2026-11-19 10:10:24
— 《ᠤᠩᠨᠢᠭᠤᠳ ᠨᠡᠷᠡᠮᠵᠢᠳᠤ》 ᠪᠤᠭᠤᠨᠢ ᠦᠬᠦᠯᠡᠯᠬᠡ᠎ᠶ᠋ᠢᠨ ᠤᠷᠤᠯᠳᠤᠭᠠᠨ᠎ᠤ ᠪᠦᠳᠦᠬᠡᠯ᠎ᠤᠨ ᠲᠤᠭᠤᠷᠢᠨ᠎ᠳᠤ
2014 ᠤᠨ᠎ᠳᠤ ᠠᠩᠬ᠎ᠠ ᠡᠬᠢᠯᠡᠨ ᠶᠠᠪᠤᠭ᠍ᠳᠠᠭ᠍ᠰᠠᠨ 《ᠤᠩᠨᠢᠭᠤᠳ ᠨᠡᠷᠡᠮᠵᠢᠳᠤ》 ᠪᠤᠭᠤᠨᠢ ᠦᠬᠦᠯᠡᠯᠬᠡ᠎ᠶ᠋ᠢᠨ ᠤᠷᠤᠯᠳᠤᠭᠠᠨ᠎ᠨᠢ ᠤᠳᠤ ᠪᠤᠯᠬᠤ᠎ᠳᠤ ᠲᠦᠷᠪᠡᠳᠡᠬᠢ ᠡᠬᠡᠯᠵᠢ᠎ᠪᠠᠨ ᠪᠤᠯᠵᠦ᠍ 《 ᠪᠤᠷᠬᠠᠨ᠎ᠲᠠᠢ ᠨᠤᠳᠤᠭ》᠂ 《ᠰᠠᠨᠠᠵᠦ᠍ ᠬᠦᠷᠬᠦ᠌ ᠦᠬᠡᠢ ᠨᠤᠳᠤᠭ》 ᠪᠠ 《ᠬᠠᠷᠠᠭᠤᠯ ᠨᠤᠳᠤᠭ》 ᠬᠡᠬᠦ᠌ ᠭᠤᠷᠪᠠᠨ ᠨᠤᠮ ᠬᠡᠪᠯᠡᠭ᠌ᠳᠡᠭ᠌ᠰᠡᠨ ᠪᠠᠢᠨ᠎ᠠ᠃ ᠣᠩᠨᠢᠭᠤᠳ᠎ᠤᠨ ᠣᠬᠤᠷ ᠦᠭᠦᠯᠡᠯᠭᠡ᠎ᠶ᠋ᠢᠨ ᠣᠷᠣᠯᠳᠣᠭᠠᠨ᠎ᠨᠢ ᠱᠢᠨ᠎ᠡ ᠴᠠᠭ ᠦᠶ᠎ᠡ᠎ᠳᠤ ᠲᠤᠬᠢᠷᠠᠭ᠍ᠰᠠᠨ ᠨᠢᠭᠡ ᠵᠦᠢᠯ᠎ᠤᠨ ᠱᠢᠨ᠎ᠡ ᠡᠷᠢᠯᠬᠢᠯᠡᠯ ᠪᠤᠯᠤᠯ᠎ᠠ ᠬᠡᠵᠦ᠍ ᠬᠡᠯᠡᠵᠦ᠍ ᠪᠤᠯᠤᠨ᠎ᠠ᠃ ᠲᠤᠰ ᠦᠬᠦᠯᠡᠯ᠎ᠳᠤ ᠪᠤᠳᠠᠳᠤ ᠠᠬᠤᠢ᠂ ᠪᠤᠳᠤᠯ᠎ᠤᠨ ᠶᠢᠷᠳᠢᠨᠴᠦ᠍ ᠪᠠ ᠬᠡᠢ ᠰᠡᠷᠡᠯᠵᠢᠭ᠌ᠰᠡᠨ ᠠᠬᠤᠢ ᠬᠡᠬᠦ᠌ ᠭᠤᠷᠪᠠᠨ ᠲᠠᠯ᠎ᠠ᠎ᠠᠴᠠ《ᠤᠩᠨᠢᠭᠤᠳ ᠨᠡᠷᠡᠮᠵᠢᠳᠦ》 ᠤᠬᠤᠷ ᠦᠬᠦᠯᠡᠭᠡᠶ᠋ᠢᠨ ᠪᠦᠳᠦᠬᠡᠯ᠎ᠤᠨ ᠤᠷᠠᠯᠢᠭ᠎ᠤᠨ ᠶᠢᠷᠳᠢᠨᠴᠦ᠍᠎ᠶ᠋ᠢ ᠵᠠᠳᠠᠯᠤᠭ᠍ᠰᠠᠨ ᠪᠠᠢᠨ᠎ᠠ᠃
ᠤᠩᠨᠢᠭᠤᠳ᠎ᠤᠨ ᠤᠬᠤᠷ ᠦᠬᠦᠯᠯᠡᠭᠡᠶ᠋ᠢᠨ ᠤᠷᠤᠯᠳᠤᠭᠠᠨ᠎ᠤ ᠪᠦᠳᠦᠬᠡᠯ᠎ᠨᠢ ᠤᠳᠤᠬᠢᠴᠢ᠂ ᠬᠤᠵᠢᠭᠤ ᠤᠳᠤᠬᠢᠴᠢ ᠦᠵᠡᠯ᠎ᠤᠨ ᠠᠷᠭ᠎ᠠ ᠪᠠᠷᠢᠯ᠎ᠢ ᠬᠡᠷᠡᠭ᠌ᠯᠡᠨ ᠵᠤᠬᠢᠶᠠᠯ᠎ᠢᠶᠠᠨ ᠵᠤᠬᠢᠶᠠᠮᠵᠢᠯᠠᠨ ᠱᠢᠨ᠎ᠡ᠎ᠶ᠋ᠢ ᠰᠦᠪᠡᠭ᠌ᠴᠢᠯᠡᠨ ᠤᠬᠤᠷ ᠦᠬᠦᠯᠡᠯᠬᠡ᠎ᠶ᠋ᠢᠨ ᠦᠩᠬᠡ ᠲᠦᠷᠰᠦ᠎ᠶ᠋ᠢ ᠬᠤᠪᠢᠷᠠᠭᠤᠯᠵᠠᠢ᠃ ᠡᠳᠡᠭᠡᠷ ᠤᠬᠤᠷ ᠦᠬᠦᠯᠡᠯᠬᠡ᠎ᠨᠢ ᠤᠬᠤᠷ ᠠᠪᠰᠠᠷᠬᠠᠨ ᠦᠬᠡ ᠬᠠᠭᠤᠳᠠᠰᠤᠨ ᠲᠤᠳᠤᠷ᠎ᠠ ᠡᠷᠳᠡᠨ ᠡᠳᠦᠬᠡ᠂ ᠡᠩ ᠶᠡᠷᠦᠮᠳᠡᠭ᠂ ᠡᠬᠡᠯ ᠲᠤᠤᠷᠠᠳᠤ᠂ ᠡᠷᠬᠢᠮ ᠲᠡᠭᠡᠳᠦ᠍ᠶ᠋ᠢ ᠰᠣᠯᠪᠢᠴᠠᠯᠳᠤᠭᠤᠯᠤᠨ᠂ ᠠᠮᠢᠳᠤᠯᠢᠭ ᠪᠤᠳᠠᠳᠠᠢ ᠤᠷᠠᠯᠢᠭ᠎ᠤᠨ ᠶᠢᠷᠳᠢᠨᠴᠦ᠍᠎ᠶ᠋ᠢ ᠪᠦᠳᠦᠬᠡᠵᠦ᠍᠂ ᠤᠩᠱᠢᠬ᠍ᠴᠢᠶ᠋ᠢ ᠤᠳᠤᠷᠢᠳᠤᠨ ᠤᠬᠠᠭᠠᠷᠠᠭᠤᠯᠤᠨ ᠰᠡᠬᠡᠬᠡᠷᠡᠬᠦᠯᠵᠦ᠍ ᠰᠤᠶᠤᠨ ᠬᠡᠬᠡᠷᠡᠬᠦᠯᠵᠦ᠍ ᠰᠠᠢᠨ ᠰᠠᠢᠬᠠᠨ ᠠᠮᠢᠳᠤᠷᠠᠯ᠎ᠤᠨ ᠲᠤᠬᠠᠢ ᠡᠷᠢᠯ ᠬᠦᠬᠡᠬᠡᠴᠡᠯᠳᠦᠯᠢᠨᠢ ᠰᠡᠷᠬᠦᠬᠡᠳᠡᠭ᠃ ᠲᠡᠷᠡ᠎ᠨᠢ ᠪᠤᠳᠠᠳᠤ ᠠᠬᠤᠢ᠂ ᠪᠤᠳᠤᠯ᠎ᠤᠨ ᠠᠬᠤᠢ ᠪᠠ ᠬᠡᠢ ᠰᠡᠷᠡᠯᠵᠢᠭ᠌ᠰᠡᠨ ᠠᠬᠤᠢ ᠶᠢᠷᠳᠢᠨᠴᠦ᠍᠎ᠶ᠋ᠢ ᠪᠦᠳᠦᠬᠡᠵᠦ᠍ ᠤᠩᠱᠢᠬ᠍ᠴᠢᠳᠲᠤ ᠤᠶᠤᠨ᠎ᠤ ᠬᠦᠷᠳᠡᠬᠡᠯ ᠬᠠᠩᠭᠠᠵᠦ᠍ ᠴᠢᠳᠠᠭ᠍ᠰᠠᠨ ᠪᠠᠢᠨ᠎ᠠ᠃
ᠨᠢᠬᠡ᠂ ᠪᠤᠳᠠᠳᠤ ᠠᠬᠤᠢ
(ᠨᠢᠬᠡ) ᠠᠬᠤᠢ᠎ᠶ᠋ᠢᠨ ᠬᠠᠷᠠᠭᠤᠯᠤᠯ
ᠵᠢ᠊·ᠴᠡᠩᠬᠡᠯ᠎ᠤᠨ 《ᠪᠤᠷᠬᠠᠨ᠎ᠲᠠᠢ ᠨᠤᠳᠤᠭ》᠂ ᠮᠦ᠍᠊·ᠬᠤᠤᠰᠪᠠᠶᠠᠷ᠎ᠤᠨ 《ᠤᠪᠤᠭ᠎ᠠ ᠡᠷᠬᠢᠬᠦ᠌ ᠴᠠᠭ᠎ᠢᠶᠠᠷ》᠂ ᠬᠠᠷᠭᠤᠢ᠎ᠶ᠋ᠢᠨ 《ᠭᠠᠨᠳᠠᠷᠢᠰᠤᠨ ᠲᠠᠯ᠎ᠠ ᠨᠤᠳᠤᠭ》 ᠵᠡᠷᠬᠡ ᠵᠤᠬᠢᠶᠠᠯ᠎ᠨᠢ ᠨᠤᠳᠤᠭ ᠤᠰᠤᠨ᠎ᠤ ᠬᠦᠭ᠌ᠵᠢᠯ ᠬᠤᠪᠢᠷᠠᠯ ᠠᠮᠢ ᠠᠬᠤᠢ᠎ᠶ᠋ᠢᠨ ᠰᠠᠢᠵᠢᠷᠠᠯᠢ ᠬᠠᠷᠠᠭᠤᠯᠵᠦ᠍ ᠪᠢᠴᠢᠭ᠌ᠰᠡᠨ ᠪᠠᠢᠨ᠎ᠠ᠃ ᠵᠢᠱ᠌ᠢᠶᠡᠯᠡᠪᠡᠯ ᠲ᠊·ᠬᠤᠷᠴᠠ᠎ᠶ᠋ᠢᠨ《ᠮᠦᠩᠬᠡ ᠲᠡᠭ᠌ᠷᠢ᠎ᠶ᠋ᠢᠨ ᠮᠡᠯᠮᠡᠢ》 ᠬᠡᠰᠡᠨ ᠵᠤᠬᠢᠶᠠᠯ ᠪᠤᠯ ᠮᠤᠩᠭᠤᠯ᠎ᠤᠨ ᠦᠨᠳᠦᠷᠯᠢᠭ᠎ᠤᠨ ᠡᠷᠳᠡᠨ᠎ᠤ ᠲᠤᠮᠤᠭ᠎ᠠᠴᠠ ᠰᠡᠳᠦᠪᠯᠡᠵᠦ᠍ ᠬᠠᠳᠤᠨ ᠪᠠ ᠮᠤᠷᠢ᠎ᠪᠠᠨ ᠦᠭ᠌ᠴᠦ ᠪᠤᠯᠤᠭ᠍ᠰᠠᠨ ᠴᠤ᠌ ᠡᠴᠤᠰ᠎ᠲᠤ ᠨᠤᠳᠤᠭ᠎ᠢᠶᠠᠨ ᠬᠠᠮᠠᠭᠠᠯᠠᠨ ᠲᠠᠢᠨ ᠡᠬᠦᠰᠦᠭ᠌ᠰᠡᠨ ᠤᠴᠢᠷ᠎ᠢ ᠪᠢᠴᠢᠵᠡᠢ᠃ ᠳ᠋᠊·ᠮᠦᠩᠬᠡᠵᠢᠷᠭᠠᠯ᠎ᠤᠨ 《ᠡᠬᠦᠯᠡᠨ ᠪᠤᠭᠤᠯᠠᠭ᠎ᠠ᠎ᠲᠠᠢ ᠨᠠᠷᠠ》 ᠳ᠋ᠤ ᠱᠢᠪᠠᠭᠤᠨ᠎ᠤ ᠦᠨᠳᠡᠭᠡᠨ᠎ᠳᠤ ᠬᠦᠷᠳᠡᠯ᠎ᠡ ᠰᠡᠭᠦᠳᠡᠷ᠎ᠢᠶᠠᠨ ᠲᠤᠰᠭᠠᠳᠠᠭ ᠦᠬᠡᠢ ᠡᠬᠡ ᠪᠠᠢᠭᠠᠯᠢ᠎ᠪᠠᠨ ᠬᠠᠢᠷᠠᠯᠠᠬᠤ ᠵᠠᠩ ᠴᠢᠨᠠᠷ᠎ᠢ ᠵᠢᠷᠤᠭ᠍ᠯᠠᠨ ᠦᠵᠡᠭᠦᠯᠵᠡᠢ᠃ ᠰ᠊·ᠪᠦᠬᠡᠴᠢᠯᠠᠭᠤ᠎ᠶ᠋ᠢᠨ 《ᠲᠡᠭ᠌ᠷᠢ᠎ᠶ᠋ᠢᠨ ᠨᠢᠭᠤᠴᠠ 》᠂ ᠬᠠ᠊·ᠪᠠᠳᠤᠵᠢᠷᠭᠠᠯ᠎ᠤᠨ 《ᠤᠷᠤᠨ ᠵᠠᠢ》 ᠵᠡᠷᠬᠡ ᠵᠤᠬᠢᠶᠠᠯ ᠠᠮᠢ ᠠᠬᠤᠢ᠎ᠶ᠋ᠢᠨ ᠡᠪᠳᠡᠭ᠌ᠳᠡᠯ᠎ᠳᠤ ᠰᠡᠳᠭᠢᠯ ᠭᠠᠩᠰᠠᠷᠠᠭ᠍ᠰᠠᠨ ᠵᠤᠬᠢᠶᠠᠯ ᠪᠤᠯᠤᠨ᠎ᠠ᠃
ᠤᠷᠠᠨ ᠵᠤᠬᠢᠶᠠᠯᠴᠢ ᠪᠤᠯ ᠨᠡᠢᠬᠡᠮ᠎ᠤᠨ ᠪᠤᠳᠠᠳᠤ ᠠᠬᠤᠢ᠎ᠠᠴᠠ ᠮᠠᠲ᠋ᠧᠷᠢᠶᠠᠯ ᠠᠪᠴᠦ᠍ ᠨᠡᠢᠬᠡᠮ᠎ᠤᠨ ᠦᠩᠬᠡᠪᠴᠢ ᠦᠵᠡᠭ᠌ᠳᠡᠯ᠎ᠢ ᠢᠯᠡᠴᠢᠯᠡᠨ ᠰᠢᠭᠦᠮᠵᠢᠯᠡᠳᠡᠭ᠃ ᠰ᠊·ᠮᠦᠷᠦᠬᠡᠳᠦᠯ᠎ᠤᠨ 《ᠵᠡᠷᠯᠢᠭ ᠰᠠᠯᠬᠢᠨ᠎ᠠ ᠪᠤᠷᠤᠭ ᠡᠪᠡᠰᠦ ᠨᠠᠢᠭᠤᠨ᠎ᠠ》 ᠬᠡᠬᠦ᠌ ᠵᠤᠬᠢᠶᠠᠯ᠎ᠳᠤ ᠡᠷ᠎ᠡ ᠨᠦᠬᠦᠷ᠎ᠨᠢ ᠨᠠᠰᠤ ᠪᠠᠷᠠᠭ᠍ᠰᠠᠨ᠎ᠤ ᠬᠤᠢᠨ᠎ᠠ᠂ ᠨᠡᠢᠬᠡᠮ᠎ᠠᠴᠠ ᠪᠠᠯᠪᠠᠰᠤᠨ ᠡᠮᠡᠭ᠌ᠳᠡᠢ᠎ᠳᠤ ᠬᠠᠨᠳᠤᠵᠦ᠍ ᠪᠠᠢᠭ᠎ᠠ ᠬᠠᠢᠷ᠎ᠠ ᠨᠠᠢᠷ ᠦᠬᠡᠢ ᠪᠠᠢᠳᠠᠯ ᠪᠠ ᠬᠠᠮᠤᠭ ᠡᠴᠤᠰ᠎ᠲᠤ ᠡᠨᠡ ᠡᠮᠡᠭ᠌ᠳᠡᠢ ᠠᠮᠢ᠎ᠪᠠᠨ ᠬᠤᠤᠷᠯᠠᠭ᠍ᠰᠠᠨ ᠦᠯᠢᠬᠡᠷ᠎ᠢ ᠪᠢᠴᠢᠵᠡᠢ᠃《ᠦᠷ᠎ᠡ ᠦᠨᠳᠦᠰᠦ 》᠂ 《ᠨᠤᠳᠤᠭ》᠂ 《ᠵᠠᠮ᠎ᠤᠨ ᠲᠤᠭᠤᠰᠤ》᠂ 《ᠲᠠᠯ᠎ᠠ᠎ᠶ᠋ᠢᠨ ᠬᠦᠨᠳᠡᠢ》 ᠵᠡᠷᠬᠡ ᠵᠤᠬᠢᠶᠠᠯ ᠪᠤᠯ ᠨᠡᠢᠬᠡᠮ᠎ᠤᠨ ᠠᠬᠤᠢ ᠠᠮᠢᠳᠤᠷᠠᠯ᠎ᠤᠨ ᠲᠤᠮᠳᠠᠬᠢ ᠬᠦᠳᠡᠭᠡ᠎ᠠᠴᠠ ᠬᠤᠳᠠ ᠤᠷᠤᠬᠤ ᠲᠤᠷ᠎ᠠ ᠦᠬᠡᠢ ᠨᠠᠰᠤᠳᠠᠳ᠎ᠤᠨ ᠵᠦᠷᠢᠴᠡᠯᠳᠦ ᠰᠡᠳᠭᠢᠯᠬᠡ ᠪᠠ ᠬᠦᠳᠡᠭᠡ᠎ᠳᠡᠭᠡᠨ ᠤᠷᠤᠱᠢᠨ ᠲᠤᠭ᠍ᠳᠠᠨᠢᠵᠦ᠍ ᠲᠡᠢᠯᠬᠦ᠌ ᠦᠬᠡᠢ᠂ ᠬᠤᠳᠠ ᠤᠷᠤᠭᠠᠳ ᠠᠮᠢᠳᠤᠷᠠᠵᠦ᠍ ᠲᠡᠢᠯᠬᠦ᠌ ᠦᠬᠡᠢ ᠵᠠᠷᠢᠮ ᠮᠠᠯᠴᠢᠳ᠎ᠤᠨ ᠭᠤᠨᠢᠭ᠍ᠳᠤ ᠪᠠᠢᠳᠠᠯ᠎ᠢ ᠤᠷᠠᠯᠠᠨ ᠭᠠᠷᠭᠠᠭ᠍ᠰᠠᠨ ᠠᠬᠤᠢᠴᠢ ᠦᠵᠡᠯ᠎ᠤᠨ ᠤᠨᠴᠠᠯᠢᠭ ᠪᠦᠬᠦᠢ ᠵᠤᠬᠢᠶᠠᠯ ᠪᠤᠯᠵᠠᠢ᠃
(ᠬᠤᠶᠠᠷ) ᠠᠬᠤᠢ᠎ᠶ᠋ᠢᠨ ᠬᠤᠱᠤᠩᠨᠠᠯ
ᠤᠷᠤᠯᠳᠤᠭᠠᠨ᠎ᠤ ᠪᠦᠳᠦᠬᠡᠯ᠎ᠨᠢ ᠠᠬᠤᠢ ᠶᠢᠷᠳᠢᠨᠴᠦ᠍᠎ᠶ᠋ᠢᠨ ᠬᠦᠮᠤᠨ ᠬᠡᠷᠡᠭ ᠤᠴᠢᠷ᠎ᠢ ᠪᠢᠴᠢᠬᠦ᠎ᠳᠡᠭᠡᠨ ᠬᠡᠳᠡᠷᠬᠦ᠌ ᠬᠤᠱᠤᠩᠨᠠᠯ᠂ ᠪᠠᠷᠠᠭᠠᠨ ᠶᠦᠮᠦᠷ᠂ ᠢᠨᠢᠶᠡᠳᠦᠨ ᠲᠤᠮᠳᠠ ᠨᠢᠯᠪᠤᠰᠤ ᠨᠢᠭᠤᠴᠠᠯᠠᠨ ᠪᠢᠴᠢᠬᠦ᠌᠎ᠪᠠᠷ ᠤᠨᠴᠠᠯᠠᠭ᠍ᠳᠠᠳᠠᠭ᠃ ᠵᠢᠱ᠌ᠢᠶᠡᠯᠡᠪᠡᠯ ᠷᠢ᠊·ᠰᠠᠢᠨ᠎ᠤ 《ᠴᠠᠷᠴᠠᠬᠠᠢ ᠴᠤᠭ᠍ᠵᠢᠯᠤᠨ ᠠᠭᠤᠷ ᠬᠢᠯᠢᠩ》 ᠳ᠋ᠤ ᠴᠠᠷᠴᠠᠬᠠᠢ ᠴᠤᠭ᠍ᠵᠢᠯ ᠬᠡᠳᠡᠭ ᠡᠨᠡ ᠬᠦ᠌ ᠢᠨᠢᠶᠡᠳᠦᠮ᠎ᠳᠦ ᠲᠦᠷᠢ᠎ᠶ᠋ᠢ ᠪᠢᠳᠡ ᠱᠤᠤᠯᠠᠨ ᠢᠨᠢᠶᠡᠯᠴᠡᠭ᠌ᠰᠡᠭᠡᠷ ᠬᠠᠮᠤᠭ ᠰᠡᠬᠦᠯ᠎ᠳᠤᠨᠢ ᠮᠠᠭᠤᠴᠢᠯᠠᠭ᠍ᠳᠠᠭ᠍ᠰᠠᠨ ᠪᠠᠯᠪᠠᠰᠤᠨ ᠪᠦᠰᠡᠬᠦᠢ᠎ᠶ᠋ᠢ ᠠᠪᠤᠷᠠᠭᠠᠳ ᠴᠠᠭ᠍ᠳᠠᠭᠠᠨ ᠲᠡᠷᠬᠡ᠎ᠶ᠋ᠢ ᠬᠦᠯᠢᠶᠡᠵᠦ᠍ ᠪᠠᠢᠭ᠎ᠠ ᠪᠠᠢᠳᠠᠯ᠎ᠢ᠎ᠨᠢ ᠦᠵᠡᠬᠦ᠌᠎ᠳᠤ ᠢᠨᠢᠶᠡᠵᠦ᠍ ᠭᠠᠷᠬᠤ᠎ᠪᠠᠨ ᠪᠤᠯᠢᠨ᠎ᠠ᠂ ᠡᠨᠡ ᠲᠦᠷᠢ᠎ᠶ᠋ᠢ ᠦᠷᠦ᠍ ᠡᠪᠡᠳᠦᠨ ᠬᠠᠢᠷᠠᠯᠠᠵᠦ᠍ ᠡᠷᠬᠢᠮ ᠪᠠ ᠲᠤᠤᠷᠠᠳᠤ᠎ᠶ᠋ᠢᠨ ᠲᠤᠬᠠᠢ ᠲᠠᠬᠢᠨᠳᠠ ᠪᠤᠳᠤᠯᠬᠢᠯᠠᠨ᠎ᠠ᠃ ᠬᠡᠨ᠎ᠨᠢ ᠴᠤᠬᠤᠮ ᠢᠨᠢᠶᠡᠳᠦᠮ᠎ᠲᠠᠢ ᠪᠤᠢ? ᠠ᠊·ᠰᠠᠴᠠᠨᠪᠠᠭᠠᠳᠤᠷᠤᠨ 《ᠰᠠᠶᠤᠤ》 ᠡᠮᠡᠭᠡ ᠬᠡᠰᠡᠨ ᠵᠤᠬᠢᠶᠠᠯ᠎ᠳᠤ ᠰᠠᠶᠤᠤ ᠪᠢᠰᠢ ᠪᠠᠢᠳᠠᠯ᠎ᠠ᠎ᠪᠠᠨ ᠰᠠᠶᠤᠤ ᠬᠡᠵᠦ᠍ ᠬᠤᠳᠠᠯ ᠬᠡᠯᠡᠭ᠌ᠰᠡᠨ ᠡᠮᠡᠭᠡ᠎ᠶ᠋ᠢᠨ ᠮᠢᠬᠠᠰᠠᠵᠦ᠍ ᠪᠠᠢᠭ᠎ᠠ ᠪᠠᠢᠳᠠᠯ᠎ᠢ ᠦᠵᠡᠬᠡᠳ ᠪᠢᠳᠡ ᠡᠯᠡᠭ᠌ᠯᠡᠨ ᠢᠨᠢᠶᠡᠯᠴᠡᠨᠡ᠂ ᠬᠡᠪᠡᠴᠦ᠍ ᠨᠠᠰᠤᠨ ᠡᠴᠤᠰᠯᠠᠬᠦ᠌ ᠪᠤᠯᠬᠤᠳ᠋ᠠᠭᠠᠨ ᠮᠢᠬ᠎ᠠ ᠢᠳᠡᠶ᠎ᠡ ᠬᠡᠳ ᠤᠯᠵᠦ᠍ ᠢᠳᠡᠭᠡ ᠦᠬᠡᠢ᠎ᠪᠠᠷ ᠨᠠᠰᠤ ᠪᠤᠯᠤᠭ᠍ᠰᠠᠨ ᠲᠡᠬᠦᠰᠭᠡᠯ᠎ᠠᠴᠠ ᠪᠢᠳᠡ ᠬᠦᠰᠡᠯ᠎ᠢᠶᠠᠨ ᠬᠤᠷᠢᠭ᠍ᠰᠠᠨ ᠬᠦᠬᠡᠷᠦᠬᠦ᠋ᠢᠯᠡᠯᠳᠡᠢ ᠨᠢᠬᠡᠨ ᠬᠦᠮᠤᠨ᠎ᠤ ᠲᠦᠷᠢ᠎ᠠᠴᠠ ᠵᠠᠯᠭᠠᠭᠤᠯᠤᠨ ᠤᠯᠠᠨ ᠶᠠᠭᠤᠮ᠎ᠠ ᠰᠡᠳᠭᠢᠨᠡ᠃ ᠠᠮᠢᠳᠤᠷᠠᠯ ᠲᠤᠮᠳᠠ ᠬᠦᠰᠡᠯ᠎ᠢᠶᠠᠨ ᠬᠤᠷᠢᠭ᠍ᠰᠠᠨ ᠲᠦᠷᠢ ᠬᠡᠴᠢᠨᠡᠬᠡᠨ ᠤᠯᠠᠨ ᠪᠠᠢᠨ᠎ᠠ ᠬᠡᠭ᠌ᠴᠢ ᠳ᠋ᠠ᠃ 《 