠪᠥᠵᠢᠭ ᠤ᠋ᠨ  ᠯᠢᠡᠭᠬ᠍ᠸ᠎ᠠ ᠱᠠᠩᠨᠠᠯ ᠤ᠋ᠨ ᠤᠷᠴᠢᠨ ᠦᠶ᠎ᠡ᠎ᠶᠢᠨ ᠪᠥᠵᠢᠭ᠂ ᠣᠲᠣ᠌ ᠦᠶ᠎ᠡ᠎ᠶᠢᠨ ᠪᠥᠵᠢᠭ ᠤ᠋ᠨ  ᠱᠠᠩᠨᠠᠯ ᠱᠢᠯᠭᠠᠷᠠᠭᠤᠯᠬᠤ ᠡᠴᠦᠰ ᠤ᠋ᠨ  ᠱᠢᠯᠭᠠᠷᠠᠭᠤᠯᠤᠯᠲᠠ ᠵᠡᠷᠭᠡ ᠤᠯᠤᠰ ᠤ᠋ᠨ ᠲᠡᠰ ᠤ᠋ᠨ ᠡᠷᠬᠡ ᠰᠦᠷᠲᠦ ᠱᠠᠩᠨᠠᠯ ᠱᠢᠯᠭᠠᠷᠠᠭᠤᠯᠬᠤ ᠠᠵᠢᠯᠯᠠᠭ᠎ᠠ ᠵᠢ ᠠᠮᠵᠢᠯᠲᠠ᠎ᠲᠠᠶ ᠳᠠᠭᠠᠭᠠᠴᠢᠯᠠᠨ ᠡᠷᠬᠢᠯᠡᠭ᠌ᠰᠡᠨ᠎ᠡᠴᠡ᠂ ᠠᠷᠪᠠᠨ ᠨᠠᠢ᠍ᠮᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠲᠠᠢᠰᠠᠨ ᠤ᠋ ᠤᠷᠠᠯᠢᠭ ᠤ᠋ᠨ ᠵᠠᠰᠠᠭ ᠤ᠋ᠨ ᠣᠷᠳᠣᠨ ᠤ᠋ ᠬᠠᠮᠤᠭ ᠤ᠋ᠨ ᠳᠡᠭᠡᠳᠦ ᠱᠠᠩᠨᠠᠯ ᠪᠣᠯᠬᠤ ᠸᠸᠨ ᠬᠤᠸᠠ ᠫᠷᠤᠭ᠌ᠷᠠᠮ ᠤ᠋ᠨ ᠱᠠᠩᠨᠠᠯ᠎ᠢ ᠣᠯᠤᠭ᠍ᠰᠠᠨ ᠬᠦᠷᠲᠡᠯ᠎ᠡ —  ᠡᠨᠡ ᠬᠦ᠌ ᠲᠠᠯ᠎ᠠ ᠨᠤᠲᠤᠭ ᠤ᠋ᠨ 《ᠤᠷᠠᠯᠢᠭ ᠤ᠋ᠨ ᠠᠵᠢᠨᠠᠶ ᠬᠦᠯᠦᠭ》᠎ᠤ᠋ᠨ ᠲᠠᠪᠬᠢᠭᠤᠯᠤᠬᠰᠠᠨ ᠤᠯᠠ ᠮᠦᠷ ᠨᠢ ᠥᠪᠥᠷ ᠮᠣᠩᠭᠣᠯ ᠤ᠋ᠨ ᠪᠥᠵᠢᠭ  ᠤᠷᠠᠯᠢᠭ ᠤ᠋ᠨ ᠴᠡᠴᠡᠭ᠌ᠯᠡᠨ ᠬᠥᠭ᠌ᠵᠢᠵᠤ ᠪᠠᠢᠭ᠎ᠠ ᠪᠠᠢᠳᠠᠯ᠎ᠢ ᠵᠢᠷᠤᠭ᠍ᠯᠠᠪᠠ᠃

ᠲᠤᠰ ᠤᠳᠠᠭᠠᠨ ᠤ᠋ ᠦᠳᠡᠱᠢᠯᠡᠭᠡ ᠨᠢ ᠶᠠᠭ ᠨᠢᠭᠡ ᠤᠳᠠᠭᠠᠨ ᠤ᠋ ᠳ᠋ᠦᠩᠨᠡᠯᠲᠡ ᠶ᠋ᠢᠨ ᠴᠢᠨᠠᠷᠲᠠᠶ 《ᠡᠷᠭᠢᠴᠡᠭᠦᠯᠦᠯ》 ᠪᠤᠯᠬᠤ ᠪᠦᠭᠡᠳ ᠢᠷᠡᠭᠡᠳᠤᠢ ᠵᠢᠨ ᠲᠤᠬᠠᠢ 《ᠪᠠᠷᠠᠯᠠᠯ》 ᠬᠡᠵᠤ ᠬᠡᠯᠡᠵᠤ ᠪᠤᠯᠤᠨ᠎ᠠ ᠃ ᠦᠳᠡᠰᠢᠯᠡᠭᠡ ᠳ᠋ᠤ ᠱᠢᠯᠢᠨ ᠰᠣᠩᠭᠣᠭ᠍ᠳᠠᠬᠰᠠᠨ 12 ᠪᠦᠲᠦᠭᠡᠯ᠎ᠨᠢ ᠦᠵᠡᠭᠴᠢᠳ ᠲᠸ᠋ ᠨᠢᠭᠡᠨ ᠤᠳᠠᠭᠠᠨ ᠤ᠋  ᠪᠦᠵᠢᠭ ᠤᠷᠠᠯᠢᠭ ᠤ᠋ᠨ ᠭᠠᠢᠬᠠᠮᠰᠢᠭ ᠵᠢ ᠬᠠᠷᠠᠭᠤᠯᠬᠤ ᠪᠡᠷ ᠲᠠᠮᠵᠢᠭᠤᠯᠵᠤ ᠲᠠᠬᠢᠨ ᠰᠢᠨ᠎ᠠ ᠨᠢᠭᠡᠨ ᠦᠨᠳᠤᠷᠯᠢᠢᠠ᠋ ᠲᠸ᠋ ᠬᠦᠷᠬᠦ ᠪᠡᠷ  ᠴᠢᠷᠮᠠᠢᠵᠠᠢ᠃

ᠱᠢᠨ᠎ᠡ ᠡᠭᠦᠳᠤᠯᠳᠡ ᠪᠠ ᠣᠯᠠᠨ ᠡᠱᠢᠲᠦ ᠬᠠᠢᠨ ᠰᠥᠪᠡᠭ᠌ᠴᠢᠯᠡᠯᠲᠡ

ᠦᠳᠡᠱᠢᠯᠡᠭᠡ ᠨᠢ ᠬᠣᠶᠠᠷ ᠪᠦᠯᠦᠭ᠎ᠢᠶᠡᠷ ᠪᠦᠷᠢᠯᠳᠦᠵᠦ᠍᠂ ᠦᠨᠳᠦᠰᠦᠲᠡᠨ᠎ᠦ ᠠᠷᠠᠳ ᠤ᠋ᠨ ᠪᠥᠵᠢᠭ᠂ ᠤᠷᠴᠢᠨ ᠦᠶ᠎ᠡ᠎ᠶᠢᠨ ᠪᠥᠵᠢᠭ᠂ ᠣᠲᠣ᠌ ᠦᠶ᠎ᠡ᠎ᠶᠢᠨ ᠪᠥᠵᠢᠭ᠂ ᠡᠷᠲᠡᠨ᠎ᠦ ᠰᠣᠩᠭᠣᠳᠠᠭ ᠪᠥᠵᠢᠭ ᠵᠢᠴᠢ ᠪᠥᠵᠢᠭ᠌ᠲᠦ ᠵᠦᠴᠦᠭᠡ᠎ᠵᠢ ᠲᠤᠬᠢᠷᠠᠭᠤᠯᠵᠤ᠂ ᠤᠯᠠᠮᠵᠢᠯᠠᠯ ᠪᠣᠯᠤᠨ ᠤᠳᠤ ᠦᠶ᠎ᠡ ᠵᠢ ᠵᠤᠯᠭᠠᠭᠤᠯᠵᠤ᠂ ᠲᠡᠦᠬᠡ ᠪᠣᠯᠤᠨ ᠰᠣᠶᠣᠯ ᠤ᠋ᠨ ᠠᠭᠤᠰᠤᠯᠴᠠᠯ ᠨᠢ ᠥᠪᠥᠷ ᠮᠣᠩᠭᠣᠯ ᠤ᠋ᠨ ᠪᠥᠵᠢᠭ ᠤ᠋ᠨ  ᠵᠣᠬᠢᠶᠠᠨ ᠪᠦᠲᠦᠭᠡᠯᠭᠡ ᠶ᠋ᠢᠨ ᠤᠯᠠᠨ ᠡᠱᠢᠵᠢᠭ᠌ᠰᠡᠨ ᠬᠥᠭ᠌ᠵᠢᠯᠲᠡ ᠶ᠋ᠢᠨ ᠴᠢᠭ᠌ᠯᠡᠯ᠎ᠢ ᠢᠯᠡᠷᠡᠭᠦᠯᠪᠡ᠃

ᠲᠡᠭᠡᠳᠤ ᠪᠦᠯᠦᠭ 《ᠠᠭᠤᠯᠠ ᠤᠰᠤᠨ ᠤ᠋ ᠰᠦᠭ ᠰᠦᠨᠡᠰᠦ ᠵᠢ ᠪᠥᠵᠢᠭ᠌ᠯᠡᠨ ᠱᠤᠭᠤᠬᠤ》 ᠨᠢ  ᠥᠪᠥᠷ ᠮᠣᠩᠭᠣᠯ ᠤ᠋ᠨ ᠪᠥᠵᠢᠭ ᠤ᠋ᠨ ᠤᠷᠠᠯᠢᠭ ᠬᠡᠷᠬᠢᠨ ᠥᠪᠥᠷ ᠮᠣᠩᠭᠣᠯ ᠤ᠋ᠨ ᠰᠣᠶᠣᠯ ᠤ᠋ᠨ ᠦᠩ ᠱᠢᠮᠡᠯᠢᠭ ᠬᠥᠷᠥᠰᠥᠨ᠎ᠡᠴᠡ ᠵᠣᠬᠢᠶᠠᠨ ᠪᠦᠲᠦᠭᠡᠯᠭᠡ ᠶ᠋ᠢᠨ ᠱᠢᠮ᠎ᠡ ᠲᠡᠵᠢᠭᠡᠯ ᠣᠯᠤᠭ᠍ᠰᠠᠨ ᠪᠥᠭᠡᠳ ᠤᠳᠤ ᠦᠶ᠎ᠡ ᠶ᠋ᠢᠨ ᠭᠤᠤ᠎ᠠ ᠲᠠᠭᠠᠱᠢᠶᠠᠯ ᠤ᠋ᠨ ᠬᠠᠷᠠᠭᠠᠰᠤ ᠡᠴᠡ ᠪᠦᠲᠦᠭᠡᠯᠴᠢ ᠴᠢᠨᠠᠷᠲᠠᠢ ᠬᠤᠪᠢᠷᠠᠯᠲᠠ ᠵᠢ ᠪᠡᠶᠡᠯᠡᠭᠦᠯᠦᠭ᠌ᠰᠡᠨ᠎ᠢ ᠬᠠᠷᠠᠭᠤᠯᠵᠠᠢ᠃ ᠦᠨᠳᠦᠰᠦᠲᠡᠨ᠎ᠦ ᠠᠷᠠᠳ ᠤ᠋ᠨ ᠪᠥᠵᠢᠭ 《ᠭᠡᠷᠡᠯᠳᠤ ᠵᠠᠮ ᠳ᠋ᠤ ᠠᠯᠬᠤᠨ ᠣᠷᠣᠬᠰᠠᠨ ᠨᠢ》 ᠨᠢ ᠠᠮᠢ ᠨᠠᠰᠤ ᠬᠡᠷᠡᠯ ᠬᠢᠯᠪᠠᠭ᠎ᠠ ᠵᠢ ᠬᠦᠭᠡᠭᠡᠴᠡᠯᠳᠤᠬᠦ ᠪᠡᠷ ᠭᠤᠤᠯᠳᠠᠯᠭ᠎ᠠ ᠪᠤᠯᠭᠠᠨ᠂ ᠨᠠᠰᠤᠳᠠᠨ ᠪᠠ ᠵᠢᠭᠠᠯ ᠦᠬᠢᠨ ᠤ᠋ ᠬᠡᠷᠡᠯ ᠰᠡᠬᠦᠳᠡᠷ ᠤ᠋ᠨ ᠲᠤᠮᠳᠠ ᠰᠤᠯᠪᠢᠴᠠᠨ ᠪᠦᠵᠢᠭᠯᠡᠬᠦ ᠪᠡᠷ ᠲᠠᠮᠵᠢᠭᠤᠯᠤᠨ᠂ ᠤᠷᠠᠨ ᠰᠠᠢᠠᠬᠨ ᠪᠦᠵᠢᠭ ᠤ᠋ᠨ ᠬᠡᠯᠡ ᠪᠡᠷ ᠬᠥᠮᠦᠨ᠎ᠦ ᠠᠮᠢᠳᠤᠷᠠᠯ ᠤ᠋ᠨ ᠲᠤᠬᠠᠢ ᠪᠣᠳᠣᠯᠬᠢᠯᠠᠯ ᠪᠠ ᠠᠮᠢ ᠨᠠᠰᠤᠨ ᠤ᠋  ᠦᠨ᠎ᠠ ᠦᠷᠳᠡᠭ ᠤ᠋ᠨ ᠲᠤᠬᠠᠢ ᠠᠴᠢ ᠬᠣᠯᠪᠣᠭ᠍ᠳᠠᠯ᠎ᠢ ᠲᠠᠢᠯᠪᠤᠷᠢᠯᠠᠪᠠ᠂ ᠡᠨᠡ ᠨᠢ ᠵᠦᠪᠬᠡᠨ ᠨᠢᠭᠡ ᠵᠦᠢᠯ ᠤ᠋ᠨ  ᠬᠡᠪ ᠨᠠᠮᠪᠠ ᠶ᠋ᠢᠨ ᠦᠵᠡᠭᠦᠯᠭᠡ ᠲᠡᠳᠤᠢ ᠪᠢᠰᠢ ᠪᠤᠯᠵᠤ᠂ ᠬᠠᠷᠢᠨ ᠰᠦᠷ ᠳᠠᠯᠠᠢᠴᠠᠲᠠᠢ ᠬᠦᠭ ᠠᠶᠠᠰ ᠳᠤᠮᠳᠠ᠂ 《ᠦᠨᠳᠦᠰᠦᠲᠡᠨ᠎ᠦ ᠪᠦᠵᠢᠭ ᠤᠷᠠᠯᠢᠭ ᠤ᠋ᠨ ᠬᠡᠪ ᠨᠠᠮᠪᠠ》 ᠲᠠᠢ ᠪᠠᠢᠬᠰᠠᠨ ᠡᠴᠡ 《 ᠲᠡᠯᠡᠬᠡᠢ ᠵᠢᠨ ᠪᠦᠵᠢᠭ ᠤᠷᠠᠯᠢᠭ ᠤ᠋ᠨ ᠬᠡᠪ ᠨᠠᠮᠪᠠ 》 ᠳ᠋ᠦ ᠤᠢᠷᠠᠳᠤᠭᠰᠠᠨ ᠳᠡᠭᠡᠭ᠌ᠰᠢᠯᠡᠯᠲᠡ ᠵᠢ ᠪᠡᠶᠡᠯᠡᠭᠦᠯᠦᠭ᠌ᠰᠡᠨ ᠪᠠᠢᠨ᠎ᠠ;ᠤᠷᠴᠢᠨ ᠦᠶ᠎ᠡ ᠶ᠋ᠢᠨ ᠪᠥᠵᠢᠭ 《 ᠰᠡᠬᠡᠭᠡᠷᠡᠯᠲᠡ》  ᠶ᠋ᠢᠨ ᠪᠦᠲᠦᠭᠡᠯᠴᠢ ᠴᠢᠨᠠᠷ ᠨᠢ ᠳᠤᠮᠳᠠᠳᠤ ᠤᠯᠤᠰ ᠤ᠋ᠨ ᠪᠥᠵᠢᠭ ᠤ᠋ᠨ  ᠯᠢᠩᠬᠤ᠎ᠠ ᠱᠠᠩᠨᠠᠯ ᠤ᠋ᠨ ᠣᠷᠴᠢᠨ ᠦᠶ᠎ᠡ᠎ᠶᠢᠨ ᠪᠥᠵᠢᠭ ᠤ᠋ᠨ  ᠱᠠᠩᠨᠠᠯ ᠪᠠᠢᠬᠰᠠᠨ ᠦᠬᠡᠢ ᠲᠡᠤᠭᠡ ᠵᠢ ᠡᠴᠤᠰᠯᠡᠬᠦᠯᠦᠭᠰᠡᠨ ᠳ᠋ᠤ ᠪᠠᠢᠬᠤ ᠪᠡᠷ ᠪᠠᠷᠠᠬᠤ ᠥᠬᠡᠶ᠂ ᠲᠡᠬᠦᠨ ᠤ᠋ ᠲᠦᠢᠯ ᠤ᠋ᠨ ᠶᠡᠭᠡ ᠲᠡᠯᠡᠬᠦ  ᠬᠦᠴᠤᠨ ᠪᠦᠬᠦᠢ ᠪᠦᠵᠢᠭ ᠤ᠋ᠨ ᠬᠡᠯᠡ᠎ᠪᠡᠷ ᠬᠤᠪᠢᠰᠭᠠᠯ ᠪᠠ ᠢᠲᠡᠭᠡᠯ ᠪᠢᠱᠢᠷᠡᠯ ᠤ᠋ᠨ ᠲᠤᠬᠠᠶ ᠤᠷᠠᠯᠢᠭ᠍ᠴᠢᠯᠠᠭ᠍ᠰᠠᠨ ᠲᠠᠢᠯᠪᠤᠷᠢᠯᠠᠯᠲᠠ ᠬᠢᠵᠦ᠍᠂ ᠬᠤᠪᠢᠰᠭᠠᠯ ᠤ᠋ᠨ ᠲᠡᠦᠬᠡ ᠶ᠋ᠢᠨ 《ᠰᠡᠬᠡᠭᠡᠷᠡᠯᠲᠡ》 ᠵᠢᠨ ᠴᠠᠭ ᠮᠥᠴᠡ ᠵᠢ ᠣᠲᠣ ᠦᠶ᠎ᠡ ᠶ᠋ᠢᠨ ᠦᠵᠡᠭ᠌ᠴᠢᠳ ᠤ᠋ᠨ ᠮᠡᠳᠡᠷᠡᠮᠵᠢ᠎ᠳᠦ ᠳᠠᠬᠢᠨ ᠢᠯᠡᠷᠡᠭᠦᠯᠦᠭ᠌ᠰᠡᠨ ᠳ᠋ᠤ  ᠪᠠᠢᠨ᠎ᠠ;  ᠦᠨᠳᠦᠰᠦᠲᠡᠨ᠎ᠦ ᠠᠷᠠᠳ ᠤ᠋ᠨ ᠪᠥᠵᠢᠭ 《ᠲᠡᠮᠦᠷ ᠬᠡᠤᠭᠡᠨᠴᠤᠳ》 ᠨᠢ ᠦᠨᠠᠨ ᠪᠤᠳᠠᠳᠠᠢ ᠲᠡᠤᠭᠡᠳᠤ ᠮᠠᠲᠸᠷᠢᠶᠠᠯ ᠳ᠋ᠤ ᠰᠠᠭᠤᠷᠢᠯᠠᠵᠤ᠂ᠦᠨᠳᠦᠰᠦᠲᠡᠨ᠎ᠨᠦᠭᠦᠳ ᠤ᠋ᠨ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠭ᠍ᠰᠠᠨ᠂ ᠠᠮᠢ ᠠᠬᠤᠶ ᠵᠢ ᠰᠠᠢᠵᠢᠷᠠᠭᠤᠯᠤᠭ᠍ᠰᠠᠨ ᠥᠯᠢᠭᠡᠷ᠎ᠢ ᠶᠠᠷᠢᠵᠤ᠂ ᠡᠭᠦᠨ᠎ᠦ ᠤᠯᠠᠮ᠎ᠢᠶᠠᠷ 《ᠲᠡᠮᠦᠷ ᠬᠡᠤᠭᠡᠨᠴᠤᠳ》 ᠎ᠤ᠋ᠨ ᠲᠡᠮᠤᠷ ᠡᠴᠡ ᠬᠠᠳᠠᠭᠤ ᠵᠤᠷᠢᠭ ᠪᠦᠵᠢᠭ ᠡᠴᠡ ᠤᠶᠠᠨ ᠨᠠᠬᠢᠯᠵᠠᠭ᠎ᠠ ᠪᠡᠷ ᠳᠠᠮᠵᠢᠭᠤᠯᠤᠨ 《ᠭᠤᠷᠪᠠᠨ ᠤᠮᠠᠷᠠᠲᠤ ᠶ᠋ᠢᠨ ᠵᠣᠷᠢᠭ ᠰᠠᠨᠠᠭ᠎ᠠ》  ᠵᠢ ᠲᠠᠢᠯᠪᠤᠷᠢᠯᠠᠪᠠ᠃ ᠲᠤᠰ ᠪᠦᠲᠦᠭᠡᠯ ᠨᠢ ᠮᠠᠨ ᠤ᠋ ᠤᠯᠤᠰ ᠤ᠋ᠨ ᠤᠮᠠᠷᠠᠲᠤ ᠶ᠋ᠢᠨ ᠠᠮᠢ ᠠᠬᠤᠢ ᠶ᠋ᠢᠨ ᠠᠮᠤᠷ ᠲᠦᠪᠱᠢᠨ᠎ᠦ ᠬᠠᠯᠬᠠᠪᠴᠢ ᠵᠢ ᠪᠠᠲᠤ ᠴᠣᠭ᠍ᠴᠠᠯᠠᠬᠤ ᠦᠢᠯᠡᠳᠦᠯᠭᠡ ᠵᠢᠨ ᠠᠮᠢᠳᠤᠯᠢᠭ ᠵᠢᠱ᠌ᠢᠶ᠎ᠠ ᠪᠣᠯᠬᠤ᠎ᠪᠠᠷ ᠪᠠᠷᠠᠬᠤ ᠦᠭᠡᠢ ᠪᠠᠰᠠ ᠳᠤᠮᠳᠠᠳᠤ ᠶ᠋ᠢᠨ ᠦᠨᠳᠦᠰᠦᠲᠡᠨ᠎ᠦ ᠬᠠᠮᠲᠤ ᠶ᠋ᠢᠨ ᠴᠣᠭ᠍ᠴᠠ ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠦᠨ ᠰᠡᠳᠭᠢᠯᠭᠡ ᠶ᠋ᠢᠨ ᠮᠠᠭ᠍ᠲᠠᠭᠠᠯ ᠪᠣᠯᠤᠨ᠎ᠠ; ᠦᠨᠳᠦᠰᠦᠲᠡᠨ᠎ᠦ ᠠᠷᠠᠳ ᠤ᠋ᠨ ᠪᠥᠵᠢᠭ 《ᠲᠦᠬᠦᠷᠡᠡᠭ ᠲᠤᠬᠢᠶ᠎ᠠ ᠲᠠᠢ》 ᠨᠢ ᠣᠳᠣ ᠦᠶ᠎ᠡ ᠶ᠋ᠢᠨ ᠠᠮᠢᠳᠤᠷᠠᠯ ᠤ᠋ᠨ ᠨᠠᠷᠢᠨ ᠵᠦᠢᠯᠡᠰ᠎ᠡᠴᠡ ᠭᠠᠷᠳᠠᠨ᠂  ᠶᠠᠭ ᠤᠳᠤᠬᠠᠨ ᠤ᠋  ᠬᠦᠳᠡᠭᠡ ᠲᠤᠰᠬᠤᠨ ᠮᠠᠯᠵᠢᠬᠤ ᠤᠷᠤᠨ ᠤ᠋ ᠴᠢᠮᠡᠭᠡ ᠬᠤᠯᠪᠤᠭ᠎ᠠ ᠰᠠᠢᠵᠢᠷᠠᠵᠤ᠂ ᠠᠷᠠᠳ ᠤ᠋ᠨ ᠠᠮᠢᠳᠤᠷᠠᠯ ᠵᠤᠯ ᠵᠢᠷᠭᠠᠯ ᠲᠠᠢ ᠪᠠᠢᠭ᠎ᠠ ᠰᠢᠨ᠎ᠠ ᠬᠦᠳᠡᠭᠡ ᠲᠤᠰᠬᠤᠨ ᠤ᠋ ᠪᠠᠢᠳᠠᠯ᠎ᠢ ᠢᠯᠡᠷᠡᠬᠦᠯᠦᠭᠰᠡᠨ ᠪᠦᠭᠡᠳ  ᠥᠩᠭᠡ ᠪᠤᠳᠤᠭ᠎ᠢ ᠤᠷᠠᠨ᠎ᠢᠶᠠᠷ ᠬᠡᠷᠡᠭ᠌ᠯᠡᠨ᠂ ᠤᠯᠠᠮᠵᠢᠯᠠᠯᠲᠤ ᠪᠥᠵᠢᠭ ᠤ᠋ᠨ  ᠬᠡᠯᠡ ᠨᠢ  ᠥᠩᠭᠡ ᠪᠤᠳᠤᠭ ᠤ᠋ᠨ ᠬᠠᠮᠵᠢᠯᠴᠠᠭ᠎ᠠ ᠳᠣᠣᠷ᠎ᠠ ᠱᠢᠨ᠎ᠡ ᠰᠢᠨᠠᠷᠠᠬᠦᠨ ᠪᠤᠯᠵᠤ ᠴᠢᠳᠠᠬᠰᠠᠨ ᠪᠠᠢᠨ᠎ᠠ;ᠤᠷᠴᠢᠨ ᠦᠶ᠎ᠡ ᠶ᠋ᠢᠨ ᠪᠥᠵᠢᠭ 《ᠡᠷᠲᠡ  ᠬᠠᠪᠤᠷ》 ᠨᠢ ᠤᠷᠴᠢᠨ ᠦᠶ᠎ᠡ ᠶ᠋ᠢᠨ ᠪᠥᠵᠢᠭ ᠨᠠᠢᠷᠠᠭᠤᠯᠬᠤ ᠮᠡᠷᠭᠡᠵᠢᠯ᠎ᠢᠶᠡᠷ ᠬᠤᠪᠢᠰᠭᠠᠯ ᠤ᠋ᠨ ᠦᠯᠢᠭᠡᠷ᠎ᠢ ᠶᠠᠷᠢᠵᠤ᠂ ᠭᠣᠣᠯ ᠬᠥᠭ ᠠᠶᠠᠰ ᠤ᠋ᠨ ᠰᠡᠳᠦᠪᠯᠡᠬᠦᠨ᠎ᠢ ᠱᠢᠨᠡᠴᠢᠯᠡᠨ ᠳᠡᠯᠭᠡᠷᠡᠭᠦᠯᠦᠭ᠌ᠰᠡᠨ ᠶᠤᠮ; ᠦᠨᠳᠦᠰᠦᠲᠡᠨ᠎ᠦ ᠠᠷᠠᠳ ᠤ᠋ᠨ ᠪᠥᠵᠢᠭ  《ᠮᠥᠩᠬᠡ ᠶ᠋ᠢᠨ ᠨᠠᠷᠠ》 ᠪᠣᠯ ᠤᠯᠠᠮᠵᠢᠯᠠᠯᠲᠤ ᠪᠥᠵᠢᠭ ᠤ᠋ᠨ  ᠬᠥᠭ ᠠᠶᠠᠰ᠎ᠢ ᠣᠳᠣ ᠦᠶ᠎ᠡ ᠶ᠋ᠢᠨ ᠵᠢᠷᠤᠭ ᠤ᠋ᠨ ᠪᠦᠲᠦᠴᠡ ᠶ᠋ᠢᠨ ᠦᠵᠡᠯ ᠤᠬᠠᠮᠰᠠᠷ  ᠲᠸ᠋  ᠠᠭᠤᠰᠭᠠᠭ᠍ᠰᠠᠨ ᠶᠤᠮ᠃

ᠲᠤᠤᠷᠠᠳᠤ ᠪᠦᠯᠦᠭ 《ᠱᠢᠨ᠎ᠡ ᠴᠠᠭ ᠦᠶ᠎ᠡ ᠵᠢ  ᠵᠢᠷᠤᠭ᠍ᠯᠠᠬᠤᠢ》 ᠨᠢ  ᠥᠪᠥᠷ ᠮᠣᠩᠭᠣᠯ ᠤ᠋ᠨ ᠪᠥᠵᠢᠭ ᠤᠷᠠᠯᠢᠭ᠋ ᠎ᠤ᠋ᠨ ᠵᠤᠬᠢᠶᠠᠨ ᠪᠦᠳᠤᠭᠡᠯᠭᠡ ᠵᠢᠨ  ᠬᠦᠷᠢᠶ᠎ᠠ ᠴᠠᠷᠠᠭ᠎ᠠ ᠵᠢ ᠲᠡᠯᠡᠵᠤ᠂ ᠤᠯᠠᠨ ᠡᠱᠢᠴᠢᠯᠡᠭ᠌ᠰᠡᠨ ᠰᠦᠪᠡᠭ᠌ᠴᠢᠯᠡᠯᠳᠡ ᠬᠢᠭᠡᠳ ᠦᠷ᠎ᠡ ᠪᠦᠲᠦᠭᠡᠯ᠎ᠢ ᠬᠠᠷᠠᠭᠤᠯᠪᠠ᠃ ᠡᠷᠲᠡᠨ᠎ᠦ ᠰᠣᠩᠭᠣᠳᠠᠭ ᠪᠥᠵᠢᠭ 《ᠰᠠᠷᠠᠨ ᠤ᠋ ᠳᠤᠤᠷᠠᠬᠢ ᠭᠣᠶᠣᠮᠰᠣᠭ ᠲᠦᠷᠬᠦ》 ᠨᠢ ᠴᠡᠡᠭᠭᠡᠷ ᠦᠡᠭᠭᠡ ᠵᠢᠨ᠎ᠳ᠋ᠸᠡᠭ ᠤ᠋ᠨ ᠬᠡᠷᠡᠯᠳᠤᠬᠦᠯᠭᠡ ᠪᠡᠷ ᠲᠠᠢᠰᠠᠨ ᠤ᠋ ᠭᠤᠤᠯ ᠠᠶᠠᠰ ᠵᠢᠡᠨ ᠪᠤᠯᠭᠠᠵᠤ᠂ ᠤᠷᠠᠨ ᠪᠥᠵᠢᠭ᠌ᠯᠡᠭ᠌ᠴᠢ ᠨᠡᠷ ᠤᠷᠳᠤ ᠴᠠᠮᠴᠠ ᠡᠮᠤᠰᠤᠨ ᠡᠷᠪᠡᠭᠡᠢ ᠰᠢᠭ  ᠪᠦᠵᠢᠬᠦ ᠨᠢ  ᠡᠨᠡ ᠬᠦ᠌ ᠤᠷᠴᠢᠨ ᠲᠠᠢ ᠪᠡᠨ ᠠᠭᠤᠰᠤᠯᠴᠠᠨ ᠤᠶᠠᠩᠭᠠᠯᠢᠭ ᠰᠠᠢᠬᠠᠨ ᠤᠷᠠᠨ ᠰᠠᠨᠠᠭ᠎ᠠ ᠵᠢ  ᠴᠤᠬᠴᠠᠯᠠᠵᠤ᠂ ᠬᠦᠮᠤᠰ ᠲᠸ᠋ ᠠᠷᠰᠢ ᠵᠢᠨ ᠤᠷᠤᠨ ᠳ᠋ᠤ ᠬᠦᠷᠦᠭᠰᠡᠨ ᠬᠡᠮᠡᠷ ᠭᠤᠸ᠎ᠠ ᠰᠠᠢᠬᠠᠨ ᠤ᠋ ᠲᠦᠷᠦᠭᠳᠡᠯ ᠤᠯᠭᠤᠨ᠎ᠠ;  ᠦᠨᠳᠦᠰᠦᠲᠡᠨ᠎ᠦ ᠠᠷᠠᠳ ᠤ᠋ᠨ ᠪᠥᠵᠢᠭ 《ᠰᠡᠳᠬᠢᠯ ᠤ᠋ᠨ ᠬᠡᠬᠡ》 ᠎ᠳ᠋ᠡᠬᠢ ᠪᠦᠵᠢᠭᠴᠢᠨ ᠤ᠋ ᠤᠶᠠᠨ ᠨᠠᠬᠢᠯᠵᠠᠭᠠᠨ ᠨᠢ ᠠᠢᠵᠠᠮ ᠴᠤᠬᠢᠯᠭ᠎ᠠ ᠵᠢᠨ ᠴᠢᠡᠭᠭ᠎ᠠ ᠰᠤᠯᠠ ᠲᠠᠢ ᠪᠡᠨ ᠪᠠᠷᠢᠯᠳᠤᠨ᠂  ᠬᠠᠷᠠᠭ᠎ᠠ ᠪᠡᠨ ᠠᠯᠳᠠᠬᠰᠠᠨ ᠬᠡᠤᠭᠡᠨ ᠤ᠋ ᠳᠣᠲᠣᠭᠠᠳᠤ ᠰᠡᠳᠭᠢᠯᠭᠡ ᠶ᠋ᠢᠨ ᠶᠢᠷᠳᠢᠨᠴᠤ ᠵᠢ ᠬᠠᠷᠠᠭᠤᠯᠵᠤ ᠴᠢᠳᠠᠵᠠᠢ;ᠯᠢᠶᠣᠤᠨᠢᠩ ᠮᠤᠵᠢ ᠶ᠋ᠢᠨ ᠪᠥᠵᠢᠭ᠌ᠴᠢᠳ ᠤ᠋ᠨ  ᠨᠡᠢᠭᠡᠮᠯᠢᠭ᠂ ᠤᠷᠳᠤᠰ ᠬᠤᠳᠠ ᠶ᠋ᠢᠨ ᠪᠥᠵᠢᠭ᠌ᠴᠢᠳ ᠤ᠋ᠨ  ᠨᠡᠢᠭᠡᠮᠯᠢᠭ᠂ ᠪᠡᠭᠡᠵᠢᠩ ᠤ᠋ᠨ  ᠴᠧᠨ ᠽᠢ ᠬᠤᠤ ᠪᠥᠵᠢᠭ ᠤ᠋ᠨ  ᠠᠵᠢᠯᠯᠠᠬᠤ ᠲᠠᠰᠤᠬ ᠤ᠋ᠨ ᠬᠠᠮᠲᠤᠷᠠᠭ᠍ᠰᠠᠨ ᠪᠦᠲᠦᠭᠡᠯ 《ᠠᠮᠢᠳᠤᠷᠠᠯ》 ᠨᠢ ᠤᠳᠤ ᠦᠶ᠎ᠡ ᠶ᠋ᠢᠨ ᠵᠠᠯᠠᠭᠤᠴᠤᠳ ᠤ᠋ᠨ ᠤᠶᠤᠨ ᠰᠠᠨᠠᠭᠠᠨ ᠤ᠋ ᠪᠠᠢᠳᠠᠯ ᠪᠣᠯᠤᠨ ᠳᠣᠲᠣᠭᠠᠳᠤ ᠰᠡᠳᠭᠢᠯ ᠤ᠋ᠨ  ᠶᠢᠷᠲᠢᠨᠴᠦ᠍᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠤᠳᠤ ᠦᠶ᠎ᠡ ᠶ᠋ᠢᠨ ᠪᠥᠵᠢᠭ ᠤ᠋ᠨ  ᠲᠠᠪᠠᠭᠤᠯᠤᠯ ᠤ᠋ᠨ ᠠᠷᠭ᠎ᠠ ᠪᠡᠷ ᠵᠠᠯᠠᠭᠤᠴᠤᠳ ᠤ᠋ᠨ《 ᠶᠠᠳᠠᠷᠠᠵᠤ ᠲᠦᠢᠯᠳᠡᠭᠰᠡᠨ》 ᠂ 《 ᠠᠶᠤᠵᠤ ᠬᠡᠯᠮᠡᠭᠳᠡᠭᠰᠡᠨ》 ᠂ 《 ᠭᠤᠨᠢᠵᠤ ᠭᠠᠭ᠍ᠴᠠᠭᠠᠷᠳᠠᠬᠰᠠᠨ》 ᠂ 《ᠠᠡᠭᠭᠠᠢᠵᠤ ᠢᠳᠡᠭᠡᠳ ᠲᠠᠡᠭᠭᠠᠢᠵᠤ ᠬᠡᠪᠳᠡᠭᠰᠡᠨ》 ᠵᠡᠷᠭᠡ  ᠪᠤᠳᠠᠳᠤ ᠪᠠᠢᠳᠠᠯ ᠳ᠋ᠤ ᠲᠠᠢᠯᠪᠤᠷᠢᠯᠠᠯᠳᠠ ᠬᠢᠬᠦ ᠵᠢ ᠵᠤᠷᠢᠪᠡ; ᠣᠳᠣ ᠦᠶ᠎ᠡ ᠶ᠋ᠢᠨ ᠪᠥᠵᠢᠭ 《ᠰᠠᠯᠬᠢ》 ᠨᠢ ᠬᠠᠷᠢᠨ ᠨᠡᠩ ᠴᠡᠪᠡᠷ ᠲᠤᠳᠤ ᠪᠦᠵᠢᠭ ᠤ᠋ᠨ ᠬᠡᠯᠡ᠎ᠪᠡᠷ ᠪᠣᠳᠠᠭᠠᠯᠢ ᠪᠡᠶ᠎ᠡ ᠶ᠋ᠢᠨ ᠠᠮᠢ ᠨᠠᠰᠤ ᠵᠢ ᠱᠢᠨᠵᠢᠯᠡᠨ ᠰᠤᠳᠤᠯᠵᠤ᠂ ᠠᠮᠢ ᠨᠠᠰᠤᠨ ᠤ᠋ ᠳᠣᠲᠣᠭᠠᠳᠤ ᠰᠡᠳᠬᠢᠯᠭᠡ ᠵᠢᠨ ᠬᠥᠳᠡᠯᠭᠡᠭᠡᠨ᠎ᠦ ᠡᠨᠧᠷᠭᠢ ᠪᠠ ᠴᠢᠯᠥᠭᠡᠲᠦ ᠪᠠᠢᠳᠠᠯ᠎ᠢ ᠱᠢᠨᠵᠢᠯᠡᠨ᠂ ᠥᠪᠥᠷ ᠮᠣᠩᠭᠣᠯ ᠤ᠋ᠨ ᠣᠳᠣ ᠦᠶ᠎ᠡ ᠶ᠋ᠢᠨ ᠪᠥᠵᠢᠭ ᠤ᠋ᠨ  ᠵᠣᠬᠢᠶᠠᠨ ᠪᠦᠲᠦᠭᠡᠯᠭᠡ ᠶ᠋ᠢᠨ ᠦᠵᠡᠯ ᠰᠠᠨᠠᠭᠠᠨ ᠤ᠋ ᠭᠦᠨᠴᠡ ᠵᠢ ᠢᠯᠡᠷᠡᠭᠦᠯᠵᠡᠶ; ᠪᠥᠵᠢᠭ᠌ᠲᠦ ᠵᠦᠴᠦᠭᠡ 《ᠲᠠᠯ᠎ᠠ ᠨᠤᠲᠤᠭ ᠤ᠋ᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ》(ᠬᠡᠰᠡᠭᠯᠡᠯ) ᠨᠢ ᠴᠠᠭ ᠬᠤᠭᠤᠴᠠᠭ᠎ᠠ ᠪᠠ ᠣᠷᠣᠨ ᠵᠠᠶ ᠵᠢᠨ ᠰᠤᠯᠢᠪᠴᠢᠯ ᠤ᠋ᠨ ᠠᠷᠭ᠎ᠠ ᠪᠠᠷᠢᠯ᠎ᠢᠶᠠᠷ ᠳᠠᠮᠵᠢᠭᠤᠯᠤᠨ᠂ ᠬᠤᠪᠢᠰᠭᠠᠯ ᠤ᠋ᠨ ᠳᠤᠷᠠᠰᠤᠮᠵᠢ ᠵᠢ ᠣᠲᠣ ᠦᠶ᠎ᠡ ᠶ᠋ᠢᠨ ᠵᠠᠯᠠᠭᠤᠴᠤᠳ ᠪᠠᠭᠠᠴᠤᠳ ᠎ᠤ᠋ᠨ ᠬᠤᠪᠢᠰᠬᠠᠯᠳᠤ  ᠬᠦᠮᠤᠵᠢᠯ ᠲᠠᠶ ᠬᠣᠯᠪᠣᠵᠤ᠂ ᠪᠣᠷᠣᠭ᠍ᠵᠢᠭᠤᠨ ᠪᠥᠭᠡᠳ ᠭᠦᠨ ᠭᠦᠨᠵᠡᠭᠡᠶ ᠶᠠᠷᠢᠯᠴᠠᠭ᠎ᠠ ᠵᠢ ᠪᠡᠶᠡᠯᠡᠭᠦᠯᠵᠦ᠍᠂ᠦᠵᠡᠭ᠌ᠴᠢᠳ ᠤ᠋ᠨ ᠨᠡᠢᠲᠡᠴᠢ ᠦᠵᠡᠯ ᠤ᠋ᠨ ᠵᠣᠷᠢᠭ ᠰᠠᠨᠠᠭᠠᠨ ᠤ᠋ ᠲᠤᠬᠠᠶ ᠡᠷᠭᠢᠴᠡᠭᠦᠯᠦᠯ᠎ᠪᠤᠯᠪᠠ; ᠪᠥᠵᠢᠭ᠌ᠲᠦ ᠵᠦᠴᠦᠭᠡ 《ᠮᠣᠷᠢᠲᠤ ᠴᠡᠷᠢᠭ 》 ( ᠬᠡᠰᠡᠭᠯᠡᠯ ) ᠨᠢ ᠲᠤᠤᠯᠢᠰ ᠤ᠋ᠨ ᠴᠤᠭ ᠵᠢᠪᠬᠤᠭ᠎ᠠ᠎ᠪᠠᠷ ᠮᠣᠩᠭᠣᠯ ᠮᠤᠷᠢᠨ ᠤ᠋ ᠵᠣᠷᠢᠭ ᠰᠠᠨᠠᠭ᠎ᠠ ᠪᠣᠯᠤᠨ ᠮᠣᠷᠢᠲᠤ ᠴᠡᠷᠢᠭ ᠤ᠋ᠨ  ᠦᠨᠡᠨᠴᠢ ᠱᠢᠳᠤᠷᠭᠤ ᠵᠢ ᠨᠢᠭᠡ ᠴᠣᠭ᠍ᠴᠠ ᠪᠣᠯᠭᠠᠵᠤ᠂ ᠬᠤᠪᠢᠰᠭᠠᠯ ᠤ᠋ᠨ ᠣᠨ ᠵᠢᠯ᠎ᠦᠳ ᠤ᠋ᠨ ᠲᠠᠯ᠎ᠠ ᠨᠤᠲᠤᠭ ᠤ᠋ᠨ ᠮᠣᠷᠢᠲᠤ ᠴᠡᠷᠢᠭ ᠤ᠋ᠨ ᠮᠣᠷᠢ ᠳᠠᠪᠬᠢᠭᠤᠯᠤᠨ ᠰᠡᠯᠡᠮ᠎ᠡ ᠡᠷᠭᠢᠭᠦᠯᠬᠦ᠌᠂ ᠦᠷᠡᠭ᠌ᠳᠡᠯ ᠰᠦᠢᠳᠦᠯ᠎ᠡᠴᠡ ᠠᠶᠤᠬᠤ ᠦᠭᠡᠢ ᠠᠭᠤᠤ ᠶᠡᠬᠡ ᠠᠶᠠᠨ ᠵᠠᠮ᠎ᠢ ᠵᠢᠷᠤᠭ᠍ᠯᠠᠵᠤ᠂ ᠪᠥᠵᠢᠭ᠌ᠲᠦ ᠵᠦᠴᠦᠭᠡ ᠶ᠋ᠢᠨ ᠤᠷᠠᠯᠢᠭ ᠤ᠋ᠨ ᠶᠡᠷᠦᠩᠬᠡᠢᠯᠡᠭ᠌ᠰᠡᠨ ᠬᠦᠦᠷᠨᠢᠯ ᠤ᠋ᠨ  ᠬᠦᠴᠦᠨ᠎ᠢ ᠢᠯᠡᠷᠡᠭᠦᠯᠵᠡᠢ᠃

ᠪᠦᠵᠢᠭᠴᠢᠳ ᠤ᠋ᠨ ᠬᠦᠴᠤ ᠬᠦᠯᠤᠰᠤ ᠬᠢᠭᠡᠳ ᠬᠦᠰᠡᠯ ᠵᠤᠷᠢᠯᠳᠠ ᠠᠮᠢ ᠨᠠᠰᠤᠨ ᠤ᠋  ᠢᠷᠠᠭᠤ ᠬᠠᠭᠤᠳᠠᠰᠤ ᠵᠢ  ᠪᠢᠴᠢᠭᠯᠡᠪᠡ

ᠲᠤᠰ ᠤᠳᠠᠭᠠᠨ ᠤ᠋ ᠦᠳᠡᠰᠢᠯᠡᠭᠡ  ᠳ᠋ᠤ ᠲᠤᠬᠯᠠᠬᠰᠠᠨ ᠡᠳᠡᠭᠡᠷ ᠰᠤᠳᠤᠨ ᠪᠦᠳᠤᠭᠡᠯ ᠨᠢ  ᠦᠪᠤᠷ ᠮᠤᠡᠭᠭᠤᠯ ᠤ᠋ᠨ ᠰᠢᠨ᠎ᠠ ᠴᠠᠭ ᠦᠶ᠎ᠠ ᠳ᠋ᠤ ᠡᠷᠮᠡᠢᠬᠡᠢᠯᠡᠨ ᠤᠷᠤᠬᠰᠢᠯᠠᠬᠰᠠᠨ ᠦᠯᠢᠭᠡᠷ ᠦᠢᠯᠡ ᠶᠠᠪᠤᠳᠠᠯ᠎ᠢ ᠲᠤᠬᠯᠠᠵᠤ᠂  ᠪᠦᠵᠢᠭᠴᠢᠳ ᠤ᠋ᠨ ᠬᠦᠴᠤ ᠬᠦᠯᠤᠰᠤ ᠬᠢᠭᠡᠳ ᠬᠦᠰᠡᠯ ᠵᠤᠷᠢᠯᠳᠠ ᠠᠮᠢ ᠨᠠᠰᠤᠨ ᠤ᠋  ᠢᠷᠠᠭᠤ ᠬᠠᠭᠤᠳᠠᠰᠤ ᠵᠢ  ᠪᠢᠴᠢᠭᠯᠡᠪᠡ᠃ ᠲᠣᠰ ᠤᠳᠠᠭᠠᠨ ᠤ᠋ ᠦᠳᠡᠱᠢᠯᠡᠭᠡ᠎ᠳᠦ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ᠂ ᠥᠪᠥᠷ ᠮᠣᠩᠭᠣᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢ ᠶ᠋ᠢᠨ ᠪᠥᠵᠢᠭ ᠤ᠋ᠨ  ᠳᠡᠭᠡᠳᠦ ᠰᠤᠷᠭᠠᠭᠤᠯᠢ᠂ ᠬᠥᠬᠡᠬᠣᠲᠠ ᠶ᠋ᠢᠨ ᠳᠠᠭᠤᠯᠠᠯᠲᠤ ᠵᠦᠴᠦᠭᠡ ᠪᠥᠵᠢᠭ ᠵᠦᠴᠦᠭᠡ ᠶ᠋ᠢᠨ ᠬᠦᠷᠢᠶᠡᠯᠡᠩ ᠤ᠋ᠨ  ᠬᠢᠵᠠᠭᠠᠷᠲᠤ ᠺᠣᠮᠫᠠᠨᠢ᠂ ᠴᠧᠨ ᠽᠢ ᠬᠤᠤ ᠪᠥᠵᠢᠭ ᠤ᠋ᠨ  ᠠᠵᠢᠯ ᠤ᠋ᠨ ᠲᠠᠰᠤᠭ᠂ ᠡᠵᠡᠨ ᠬᠣᠷᠣᠭ᠎ᠠ ᠬᠣᠱᠢᠭᠤᠨ ᠤ᠋ ᠤᠯᠠᠭᠠᠨᠮᠥ᠋ᠴᠢᠷ ᠵᠡᠷᠭᠡ ᠣᠷᠣᠨ ᠤ᠋ ᠲᠥᠯᠥᠭᠡᠯᠡᠬᠦ᠌ ᠴᠢᠨᠠᠷᠲᠠᠶ ᠤᠳᠭ᠎ᠠ ᠤᠷᠠᠯᠢᠭ ᠤ᠋ᠨ ᠬᠦᠷᠢᠶᠡᠯᠡᠩ ᠤ᠋ᠨ  ᠪᠦᠯᠬᠦᠮ ᠤ᠋ᠨ  ᠱᠢᠯᠢᠳᠡᠭ ᠵᠠᠯᠠᠭᠤ ᠪᠥᠵᠢᠭ᠌ᠴᠢᠳ᠂ ᠨᠠᠢᠷᠠᠭᠤᠯᠤᠨ ᠤᠳᠤᠷᠢᠳᠤᠭᠠᠴᠢᠳ ᠴᠤᠭ᠍ᠯᠠᠷᠠᠭ᠍ᠰᠠᠨ ᠤ᠋ ᠬᠠᠮᠲᠤ᠂ ᠤᠳᠠᠭ᠎ᠠ ᠪᠦᠷᠢ ᠶ᠋ᠢᠨ ᠥᠪᠥᠷ ᠮᠣᠩᠭᠣᠯ ᠤ᠋ᠨ ᠪᠥᠵᠢᠭ ᠨᠠᠢᠷᠠᠭᠤᠯᠤᠨ ᠤᠳᠤᠷᠢᠳᠤᠭᠠᠴᠢ ᠲᠣᠭ᠍ᠯᠠᠯᠲᠠ ᠶ᠋ᠢᠨ ᠣᠷᠣᠢᠯᠠᠭ᠍ᠰᠠᠨ ᠴᠢᠳᠠᠪᠤᠷᠢᠲᠠᠨ᠎ᠢ ᠬᠥᠮᠦᠵᠢᠭᠦᠯᠬᠦ᠌ ᠲᠥᠷᠥᠯ ᠵᠦᠶ᠋ᠯ ᠤ᠋ᠨ  ᠱᠢᠯᠢᠳᠡᠭ ᠰᠤᠷᠤᠭ᠍ᠴᠢᠳ ᠤ᠋ᠨ ᠪᠣᠳᠠᠲᠤ ᠬᠦᠴᠦᠨ᠎ᠢ ᠳᠡᠯᠭᠡᠨ ᠦᠵᠡᠭᠦᠯᠵᠡᠶ᠃ ᠡᠲᠡᠭᠡᠷ ᠪᠥᠵᠢᠭ᠌ᠴᠢᠳ ᠪᠠ ᠨᠠᠢᠷᠠᠭᠤᠯᠤᠨ ᠤᠳᠤᠷᠢᠳᠤᠭᠠᠴᠢᠳ 《 ᠬᠡᠪ ᠨᠠᠮᠪᠠ 》  ᠶ᠋ᠢᠨ ᠬᠠᠯᠬᠠᠪᠴᠢ ᠵᠢ ᠢᠲᠡᠭᠡᠯ ᠲᠡᠭᠦᠯᠳᠡᠷ᠎ᠢᠶᠡᠷ ᠡᠪᠳᠡᠪᠡ᠃《ᠬᠡᠪ ᠨᠠᠮᠪᠠ》 ᠨᠢ ᠨᠢᠭᠡ ᠵᠦᠶ᠋ᠯ ᠤ᠋ᠨ  ᠬᠢᠵᠠᠭᠠᠷᠳᠠᠮᠠᠯ ᠴᠢᠨᠠᠷᠲᠠᠶ ᠣᠷᠣᠱᠢᠬᠤᠶ ᠪᠢᠰᠢ᠂ ᠬᠠᠷᠢᠨ ᠨᠢᠭᠡ ᠵᠦᠶ᠋ᠯ ᠤ᠋ᠨ  ᠨᠡᠭᠡᠭᠡᠯᠲᠡᠲᠦ ᠳᠦᠷᠢ ᠪᠠᠢᠳᠠᠯ᠂ ᠨᠢᠭᠡ ᠵᠦᠶ᠋ᠯ ᠤ᠋ᠨ  ᠶᠠᠷᠢᠯᠴᠠᠭ᠎ᠠ ᠪᠣᠯᠵᠣ ᠮᠡᠳᠡᠨ᠎ᠡ᠂ ᠡᠨᠡ ᠨᠢ ᠥᠪᠥᠷ ᠮᠣᠩᠭᠣᠯ ᠤ᠋ᠨ ᠪᠥᠵᠢᠭ 《ᠦᠵᠡᠭ᠌ᠳᠡᠯ 》 ᠪᠣᠯᠤᠭ᠍ᠰᠠᠨ ᠤ᠋ ᠱᠢᠯᠲᠠᠭᠠᠨ ᠪᠠᠢᠵᠤ ᠮᠡᠳᠡᠨ᠎ᠡ᠃ ᠥᠪᠥᠷ ᠮᠣᠩᠭᠣᠯ ᠤ᠋ᠨ ᠤᠯᠠᠨ ᠵᠦᠢᠯ ᠤ᠋ᠨ  ᠰᠣᠶᠣᠯ ᠤ᠋ᠨ ᠬᠥᠷᠥᠰᠥᠨ᠎ᠳᠦ ᠦᠨᠳᠦᠰᠦᠯᠡᠵᠦ᠍᠂ ᠣᠷᠣᠨ ᠨᠤᠲᠤᠭ ᠤ᠋ᠨ ᠣᠨᠴᠠᠯᠢᠭ᠎ᠢᠶᠠᠨ ᠬᠠᠳᠠᠭᠠᠯᠠᠬᠤ ᠶ᠋ᠢᠨ ᠬᠠᠮᠲᠤ ᠡᠯ᠎ᠡ ᠵᠦᠢᠯ ᠤ᠋ᠨ  ᠤᠷᠠᠯᠢᠭ ᠤ᠋ᠨ ᠱᠢᠮ᠎ᠡ ᠲᠡᠵᠢᠭᠡᠯ᠎ᠢ ᠴᠢᠯᠥᠭᠡᠲᠡᠢ ᠱᠢᠩᠭᠡᠭᠡᠨ ᠠᠪᠳᠠᠭ᠃

ᠬᠡᠯᠡᠯᠭᠡᠨ ᠦᠭᠡᠢ᠂ ᠡᠢᠮᠦᠷᠬᠦᠦ ᠨᠡᠭᠡᠭᠡᠯᠲᠡ ᠨᠢ ᠨᠠᠢᠷᠠᠭᠤᠯᠤᠨ ᠤᠳᠤᠷᠢᠳᠤᠭᠠᠴᠢ᠂ ᠪᠥᠵᠢᠭ᠌ᠴᠢᠨ᠎ᠦ ᠵᠣᠬᠢᠶᠠᠨ ᠪᠦᠲᠦᠭᠡᠯᠭᠡ ᠶ᠋ᠢᠨ ᠣᠢᠯᠠᠭᠠᠭ᠍ᠳᠠᠬᠤᠨ ᠳᠡᠭᠡᠷ᠎ᠡ ᠢᠯᠡᠷᠡᠵᠦ᠍ ᠪᠠᠢᠬᠤ᠎ᠪᠠᠷ ᠪᠠᠷᠠᠬᠤ ᠦᠭᠡᠢ᠂ ᠲᠠᠢᠰᠠᠨ ᠤ᠋ ᠪᠥᠵᠢᠭ ᠤ᠋ᠨ ᠭᠤᠤ᠎ᠠ ᠰᠠᠢᠬᠠᠨ ᠤ᠋ ᠵᠣᠬᠢᠶᠠᠨ ᠪᠦᠲᠦᠭᠡᠯᠭᠡ ᠳᠡᠭᠡᠷ᠎ᠡ ᠴᠦ᠍ ᠢᠯᠡᠷᠡᠵᠦ᠍ ᠪᠠᠢᠳᠠᠭ᠃ ᠲᠣᠰ ᠤᠳᠠᠭᠠᠨ ᠤ᠋ ᠦᠳᠡᠱᠢᠯᠡᠭᠡ ᠵᠢ ᠪᠣᠳᠠᠲᠠᠶ ᠳᠠᠭᠠᠭᠠᠨ ᠡᠷᠭᠢᠯᠡᠬᠦ᠌ ᠨᠢᠭᠡᠴᠡ ᠪᠣᠯᠤᠭ᠍ᠰᠠᠨ ᠤ᠋ ᠬᠤᠪᠢ ᠳ᠋ᠤ᠂ ᠥᠪᠥᠷ ᠮᠣᠩᠭᠣᠯ ᠤ᠋ᠨ ᠪᠥᠵᠢᠭ᠌ᠴᠢᠳ ᠤ᠋ᠨ  ᠨᠡᠢᠭᠡᠮᠯᠢᠭ᠎ᠨᠢ ᠪᠥᠵᠢᠭ ᠤ᠋ᠨ  ᠭᠤᠤ᠎ᠠ ᠰᠠᠢᠬᠠᠨ᠎ᠢ ᠢᠯᠡᠷᠡᠭᠦᠯᠬᠦ᠌ ᠲᠠᠯ᠎ᠠ᠎ᠪᠠᠷ ᠴᠤ᠌ ᠭᠦᠨᠵᠡᠭᠡᠶ ᠪᠣᠳᠣᠯᠬᠢᠯᠠᠯ ᠬᠢᠭ᠌ᠰᠡᠨ ᠪᠠᠢᠨ᠎ᠠ᠃ ᠪᠥᠵᠢᠭ ᠤ᠋ᠨ  ᠬᠠᠮᠤᠭ ᠵᠢᠩᠬᠢᠨᠢ᠂ ᠴᠡᠪᠡᠷ ᠤᠷᠠᠯᠢᠭ ᠤ᠋ᠨ ᠭᠤᠤ᠎ᠠ ᠰᠠᠢᠬᠠᠨ᠎ᠢ ᠢᠯᠡᠷᠡᠭᠦᠯᠬᠦ᠌ ᠵᠢ ᠬᠥᠭᠡᠭᠡᠴᠡᠯᠳᠦᠭ᠌ᠰᠡᠨ ᠰᠠᠭᠤᠷᠢᠨ ᠳᠡᠭᠡᠷ᠎ᠡ᠂ ᠪᠥᠵᠢᠭ᠌ᠯᠡᠭ᠌ᠴᠢ ᠶ᠋ᠢᠨ ᠪᠡᠶ᠎ᠡ ᠮᠠᠬᠠᠪᠣᠳ ᠤ᠋ᠨ ᠢᠯᠡᠳᠭᠡᠬᠦ᠌ ᠵᠠᠭᠠᠭ᠎ᠢ ᠥᠷᠭᠡᠳᠭᠡᠵᠦ᠍᠂ ᠦᠵᠡᠭ᠌ᠴᠢᠳ ᠲᠸ᠋ ᠴᠣ᠌ ᠱᠢᠨ᠎ᠡ ᠬᠠᠷᠠᠭᠠᠨ ᠰᠡᠷᠡᠯ ᠤ᠋ᠨ  ᠬᠦᠷᠲᠡᠭᠡᠯ ᠣᠯᠭᠣᠬᠤ ᠡᠢᠮᠦᠷᠬᠦᠦ ᠨᠢᠭᠡᠨ ᠰᠡᠳᠭᠢᠮᠵᠢ ᠵᠢ ᠲᠣᠳᠣᠷᠬᠠᠢᠯᠠᠭ᠍ᠰᠠᠨ ᠪᠠᠢᠨ᠎ᠠ᠃ ᠬᠠᠮᠤᠭ ᠡᠴᠦᠰ ᠲᠸ᠋ ᠲᠣᠭᠠᠨ ᠤ᠋ ᠡᠵᠡᠮᠱᠢᠯᠲᠦ ᠳ᠋ᠧᠩ ᠤ᠋ᠨ ᠬᠡᠷᠡᠯ᠂ ᠰᠢᠨ᠎ᠠ ᠬᠡᠯᠪᠡᠷᠢ ᠵᠢᠨ LED ᠲᠡᠯᠭᠡᠴᠡ ᠵᠡᠷᠭᠡ ᠮᠡᠷᠭᠡᠵᠢᠯ ᠤ᠋ᠨ ᠬᠡᠷᠡᠭᠯᠡᠯᠳᠡ ᠨᠢ᠂ ᠪᠦᠵᠢᠭᠴᠢᠳ ᠤ᠋ᠨ ᠴᠤᠭ ᠵᠤᠯᠢ ᠪᠠ ᠢᠳᠡ ᠬᠦᠴᠦᠳᠡᠢ ᠤᠷᠠᠯᠢᠭ ᠤ᠋ᠨ ᠨᠦᠯᠦᠬᠡᠯᠡᠬᠦ᠌ ᠬᠦᠴᠦᠨ᠎ᠯᠤᠭ᠎ᠠ ᠲᠠᠢᠰᠠᠨ᠎ᠠ ᠠᠭᠤᠰᠤᠯᠴᠠᠵᠤ᠂ ᠦᠵᠡᠭᠴᠢᠳ ᠎ᠤ᠋ᠨ ᠠᠬᠤᠢ ᠲᠠᠯᠠᠪᠠᠢ ᠵᠢᠨ ᠪᠠᠶᠠᠴᠢᠯᠠᠨ ᠦᠢᠯᠠᠭᠠᠯᠳᠠ  ᠵᠢᠨ ᠲᠦᠷᠦᠭᠳᠡᠯ᠎ᠢ ᠨᠡᠡᠭ ᠢᠯᠡᠬᠦᠤ ᠬᠦᠨᠵᠡᠭᠡᠢᠷᠡᠬᠦᠯᠵᠤ ᠂ ᠤᠯᠠᠮᠵᠢᠯᠠᠯᠳᠤ ᠪᠦᠵᠢᠭ ᠤᠷᠠᠯᠢᠭ ᠲᠸ᠋  ᠱᠢᠨ᠎ᠡ ᠠᠮᠢᠵᠢᠷᠠᠯ ᠤ᠋ᠨ ᠬᠦᠴᠦᠨ᠎ᠢ ᠣᠯᠭᠣᠭ᠍ᠰᠠᠨ ᠪᠠᠢᠨ᠎ᠠ᠃

ᠪᠦᠵᠢᠭ ᠎ᠤ᠋ᠨ ᠤᠷᠠᠯᠢᠭ ᠤ᠋ᠨ  ᠰᠢᠨ᠎ᠠ ᠦᠨᠳᠦᠷᠯᠢᠭ ᠤ᠋ᠨ ᠪᠠᠷᠠᠯᠠᠯ

《 ᠪᠦᠵᠢᠭᠳᠦ ᠲᠤᠤᠯᠢᠰ — 2026 ᠥᠪᠥᠷ ᠮᠣᠩᠭᠣᠯ ᠤ᠋ᠨ ᠱᠢᠨ᠎ᠡ ᠵᠢᠯ ᠤ᠋ᠨ  ᠪᠥᠵᠢᠭ ᠤ᠋ᠨ  ᠦᠳᠡᠱᠢᠯᠡᠭᠡ》 ᠵᠢ ᠠᠮᠵᠢᠯᠲᠠ᠎ᠲᠠᠶ ᠡᠷᠭᠢᠯᠡᠭ᠌ᠰᠡᠨ᠎ᠨᠢ ᠪᠠᠰᠠ ᠥᠪᠥᠷ ᠮᠣᠩᠭᠣᠯ ᠤ᠋ᠨ ᠪᠥᠵᠢᠭ ᠤ᠋ᠨ  ᠤᠷᠠᠯᠢᠭ᠎ᠢ ᠪᠦᠲᠦᠭᠡᠯᠴᠢ᠎ᠪᠡᠷ ᠤᠯᠠᠷᠢᠭᠤᠯᠬᠤ ᠱᠢᠨ᠎ᠡ ᠵᠢ ᠡᠭᠦᠳᠬᠦ᠌ ᠴᠢᠨᠠᠷᠲᠠᠶ ᠬᠥᠭ᠌ᠵᠢᠯᠲᠡ ᠶ᠋ᠢᠨ ᠳᠤᠮᠳᠠ ᠱᠢᠨ᠎ᠡ ᠥᠨᠳᠥᠷᠯᠢᠭ ᠲᠸ᠋ ᠭᠦᠷᠦᠭ᠌ᠰᠡᠨ᠎ᠢ ᠬᠠᠷᠠᠭᠤᠯᠵᠤ ᠪᠠᠢᠬᠤ ᠪᠥᠭᠡᠳ ᠲᠠᠷᠠᠭᠠᠴᠢ ᠶ᠋ᠢᠨ ᠨᠢᠭᠡ ᠨᠣᠶᠠᠨ ᠣᠷᠭᠢᠯ᠎ᠢ ᠪᠠᠷᠠᠯᠠᠵᠤ ᠪᠠᠢᠬᠤ ᠶᠠᠪᠤᠳᠠᠯ ᠪᠤᠯᠤᠨ᠎ᠠ᠃ ᠲᠡᠭᠦᠨ᠎ᠦ ᠬᠥᠳᠡᠯᠭᠡᠬᠦ᠌ ᠬᠦᠴᠦᠨ ᠨᠢ ᠥᠪᠥᠷ ᠮᠣᠩᠭᠣᠯ ᠤ᠋ᠨ ᠪᠥᠵᠢᠭ᠌ᠴᠢᠳ ᠤ᠋ᠨ  ᠲᠠᠰᠤᠷᠠᠯᠲᠠ ᠦᠭᠡᠢ ᠤᠷᠤᠭ᠍ᠰᠢᠯᠠᠬᠤ ᠱᠢᠨ᠎ᠡ ᠵᠢ ᠡᠭᠦᠳᠬᠦ᠌ ᠰᠦᠪᠡᠭ᠌ᠴᠢᠯᠡᠯ᠂ ᠭᠤᠢᠪᠢᠰᠢ ᠦᠭᠡᠢ ᠲᠡᠮᠡᠴᠡᠬᠦ᠌ ᠠᠷᠠᠳ ᠲᠦᠮᠡᠨ᠎ᠢ ᠲᠡᠭᠡᠳᠦᠯᠡᠬᠦ ᠪᠣᠯᠤᠨ ᠤᠭ ᠰᠠᠨᠠᠭ᠎ᠠ᠎ᠪᠠᠨ ᠡᠭᠦᠷᠢᠳᠡ  ᠮᠠᠷᠳᠠᠬᠤ ᠦᠬᠡᠢ ᠬᠠᠯᠠᠭᠤᠨ ᠰᠡᠳᠭᠢᠯᠭᠡ᠎ᠡᠴᠡ ᠢᠷᠡᠯᠲᠡ᠎ᠲᠡᠶ ᠶᠤᠮ᠃ ᠱᠢᠨ᠎ᠡ ᠠᠶᠠᠨ ᠵᠠᠮ᠎ᠳ᠋ᠠᠭᠠᠨ᠂ ᠥᠪᠥᠷ ᠮᠣᠩᠭᠣᠯ ᠤ᠋ᠨ ᠪᠦᠵᠢᠭᠴᠢᠳ ᠨᠡᠩ ᠡᠷᠡᠰ ᠪᠠᠲᠤ ᠰᠣᠶᠣᠯ ᠤ᠋ᠨ ᠢᠲᠡᠭᠡᠯ᠂ ᠨᠡᠩ ᠥᠷᠭᠡᠨ ᠠᠭᠤᠳᠠᠮ ᠤᠷᠠᠯᠢᠭ ᠤ᠋ᠨ ᠬᠠᠷᠠᠭᠠᠰᠤ ᠪᠣᠯᠤᠨ ᠨᠡᠩ ᠭᠣᠢᠳᠠ ᠰᠠᠢᠬᠠᠨ ᠤᠷ᠎ᠠ ᠮᠡᠷᠭᠡᠵᠢᠯ᠎ᠢᠶᠡᠷ ᠳᠤᠮᠳᠠᠳᠤ ᠶ᠋ᠢᠨ ᠪᠣᠯᠪᠠᠰᠤᠨ ᠪᠣᠯᠤᠨ ᠥᠪᠥᠷ ᠮᠣᠩᠭᠣᠯ ᠤ᠋ᠨ ᠡᠯᠪᠡᠭ ᠪᠠᠶᠠᠯᠢᠭ ᠰᠣᠶᠣᠯ ᠤ᠋ᠨ ᠡᠬᠢ ᠪᠠᠶᠠᠯᠢᠭ ᠤ᠋ᠨ ᠱᠢᠮᠡᠯᠢᠭ ᠬᠥᠷᠥᠰᠥᠨ᠎ᠳᠦ ᠭᠦᠨ ᠦᠨᠳᠦᠰᠦᠯᠡᠵᠦ᠍᠂ ᠤᠯᠠᠮᠵᠢᠯᠠᠯ ᠪᠣᠯᠤᠨ ᠤᠳᠤ ᠦᠶ᠎ᠡ ᠶ᠋ᠢᠨ ᠨᠠᠢᠷᠠᠯ ᠬᠥᠭ᠌ᠵᠢᠮ᠎ᠢ ᠦᠷᠭᠦᠯᠵᠢᠯᠡᠨ ᠪᠥᠵᠢᠭ᠌ᠯᠡᠵᠦ᠍᠂ ᠤᠯᠠᠮᠵᠢᠯᠠᠬᠤ ᠪᠠ ᠱᠢᠨ᠎ᠡ ᠵᠢ ᠡᠭᠦᠳᠬᠦ᠌ ᠢᠷᠠᠭᠤ ᠬᠠᠭᠤᠳᠠᠰᠤ ᠵᠢ ᠪᠢᠴᠢᠭ᠌ᠯᠡᠬᠦ᠎ᠳᠤ ᠥᠪᠥᠷ ᠮᠣᠩᠭᠣᠯ ᠤ᠋ᠨ ᠪᠥᠵᠢᠭ᠌ᠴᠢᠳ ᠤ᠋ᠨ  ᠠᠤᠭ᠎ᠠ ᠶᠡᠬᠡ ᠬᠦᠴᠦᠨ ᠴᠢᠳᠠᠯ᠎ᠢᠶᠠᠨ ᠡᠷᠭᠦᠬᠦ᠌  ᠬᠡᠳᠡᠭ  ᠲᠸ᠋  ᠢᠳᠡᠭᠡᠵᠤ  ᠪᠤᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面