ᠲᠠᠯᠢᠡᠡᠴᠢᠶ᠋ᠢᠨ ᠬᠤᠢᠨ᠎ᠠ᠎ᠠᠴᠠ》 ᠵᠤᠬᠢᠶᠠᠯ᠎ᠳᠤ ᠬᠦᠳᠡᠭᠡ ᠨᠤᠳᠤᠭ᠎ᠤᠨ ᠠᠵᠢᠯ ᠠᠮᠢᠳᠤᠷᠠᠯ᠎ᠢᠶᠠᠨ ᠠᠷᠤᠳ᠋ᠠᠭᠠᠨ ᠤᠷᠬᠢᠨ ᠡᠳᠦᠷᠵᠢᠨ ᠠᠢᠯ ᠲᠤᠭᠤᠷᠢᠨ ᠠᠷᠢᠬᠢ ᠤᠤᠭᠤᠵᠦ᠍ ᠬᠦᠯᠴᠦᠬᠦᠷᠡᠵᠦ᠍ ᠶᠠᠪᠤᠳᠠᠭ ᠡᠳᠡᠬᠡᠳ ᠭᠠᠯᠵᠠᠭᠤ ᠠᠷᠠᠨᠱᠢᠨ᠎ᠲᠠᠢ ᠪᠠᠢᠳᠠᠯ᠎ᠠ᠎ᠪᠠᠨ ᠪᠠᠰᠠ ᠠᠷᠢᠭᠤᠨ ᠴᠠᠢᠯᠭᠠᠨ ᠰᠡᠳᠭᠢᠯ ᠭᠠᠷᠭᠠᠴᠢᠬᠠᠳᠠᠭ ᠬᠡᠷᠡᠬᠦᠯᠴᠢ ᠰᠤᠭ᠍ᠳᠤᠭᠤ᠎ᠶ᠋ᠢᠨ ᠵᠦᠷᠢᠴᠡᠯᠳᠦ ᠲᠦᠷᠢ᠎ᠶ᠋ᠢᠨ ᠭᠤᠨᠢᠡᠡᠳᠦ ᠲᠡᠬᠦᠰᠭᠡᠯ ᠮᠠᠨᠳᠤ ᠶᠠᠭᠤ ᠨᠢᠬᠡ᠎ᠶ᠋ᠢ ᠶᠠᠷᠢᠨ᠎ᠠ᠃ ᠪᠤᠷᠵᠢᠬᠢᠨ ᠰᠦᠮᠪᠦᠷ᠎ᠤᠨ 《ᠮᠤᠯᠤᠷ ᠡᠷᠳᠡᠨᠢ》᠎ᠳ᠋ᠤ ᠤᠨᠴᠠ ᠵᠠᠷᠢᠮ ᠬᠦᠮᠤᠨ᠎ᠤ ᠨᠢᠳᠦ ᠴᠢᠬᠢ᠎ᠶ᠋ᠢ ᠬᠠᠭᠤᠷᠤᠭ᠍ᠰᠠᠨ ᠬᠠᠭᠤᠷᠮᠠᠭ ᠡᠷᠳᠡᠮᠳᠡᠨ᠎ᠢ ᠬᠤᠱᠤᠩᠨᠠᠵᠠᠢ᠃ ᠲᠤᠰ ᠨᠤᠮ᠎ᠳᠤ ᠪᠦᠳᠦᠬᠡᠭ᠌ᠳᠡᠭ᠌ᠰᠡᠨ ᠡᠳᠡᠬᠡᠷ ᠰᠤᠯᠢᠶᠠᠲᠤ᠌᠂ ᠬᠤᠳᠠᠯᠴᠢ᠂ ᠰᠤᠭ᠍ᠲᠤᠭᠤ ᠲᠦᠷᠢᠨᠦᠭᠦᠳ ᠪᠤᠯ ᠨᠡᠢᠬᠡᠮ ᠠᠬᠤᠢ᠎ᠶ᠋ᠢ ᠭᠡᠳᠡᠷᠬᠦ᠌ ᠬᠤᠱᠤᠩᠨᠠᠭ᠍ᠰᠠᠨ ᠶᠦᠮᠦᠷᠯᠢᠭ ᠭᠤᠨᠢᠭ ᠪᠤᠯᠬᠤ ᠶᠤᠮ᠃
ᠵᠤᠬᠢᠶᠠᠯᠴᠢ᠎ᠠᠴᠠ ᠬᠦᠮᠤᠨ ᠨᠡᠢᠬᠡᠮ᠎ᠤᠨ ᠮᠠᠭᠤ ᠮᠠᠭᠤᠬᠠᠢ᠎ᠶ᠋ᠢ ᠵᠢᠭ᠌ᠰᠢᠵᠦ᠍ ᠬᠡᠳᠡᠷᠬᠦ᠌ ᠬᠤᠱᠤᠩᠨᠠᠯ ᠬᠢᠬᠦ᠌᠎ᠪᠠᠷ ᠲᠠᠮᠵᠢᠭᠤᠯᠵᠦ᠍ ᠤᠩᠱᠢᠬ᠍ᠴᠢᠶ᠋ᠢᠨ ᠪᠤᠳᠤᠯᠭᠠᠱᠢᠷᠠᠯᠢ ᠡᠳᠦᠨ ᠰᠡᠳᠭᠢᠯ᠎ᠢ᠎ᠨᠢ ᠵᠠᠰᠠᠬᠤ ᠵᠤᠷᠢᠯᠭ᠎ᠠ᠎ᠳᠠᠭᠠᠨ ᠬᠦᠷᠳᠡᠭ᠃ ᠮ᠊·ᠬᠠᠰᠮᠡᠨᠳᠦ᠍ᠶ᠋ᠢᠨ 《ᠰᠡᠳᠭᠢᠯ᠎ᠤᠨ ᠭᠬᠢᠷ》 ᠵᠤᠬᠢᠶᠠᠯ᠎ᠨᠢ ᠤᠳᠤᠬᠢ ᠠᠮᠢᠳᠤᠷᠠᠯ᠎ᠳ᠋ᠠᠭᠠᠨ ᠬᠠᠨᠵᠦ᠍᠂ ᠮᠠᠭ᠍ᠳᠠᠭᠠᠯᠳᠤ ᠬᠦᠬᠡᠷᠴᠦ᠍ ᠮᠠᠭᠤ ᠮᠠᠭᠤᠬᠠᠢ ᠵᠦᠢᠯ᠎ᠢ ᠪᠤᠳᠤᠨ ᠲᠤᠩᠭᠠᠵᠦ᠍ ᠦᠪᠡᠷ᠎ᠤᠨ ᠰᠠᠢᠨ ᠰᠠᠢᠬᠠᠨ ᠵᠦᠢᠯ᠎ᠢᠶᠠᠨ ᠠᠯᠳᠠᠭ᠍ᠰᠠᠨ ᠰᠡᠳᠭᠢᠯ᠎ᠳᠡᠭᠡᠨ ᠭᠬᠢᠷ᠎ᠲᠠᠢ ᠲᠦᠷᠢ᠎ᠶ᠋ᠢ ᠬᠡᠳᠡᠷᠬᠦ᠌ ᠬᠤᠱᠤᠩᠨᠠᠵᠠᠢ᠃ ᠨᠠᠷᠮᠠᠢ᠎ᠶ᠋ᠢᠨ 《ᠲᠤᠯᠪᠤ》 ᠬᠡᠰᠡᠨ ᠵᠤᠬᠢᠶᠠᠯ᠎ᠳᠤ ᠨᠤᠮ ᠬᠡᠪᠯᠡᠵᠦ᠍ ᠭᠠᠷᠭᠠᠭ᠍ᠰᠠᠨ ᠨᠠᠷᠬᠢᠯ ᠬᠡᠤᠬᠡᠨ ᠬᠠᠮᠤᠭ ᠨᠠᠭᠠᠳᠤ ᠵᠠᠬ᠎ᠠ᠎ᠨᠢ ᠲᠦᠷᠦᠯ ᠲᠦᠷᠦᠭ᠌ᠰᠡᠨ᠎ᠳᠡᠭᠡᠨ ᠬᠦᠷᠳᠡᠯ᠎ᠡ ᠮᠠᠭᠤᠴᠢᠯᠠᠭᠳᠠᠵᠦ ᠪᠠᠢᠭ᠎ᠠ ᠦᠵᠡᠭ᠌ᠳᠡᠯ᠎ᠢᠶᠠᠷ ᠤᠳᠤ᠎ᠶ᠋ᠢᠨ ᠨᠡᠢᠬᠡᠮ᠎ᠤᠨ ᠬᠦᠮᠤᠰ᠎ᠤᠨ ᠦᠷᠳᠡᠭ᠎ᠤᠨ ᠦᠵᠡᠯᠳᠡ ᠡᠷᠬᠡ ᠵᠡᠷᠬᠡ᠂ ᠡᠳ᠋ ᠮᠦᠩᠬᠦ᠌᠎ᠳᠤ ᠪᠠᠴᠢᠯᠠᠭ᠍ᠳᠠᠭ᠍ᠰᠠᠨᠢ ᠬᠤᠱᠤᠩᠨᠠᠨ ᠦᠵᠡᠬᠦᠯᠵᠡᠢ᠃ 《ᠨᠤᠷᠪᠤ᠎ᠶ᠋ᠢᠨ ᠵᠦᠷᠢᠭ》 ᠲᠠᠬᠢ ᠬᠦᠮᠤᠨ ᠠᠯᠠᠭᠠᠳ ᠨᠢᠳᠦ ᠴᠠᠪᠴᠢᠬᠤ᠎ᠪᠠᠨ ᠪᠤᠯᠢᠭ᠍ᠰᠠᠨ ᠴᠢᠳᠬᠦᠷ᠎ᠤᠨ ᠤᠷᠤᠯᠠᠩ ᠤᠯᠠᠢ ᠨᠠᠶᠠᠨᠳᠠᠢ᠂ ᠳ᠋ᠠ ᠬᠦᠸᠧ᠂ ᠪᠤᠤ ᠬᠦᠸᠧ ᠵᠡᠷᠬᠡ ᠤᠯᠠᠢ ᠪᠠᠭᠠᠳᠤᠷᠤᠳᠤᠨ ᠲᠦᠷᠢ᠂ ᠤᠩᠬᠢᠷᠠᠭᠠ ᠬᠦᠪᠰᠦᠷᠬᠦᠦ᠂ ᠤᠮᠤᠷᠬᠠᠭ ᠬᠢᠷᠢᠨᠢᠪᠠᠨ ᠵᠠᠩᠬᠢᠯᠠᠭ᠎ᠠ᠎ᠶ᠋ᠢᠨ ᠴᠠᠭ᠎ᠲᠤ ᠠᠶᠤᠮᠠᠳᠠᠭᠠᠢ ᠬᠤᠯᠴᠢᠭᠠᠷ ᠪᠠᠢᠳᠠᠭ ᠭᠠᠩᠵᠤᠷᠢᠭ᠎ᠤᠨ ᠲᠦᠷᠢ᠃ ᠭᠤᠶᠤᠬᠤ ᠴᠠᠭ ᠲᠠᠭᠠᠨ ᠵᠦᠬᠡᠯᠡᠨ᠂ ᠬᠡᠯᠡᠭ᠌ᠰᠡᠨ᠎ᠳᠡᠭᠡᠨ ᠬᠦᠷᠳᠡᠭ ᠦᠬᠡᠢ᠂ ᠠᠴᠢ ᠬᠠᠷᠢᠭᠤᠯᠳᠠ ᠮᠡᠳᠡᠳᠡᠭ ᠦᠬᠡᠢ ᠬᠤᠳᠠᠯ ᠬᠠᠭᠤᠷᠮᠠᠭ ᠬᠤᠪᠢᠨᠴᠢᠷ ᠪᠠᠯᠳᠠᠨ᠎ᠤ ᠲᠦᠷᠢ ᠵᠡᠷᠬᠡ᠎ᠨᠢ ᠪᠦᠷ ᠯᠠ ᠬᠦᠮᠤᠨ ᠴᠢᠨᠠᠷ᠎ᠤᠨ ᠲᠤᠷᠦ᠋ᠢᠳᠠᠯᠢ ᠦᠵᠡᠬᠦᠯᠵᠦ᠍ ᠬᠠᠭᠤᠷᠮᠠᠭ ᠱᠢᠨᠵᠢ᠎ᠶ᠋ᠢ᠎ᠨᠢ ᠢᠷᠠᠨ ᠬᠠᠷᠠᠭᠤᠯᠤᠭ᠍ᠰᠠᠨ ᠲᠦᠷᠢ ᠨᠤᠭᠦᠳ ᠪᠤᠯᠬᠤ ᠶᠤᠮ᠃ ᠤᠶᠤᠨᠴᠡᠴᠡᠭ᠎ᠤᠨ 《ᠬᠤᠢᠳᠦ ᠡᠴᠢᠬᠡ》 ᠳ᠋ᠤ ᠡᠳ᠋ ᠮᠦᠡᠭ᠌ᠬᠦ᠎ᠳᠡᠭᠡᠨ ᠡᠷᠳᠦᠵᠦ᠍ ᠬᠡᠷᠬᠡᠢ ᠪᠠ ᠬᠤᠢᠳᠤ ᠬᠦᠦ᠍᠎ᠪᠠᠨ ᠲᠤᠷ᠎ᠠ᠎ᠪᠠᠷ ᠲᠠᠷᠤᠯᠠᠵᠦ᠍ ᠬᠦᠮᠤᠨ ᠴᠢᠨᠠᠷ᠎ᠨᠢ ᠠᠳᠤᠭᠤᠰᠤᠨ ᠴᠢᠨᠠᠷ᠎ᠲᠤ ᠪᠤᠯᠠᠱᠢᠯᠠᠭ᠍ᠳᠠᠭ᠍ᠰᠠᠨ ᠪᠤᠷᠤᠯᠳᠠᠢ ᠡᠪᠦᠬᠡᠨ ᠨᠠᠰᠤ ᠪᠤᠯᠬᠤ᠎ᠠᠴᠠ᠎ᠪᠠᠨ ᠡᠮᠤᠨ᠎ᠡ ᠬᠡᠮᠱᠢᠨ ᠤᠬᠠᠭᠠᠷᠠᠭ᠍ᠰᠠᠨᠢ ᠪᠢᠴᠢᠵᠠᠢ᠃ ᠰᠥᠮᠪᠤᠷ᠎ᠤᠨ 《ᠮᠤᠯᠤᠷ ᠡᠷᠳᠡᠨᠢ》᠂ ᠠ᠊·ᠰᠡᠩᠭᠡ᠎ᠶ᠋ᠢᠨ 《ᠮᠠᠯ᠎ᠠᠴᠠ ᠰᠡᠪᠡᠷᠡᠭ᠌ᠰᠡᠨ ᠰᠣᠷᠪᠢ》 ᠵᠤᠬᠢᠶᠠᠯ᠎ᠨᠢ ᠪᠦᠷ ᠯᠠ ᠬᠠᠭᠤᠮᠠᠭᠠᠢᠴᠢ ᠪᠢᠴᠢᠯᠭᠡ᠎ᠶ᠋ᠢᠨ ᠠᠷᠭ᠎ᠠ ᠪᠠᠷᠢᠯ᠎ᠢᠶᠠᠷ ᠲᠠᠮᠵᠢᠭᠤᠯᠤᠨ ᠬᠦᠮᠤᠨ ᠴᠢᠨᠠᠷ᠎ᠤᠨ ᠲᠤᠷᠦ᠋ᠢᠳᠠᠯᠢ ᠭᠠᠷᠭᠠᠨ ᠤᠷᠠᠯᠢᠭ᠎ᠤᠨ ᠠᠷᠭ᠎ᠠ ᠬᠡᠯᠪᠡᠷᠢ᠎ᠪᠠᠷ ᠬᠦᠮᠤᠨ᠎ᠢ ᠤᠬᠠᠭᠠᠷᠠᠭᠤᠯᠤᠨ ᠰᠡᠬᠡᠬᠡᠷᠡᠬᠦᠯᠬᠦ᠌ ᠵᠤᠷᠢᠯᠭ᠎ᠠ᠎ᠳᠠᠭᠠᠨ ᠢᠳᠠᠵᠠᠢ᠃
ᠬᠤᠶᠠᠷ᠂ ᠪᠤᠳᠤᠯ᠎ᠤᠨ ᠶᠢᠷᠳᠢᠨᠴᠦ᠍
(ᠨᠢᠬᠡ) ᠬᠦᠰᠡᠯ ᠮᠦᠷᠦᠬᠡᠳᠦᠯ
ᠪᠤᠳᠠᠳᠤ ᠠᠬᠤᠢ ᠪᠠ ᠬᠦᠰᠡᠯ ᠮᠦᠷᠦᠬᠡᠳᠦᠯ᠎ᠤᠨ ᠬᠤᠭᠤᠷᠤᠨᠳᠤ ᠵᠠᠢ ᠠᠯᠭᠠᠰᠭᠤ ᠤᠴᠢᠷ ᠵᠦᠩᠳᠡᠭᠡᠨ᠂ ᠤᠩᠨᠢᠭᠤᠳ᠎ᠤᠨ ᠤᠬᠤᠷ ᠦᠬᠦᠯᠡᠯᠬᠡ᠎ᠶ᠋ᠢᠨ ᠤᠷᠤᠯᠳᠤᠭᠠᠨ᠎ᠤ ᠪᠦᠳᠦᠬᠡᠯ᠎ᠨᠢ ᠬᠦᠰᠡᠯ ᠮᠦᠷᠦᠬᠡᠳᠦᠯ᠂ ᠬᠠᠢᠷ᠎ᠠ᠎ᠶ᠋ᠢᠨ ᠬᠦᠬᠡᠬᠡᠴᠡᠯᠳᠦᠯ᠎ᠢᠶᠠᠨ ᠢᠷᠡᠬᠡᠳᠦᠢ ᠴᠠᠭ ᠬᠤᠭᠤᠴᠠᠭᠠᠨ᠎ᠳᠤ ᠲᠠᠯᠪᠢᠵᠦ᠍ ᠰᠠᠢᠨ ᠰᠠᠢᠬᠠᠨ᠎ᠤ ᠢᠳᠡᠬᠡᠯ᠎ᠢᠶᠠᠨ ᠲᠡᠪᠱᠢᠬᠦᠯᠵᠡᠢ᠃ ᠵᠢ᠊·ᠴᠡᠩᠬᠡᠯ᠎ᠤᠨ 《ᠪᠤᠷᠬᠠᠨ᠎ᠲᠠᠢ ᠨᠤᠳᠤᠭ》 ᠵᠤᠬᠢᠶᠠᠯ᠎ᠳᠤ ᠪᠤᠷᠬᠠᠨ᠎ᠢᠶᠠᠷ ᠨᠤᠳᠤᠭ᠎ᠤᠨ ᠰᠦᠷ ᠰᠠᠬᠢᠭᠤᠰᠤ᠎ᠶ᠋ᠢ ᠪᠡᠯᠬᠡᠳᠡᠨ ᠦᠬᠡᠳᠡᠯᠡᠯ ᠲᠠᠪᠱᠢᠯᠢ ᠬᠦᠰᠡᠮᠵᠢᠯᠡᠵᠡᠢ ᠃ ᠴᠠᠭᠠᠨᠪᠠᠭᠠᠳᠤᠷ᠎ᠤᠨ 《 ᠤᠭᠤᠴᠢ ᠤᠰᠤ 》 ᠵᠤᠬᠢᠶᠠᠯ᠎ᠳᠤ ᠲᠡᠤᠬᠡᠨ᠎ᠠᠴᠠ ᠠᠪᠤᠭᠠᠳ ᠤᠰᠤ᠎ᠶ᠋ᠢ ᠨᠠᠨᠳᠢᠩᠨᠠᠨ ᠬᠠᠢᠷᠠᠯᠠᠳᠠᠭ ᠮᠤᠩᠭᠤᠯ ᠬᠦᠮᠤᠨ᠎ᠤ ᠤᠳᠤᠮᠱᠢᠯ᠎ᠳᠤ ᠵᠠᠩ ᠴᠢᠨᠠᠷ᠎ᠢᠶᠠᠨ ᠨᠠᠰᠤᠨ ᠲᠤᠷᠰᠢ ᠪᠠᠷᠢᠮᠳᠠᠯᠠᠭ᠍ᠰᠠᠨ ᠡᠮᠡᠭᠡ᠎ᠶ᠋ᠢᠨ ᠲᠦᠷᠢ᠎ᠪᠠᠷ ᠰᠤᠶᠤᠯ᠎ᠢᠶᠠᠨ ᠬᠠᠢᠷᠠᠯᠠᠵᠦ᠍ ᠬᠠᠮᠠᠭᠠᠯᠠᠬᠤ᠎ᠶ᠋ᠢᠨ ᠦᠨ᠎ᠡ ᠴᠠᠨ᠎ᠠ᠎ᠶ᠋ᠢ ᠪᠡᠯᠬᠡᠳᠡᠵᠡᠢ ᠃ ᠪᠠᠶᠠᠨᠰᠠᠩ᠎ᠤᠨ 《 ᠨᠦᠢᠷ ᠦᠬᠡᠢ ᠰᠦᠨᠢ》 ᠳ᠋ᠤ ᠮᠤᠷᠢ ᠪᠤᠯ ᠦᠨᠳᠦᠰᠦᠳᠡᠨ᠎ᠤ ᠰᠤᠶᠤᠯ᠂ ᠦᠨᠳᠦᠰᠦᠳᠡᠨ᠎ᠤ ᠵᠤᠷᠢᠭ ᠰᠠᠨᠠᠭ᠎ᠠ᠎ᠶ᠋ᠢᠨ ᠪᠡᠯᠭᠡᠳᠡᠯ ᠲᠦᠷᠢ ᠪᠤᠯᠵᠤ ᠢᠯᠡᠷᠡᠭ᠌ᠰᠡᠨ ᠪᠠᠢᠳᠠᠭ᠃ ᠮᠦ᠍᠊·ᠡᠷᠳᠡᠨᠢᠪᠠᠶᠠᠷ᠎ᠤᠨ《ᠬᠠᠷ᠎ᠠ ᠲᠡᠮᠡᠬᠡᠨ ᠵᠢᠯᠠᠭ᠎ᠠ》᠎ᠳ᠋ᠤ ᠲᠡᠮᠡᠭᠡ᠎ᠪᠠᠷ ᠨᠤᠳᠤᠭ ᠤᠰᠤᠨ᠎ᠤ ᠰᠦᠯᠳᠡ ᠬᠡᠢᠮᠤᠷᠢ᠂ ᠤᠭ᠍ᠰᠠᠭ᠎ᠠ ᠦᠨᠳᠦᠰᠦᠳᠡᠨ᠎ᠤ ᠦᠬᠡᠳᠡᠯᠡᠵᠦ᠍ ᠤᠷᠤᠭᠤᠳᠠᠭ᠍ᠰᠠᠨ ᠠᠮᠢᠳᠤᠷᠠᠯ ᠲᠡᠤᠬᠡ᠎ᠶ᠋ᠢ ᠪᠡᠯᠭᠡᠳᠡᠵᠡᠢ᠃
《 ᠨᠤᠷᠪᠤ᠎ᠶ᠋ᠢᠨ ᠵᠦᠷᠢᠭ》 ᠲᠠᠬᠢ ᠵᠦᠷᠢᠭ᠎ᠢᠶᠠᠷ ᠠᠩᠴᠢᠨ ᠨᠤᠷᠪᠤ᠎ᠶ᠋ᠢᠨ ᠲᠤᠮᠤᠭ ᠲᠤᠤᠯᠢᠰᠯᠢᠭ ᠨᠢᠬᠡ ᠨᠠᠰᠤ᠎ᠶ᠋ᠢ ᠪᠡᠯᠬᠡᠳᠡᠨ ᠦᠵᠡᠬᠦᠯᠦᠭ᠌ᠰᠡᠨ ᠪᠠᠢᠨ᠎ᠠ᠃ 《 ᠦᠨᠦᠴᠢᠨ ᠪᠤᠳᠤᠭᠤ᠎ᠶ᠋ᠢᠨ ᠪᠤᠢᠯᠠᠭᠠᠨ》 ᠳ᠋ᠤ ᠦᠨᠦᠴᠢᠨ ᠪᠤᠳᠤᠭᠤ᠎ᠪᠠᠷ ᠡᠬᠡ᠎ᠪᠠᠨ ᠠᠯᠳᠠᠭ᠍ᠰᠠᠨ ᠦᠨᠤᠴᠢᠨ ᠬᠦᠦ ᠬᠦᠴᠦᠨ᠎ᠤ ᠬᠤᠪᠢ ᠵᠠᠶᠠᠭ᠎ᠠ᠎ᠶ᠋ᠢ ᠪᠡᠯᠬᠡᠳᠡᠨ ᠦᠵᠡᠬᠦᠯᠵᠡᠢ ᠃ 《 ᠵᠠᠮ 》 ᠬᠡᠰᠡᠨ ᠵᠤᠬᠢᠶᠠᠯ᠎ᠳᠤ ᠵᠠᠮ᠎ᠢᠶᠠᠷ ᠠᠪᠤ ᠡᠵᠢ᠎ᠨᠢ ᠠᠯᠪᠠᠳᠠᠯᠭ᠎ᠠ᠎ᠪᠠᠷ ᠰᠤᠷᠤᠯᠭ᠎ᠠ ᠵᠤᠭ᠍ᠰᠤᠭᠠᠭ᠍ᠰᠠᠨᠳᠤ ᠬᠡᠦᠬᠡᠳ᠎ᠨᠢ ᠬᠡᠷ ᠲᠡᠭᠡᠨ ᠬᠠᠷᠢᠯ ᠦᠬᠡᠢ ᠱᠢᠨ᠎ᠡ ᠵᠠᠮ ᠡᠷᠢᠯᠬᠢᠯᠡᠭ᠌ᠰᠡᠨ᠎ᠢᠶᠠᠷ ᠠᠮᠢᠳᠤᠷᠠᠯ᠎ᠤᠨ ᠵᠠᠮ᠎ᠤᠨ ᠰᠤᠩᠭᠤᠯᠳᠠ᠂ ᠠᠮᠢᠳᠤᠷᠠᠯ᠎ᠳᠤ ᠮᠤᠬᠤᠷ ᠵᠠᠮ ᠦᠬᠡᠢ᠂ ᠦᠬᠡᠳᠡᠷᠬᠡᠭ ᠴᠢᠷᠮᠠᠢᠬᠤ ᠵᠤᠷᠢᠭᠲᠠᠢ ᠯᠠ ᠪᠤᠯ ᠱᠢᠨ᠎ᠡ ᠠᠮᠢᠳᠤᠷᠠᠯ᠎ᠤᠨ ᠵᠠᠮ᠎ᠢ ᠡᠷᠢᠯᠬᠢᠯᠡᠵᠦ᠍ ᠪᠤᠯᠤᠨ᠎ᠠ ᠬᠡᠰᠡᠨ᠎ᠢ ᠪᠡᠯᠬᠡᠳᠡᠵᠡᠢ᠃ ᠬᠠ᠊·ᠪᠠᠳᠤᠵᠢᠷᠭᠠᠯ᠎ᠤᠨ 《ᠤᠷᠤᠨ ᠵᠠᠢ》 ᠳ᠋ᠤ ᠨᠢᠬᠡᠨ ᠪᠤᠯᠵᠤᠮᠤᠷ ᠵᠤᠬᠢᠶᠠᠯ᠎ᠤᠨ ᠡᠬᠢᠨ᠎ᠠᠴᠠ ᠠᠳᠠᠭ᠎ᠲᠤ ᠬᠦᠷᠳᠡᠯ᠎ᠡ ᠪᠠᠢᠨ ᠲᠡᠬᠢᠨ ᠢᠯᠡᠷᠡᠵᠦ᠍ ᠪᠦᠬᠦ᠌ ᠵᠤᠬᠢᠶᠠᠯ᠎ᠳᠤ ᠦᠪᠡᠷᠮᠢᠴᠡ ᠦᠡᠭ᠌ᠬᠡ ᠪᠤᠳᠤᠭ ᠨᠡᠮᠡᠷᠢᠯᠡᠪᠡ᠃ ᠡᠨᠡ ᠬᠦ᠌ ᠪᠤᠯᠵᠤᠮᠤᠷ ᠪᠤᠯ ᠠᠮᠢᠯᠠᠯ ᠠᠮᠢ ᠨᠠᠰᠤᠨ᠎ᠤ ᠪᠡᠯᠭᠡᠳᠡᠯ ᠲᠦᠷᠢ ᠪᠤᠯᠤᠨ᠎ᠠ᠃
《 ᠨᠢᠭᠤᠭ᠍ᠳᠠᠭ᠍ᠰᠠᠨ ᠡᠷᠳᠡᠨᠢ 》 ᠂ 《 ᠠᠯᠳᠠᠨ ᠲᠢᠳᠢᠮ 》᠂ 《 ᠡᠪᠦᠭᠡ᠎ᠶ᠋ᠢᠨ ᠬᠠᠷ᠎ᠠ ᠠᠪᠳᠠᠷ᠎ᠠ》᠂ 《ᠲᠠᠩᠭᠤᠳ ᠤᠨᠢᠰᠤ》 ᠵᠡᠷᠬᠡ ᠵᠤᠬᠢᠶᠠᠯ ᠪᠤᠯ ᠰᠤᠶᠤᠯ᠎ᠢ ᠲᠡᠭᠡᠳᠤᠯᠠᠨ ᠬᠠᠢᠷᠠᠯᠠᠨ ᠬᠠᠮᠠᠭᠠᠯᠠᠬᠤ᠎ᠶ᠋ᠢ ᠪᠡᠯᠬᠡᠳᠡᠨ ᠢᠷᠡᠬᠡᠳᠦᠢ᠎ᠶ᠋ᠢᠨ ᠰᠠᠢᠨ ᠰᠠᠢᠬᠠᠨ ᠬᠦᠰᠡᠯ ᠡᠷᠡᠮᠡᠯᠵᠡᠯ᠎ᠢᠶᠠᠨ ᠢᠯᠡᠷᠡᠬᠦᠯᠵᠡᠢ ᠃ 《 ᠱᠢᠯᠢ᠎ᠶ᠋ᠢᠨ ᠲᠠᠩᠭᠠᠷᠢᠭ 》 ᠬᠡᠰᠡᠨ ᠵᠤᠬᠢᠶᠠᠯ᠎ᠳᠤ ᠦᠷ᠎ᠡ ᠬᠡᠤᠬᠡᠳ᠎ᠢᠶᠠᠨ ᠪᠢᠴᠢᠭ ᠦᠵᠡᠬᠦᠯᠬᠦ᠌᠎ᠶ᠋ᠢᠨ ᠲᠦᠯᠦᠬᠡ ᠡᠵᠢ᠎ᠨᠢ ᠡᠪᠡᠳᠴᠢᠨ᠎ᠢᠶᠠᠨ ᠦᠵᠡᠬᠦᠯᠬᠦ᠌᠎ᠪᠠᠨ ᠪᠤᠯᠢᠵᠦ᠍ ᠦᠨᠳᠦᠰᠦᠳᠡᠨ ᠤᠭ᠍ᠰᠠᠭᠠᠳᠠᠨᠤ ᠬᠦᠭ᠌ᠵᠢᠯ ᠮᠠᠨᠳᠤᠯ᠎ᠤᠨ ᠵᠤᠯᠢᠶᠠᠰᠤ ᠰᠤᠶᠤᠯ᠎ᠤᠨ ᠪᠠᠭᠠᠳᠤᠷ᠎ᠤᠨ ᠲᠦᠷᠢ᠎ᠶ᠋ᠢ ᠲᠤᠭ᠍ᠯᠠᠵᠠᠢ᠃ ᠲᠤᠰ ᠵᠤᠬᠢᠶᠠᠯ᠎ᠤᠨ ᠲᠡᠬᠦᠰᠭᠡᠯ᠎ᠳᠤ 《ᠵᠢᠷᠭᠠᠬᠤ ᠨᠠᠷᠠᠨ᠎ᠤ ᠰᠡᠬᠦᠯᠴᠢ᠎ᠶ᠋ᠢᠨ ᠲᠤᠶᠠᠭ᠎ᠠ ᠪᠠᠶᠠᠨ ᠬᠠᠷ᠎ᠠ ᠠᠭᠤᠯᠠ᠎ᠶ᠋ᠢᠨ ᠤᠷᠬᠢᠯ᠎ᠢ ᠲᠠᠭᠠᠯᠠᠵᠦ᠍᠂ ᠠᠶᠠᠰ᠎ᠤᠨ ᠰᠠᠯᠬᠢᠨ ᠵᠦᠬᠡᠯᠡᠨ ᠰᠡᠪᠢᠯᠵᠡᠬᠦᠶᠡ ᠮᠤᠷᠢᠨ ᠨᠢᠷᠤᠭᠤᠨ ᠲᠡᠭᠡᠷ᠎ᠡ ᠬᠡᠳᠡᠢᠨ ᠰᠠᠭᠤᠭ᠍ᠰᠠᠨ ᠲᠡᠳᠡᠨ᠎ᠤ ᠴᠢᠬᠢᠨ᠎ᠡ ᠦᠨᠡᠬᠡᠷ ᠮᠢᠩᠭᠠᠨ ᠬᠡᠤᠬᠡᠳ᠎ᠤᠨ ᠮᠤᠩᠭᠤᠯ ᠤᠩᠱᠢᠯᠭ᠎ᠠ ᠬᠠᠩᠬᠢᠨᠠᠨ ᠲᠤᠭᠤᠯᠳᠠᠬᠤ ᠮᠡᠳᠦ ᠰᠠᠨᠠᠭ᠍ᠳᠠᠨ᠎ᠠ》 ᠬᠡᠵᠦ᠍ ᠪᠡᠯᠬᠡᠳᠡᠨ ᠲᠡᠬᠦᠰᠭᠡᠵᠡᠢ᠃
(ᠬᠤᠶᠠᠷ) ᠲᠦᠬᠡᠷᠢᠯ ᠤᠬᠠᠭᠠᠷᠠᠯ
《ᠬᠠᠢᠷ᠎ᠠ》 ᠬᠡᠰᠡᠨ ᠵᠤᠬᠢᠶᠠᠯ᠎ᠳᠤ ᠨᠦᠬᠦᠷ᠎ᠨᠢ ᠰᠢ ᠵᠦᠴᠦᠬᠡ ᠲᠤᠭ᠍ᠯᠠᠳᠠᠭ᠂ ᠶᠧᠯᠸᠢ ᠦᠵᠡᠬᠦᠯᠬᠡ᠎ᠶ᠋ᠢᠨ ᠲᠤᠭ᠍ᠯᠠᠭ᠍ᠴᠢ᠃ ᠬᠡᠷ᠎ᠤᠨ ᠬᠠᠶᠠᠭᠠᠨ ᠲᠡᠭᠡᠷ᠎ᠡ᠎ᠨᠢ ᠨᠢᠬᠡ ᠲᠠᠷᠪᠠᠭᠤᠯ᠎ᠢᠶᠠᠨ ᠲᠡᠯᠬᠡᠭ᠌ᠰᠡᠨ ᠤᠩᠭᠤᠴᠠ ᠪᠠᠢᠵᠦ᠍ ᠲᠡᠷᠡ ᠲᠡᠬᠦᠨ᠎ᠢ ᠢᠷᠡᠵᠦ᠍ ᠪᠠᠢᠨ᠎ᠠ ᠬᠡᠵᠦ᠍ ᠦᠵᠡᠬᠦ᠌᠎ᠳᠤ ᠨᠦᠬᠦᠷ᠎ᠨᠢ ᠲᠡᠬᠦᠨ᠎ᠢ ᠭᠠᠳᠠᠭ᠍ᠰᠢ ᠠᠶᠠᠯᠠᠵᠦ᠍ ᠪᠠᠢᠨ᠎ᠠ ᠬᠡᠵᠦ᠍ ᠦᠵᠡᠳᠡᠭ᠃ ᠡᠨᠡ ᠵᠤᠬᠢᠶᠠᠯ ᠪᠤᠯ ᠬᠠᠶᠠᠭᠠᠨ ᠲᠡᠬᠡᠷᠡᠬᠢ ᠵᠢᠷᠤᠭ᠎ᠢᠶᠠᠷ ᠲᠠᠮᠵᠢᠭᠤᠯᠤᠨ ᠬᠦᠮᠤᠨ᠎ᠤ ᠪᠤᠳᠤᠯ ᠰᠡᠳᠭᠢᠯ᠎ᠤᠨ ᠤᠯᠠᠷᠢᠯ ᠬᠤᠪᠢᠷᠠᠯ᠎ᠢ ᠭᠠᠷᠭᠠᠵᠠᠢ᠃ ᠡᠷᠡᠭ᠌ᠳᠡᠢ᠎ᠨᠢ ᠨᠠᠰᠤ ᠪᠠᠷᠠᠭ᠍ᠰᠠᠨ᠎ᠤ ᠲᠠᠷᠠᠭ᠎ᠠ ᠬᠡᠳᠦᠨ ᠵᠢᠯ ᠰᠡᠳᠭᠢᠯ᠎ᠤᠨ ᠵᠤᠪᠠᠭᠤᠷᠢ᠎ᠶ᠋ᠢ ᠲᠠᠮᠵᠢᠭᠠᠳ ᠬᠡᠨᠡᠳᠳᠡ ᠨᠢᠬᠡ ᠡᠳᠦᠷ ᠲᠠᠷᠪᠠᠭᠤᠯ᠎ᠢᠶᠠᠨ ᠲᠡᠯᠬᠡᠭ᠌ᠰᠡᠨ ᠤᠩᠭᠤᠴᠠ ᠦᠨᠡᠬᠡᠷ ᠨᠦᠬᠦᠷ᠎ᠤᠨ᠎ᠬᠢᠨ ᠬᠡᠯᠡᠳᠡᠭ ᠱᠢᠭ ᠭᠠᠳᠠᠭ᠍ᠰᠢ ᠠᠶᠠᠯᠠᠵᠦ᠍ ᠪᠠᠢᠬᠤ᠎ᠶ᠋ᠢ ᠲᠡᠷᠡ ᠤᠬᠠᠭᠠᠷᠠᠵᠠᠢ᠃ ᠠᠮᠢ ᠨᠠᠰᠤ ᠪᠤᠯ ᠢᠷᠡᠬᠦ᠌ ᠤᠳᠭᠤᠶ᠋ᠢᠨ ᠠᠶᠠᠯᠠᠯ ᠬᠡᠰᠡᠨ᠎ᠢ ᠬᠦᠮᠤᠨ᠎ᠤ ᠪᠤᠳᠤᠯ ᠰᠡᠳᠭᠢᠯ᠎ᠤᠨ ᠬᠦᠳᠡᠯᠬᠡᠬᠡᠨ᠎ᠢᠶᠠᠷ ᠲᠠᠮᠵᠢᠭᠤᠯᠵᠦ᠍ ᠢᠯᠡᠳᠭᠡᠵᠡᠢ᠃《ᠫᠢᠸᠤ᠋᠎ᠳᠤ ᠲᠤᠷᠠᠳᠠᠢ ᠪᠤᠯᠵᠤᠮᠤᠷ》 ᠬᠡᠰᠡᠨ ᠵᠤᠬᠢᠶᠠᠯ ᠲᠤᠳᠤᠷᠠᠬᠢ ᠪᠤᠯᠵᠤᠮᠤᠷ ᠪᠤᠯ ᠤᠤᠯ᠎ᠨᠢ ᠵᠠᠩᠵᠤᠨ᠎ᠤ ᠨᠢᠷᠤᠭᠤᠨ ᠲᠡᠭᠡᠷ᠎ᠡ ᠰᠠᠭᠤᠳᠠᠭ ᠪᠠᠢᠯᠳᠤᠭ᠍ᠴᠢ ᠪᠦᠷᠬᠦᠳ ᠪᠤᠯᠵᠤᠮᠤᠷ ᠪᠤᠯᠵᠦ᠍ ᠬᠤᠪᠢᠷᠠᠭᠠᠳ ᠲᠤᠷᠦ᠋ᠢᠳᠠᠵᠦ᠍ ᠠᠮᠢᠳᠣᠷᠠᠬᠤ ᠠᠷᠭ᠎ᠠ ᠦᠬᠡᠢᠳᠡᠵᠦ᠍ ᠠᠷᠢᠬᠢᠨ᠎ᠤ ᠬᠦᠴᠦ᠍᠎ᠪᠠᠷ ᠠᠮᠢ ᠭᠤᠤᠯ᠎ᠲᠠᠢ ᠶᠠᠪᠤᠵᠦ᠍ ᠪᠠᠢᠭ᠎ᠠ ᠡᠮᠬᠡᠨᠢᠯᠳᠠᠢ ᠪᠠᠢᠳᠠᠯ᠎ᠢ ᠭᠠᠷᠭᠠᠵᠠᠢ ᠃
ᠰ᠊·ᠡᠷᠳᠡᠨᠢᠴᠢᠮᠡᠭ᠎ᠤᠨ ᠪᠦᠳᠦᠬᠡᠯ 《ᠲᠦᠬᠡᠷᠢᠯ》 ᠵᠤᠬᠢᠶᠠᠯ ᠪᠤᠯ ᠠᠷᠪᠠᠨ ᠭᠤᠷᠪᠠᠨ ᠨᠠᠰᠤᠲᠠᠢ ᠪᠠᠢᠬᠤᠳ᠋ᠠᠭᠠᠨ ᠰᠦᠮ᠎ᠡ᠎ᠶ᠋ᠢᠨ ᠪᠠᠨᠳᠢ ᠪᠤᠯᠵᠦ᠍ ᠠᠷᠪᠠᠨ ᠵᠢᠯ ᠨᠤᠮ ᠪᠢᠱᠢᠯᠭᠠᠯ ᠬᠢᠭ᠌ᠰᠡᠨ ᠷᠠᠰᠢ ᠨᠢᠬᠡ ᠦᠬᠢᠨ᠎ᠤ ᠲᠦᠯᠦᠬᠡ ᠰᠡᠳᠭᠢᠯ ᠬᠡᠬᠡᠯᠵᠡᠨ ᠰᠦᠮᠡᠠᠴᠠᠪᠠᠨ ᠭᠠᠷᠴᠦ᠍ ᠬᠦᠮᠤᠨ᠎ᠤ ᠨᠡᠢᠬᠡᠮ᠎ᠤᠨ ᠡᠷᠢᠶ᠎ᠡ᠎ᠨᠢ ᠦᠵᠡᠵᠦ᠍ ᠡᠯᠢᠬᠡ ᠡᠮᠳᠡᠷᠡᠵᠦ᠍ ᠲᠦᠬᠡᠷᠢᠨ ᠶᠠᠪᠤᠭ᠎ᠠ᠎ᠶ᠋ᠢ ᠪᠢᠴᠢᠵᠡᠢ᠃ ᠬᠦᠮᠤᠨ ᠱᠢᠨᠤᠯᠠᠴᠠᠪᠠᠨ ᠪᠤᠯᠵᠦ᠍ ᠲᠦᠬᠡᠷᠢᠳᠡᠭ᠂ ᠬᠦᠮᠤᠨ ᠨᠢᠬᠡ ᠨᠠᠰᠤᠨ᠎ᠳ᠋ᠠᠭᠠᠨ ᠴᠤᠬᠤᠮ ᠬᠡᠴᠢᠨᠡᠬᠡᠨ ᠤᠳᠠᠭ᠎ᠠ ᠲᠦᠬᠡᠷᠢᠨ ᠡᠷᠡᠬᠡᠯᠵᠡᠳᠡᠭᠢ ᠦᠨᠡᠬᠡᠷ ᠬᠡᠯᠡᠵᠦ᠍ ᠲᠡᠢᠯᠬᠦ᠌ ᠦᠬᠡᠢ᠃ ᠵᠤᠬᠢᠶᠠᠭ᠍ᠴᠢ᠎ᠠᠴᠠ ᠴᠠᠭ᠂ ᠤᠷᠤᠨ ᠪᠠ ᠬᠦᠮᠤᠨ᠎ᠤ ᠲᠦᠷᠢ᠎ᠶ᠋ᠢᠨ ᠰᠤᠯᠢᠭ᠍ᠳᠠᠯᠤᠨ ᠠᠷᠭ᠎ᠠ᠎ᠶ᠋ᠢ ᠡᠪᠳᠡᠢ ᠬᠡᠷᠡᠭ᠌ᠯᠡᠨ ᠷᠠᠰᠢ ᠯᠠᠮᠠ᠎ᠶ᠋ᠢᠨ ᠪᠠᠭ᠎ᠠ ᠨᠠᠰᠤᠨ᠎ᠤ ᠪᠠᠢᠳᠠᠯ ᠪᠠ ᠤᠳᠤᠬᠢ ᠪᠠᠢᠳᠠᠯ᠂ ᠰᠦᠮ᠎ᠡ᠎ᠶ᠋ᠢᠨ ᠬᠦᠷᠢᠶᠡᠨ᠎ᠤ ᠨᠤᠮ᠎ᠤᠨ ᠲᠠᠭᠤ ᠪᠠ ᠨᠡᠢᠬᠡᠮ᠎ᠤᠨ ᠬᠦᠬᠡᠷᠴᠦᠭ᠂ ᠲᠠᠷᠤᠢ ᠬᠦᠮᠤᠨ᠎ᠤ ᠨᠡᠢᠬᠡᠮ᠎ᠤᠨ ᠠᠮᠢ ᠪᠦᠷᠢᠯᠬᠡᠵᠦ᠍ ᠪᠠᠢᠭ᠎ᠠ᠂ ᠬᠢᠯᠢᠰ ᠬᠦᠵᠢᠷ ᠰᠠᠳᠤᠷ ᠰᠠᠮᠠᠭᠤᠨ᠂ ᠪᠠᠭ᠍ᠰᠢ ᠯᠠᠮᠠ ᠪᠠ ᠰᠠᠢᠬᠠᠨ ᠦᠬᠢᠨ᠎ᠤ ᠲᠦᠷᠢ᠎ᠪᠠᠷ ᠬᠦᠮᠤᠨ᠎ᠤ ᠤᠶᠤᠨ ᠰᠠᠨᠠᠭᠠᠨ᠎ᠤ ᠲᠦᠬᠡᠷᠢᠯ ᠪᠠ ᠤᠬᠠᠭᠠᠷᠠᠯ᠎ᠤᠨ ᠰᠡᠳᠦᠪ᠎ᠢ ᠪᠢᠴᠢᠵᠡᠢ᠃
ᠭᠤᠷᠪᠠ᠂ ᠬᠡᠢ ᠰᠡᠷᠡᠯᠵᠢᠭ᠌ᠰᠡᠨ ᠠᠬᠤᠢ
(ᠨᠢᠬᠡ) ᠤᠷᠤᠨ ᠴᠠᠭ᠎ᠤᠨ ᠪᠠᠯᠠᠷᠬᠠᠢᠱᠢᠭᠤᠯᠤᠯ
ᠬᠠ᠊ · ᠪᠠᠳᠤᠵᠢᠷᠭᠠᠯ᠎ᠤᠨ 《ᠤᠷᠤᠨ ᠵᠠᠢ》 ᠬᠡᠬᠦ᠌ ᠵᠤᠬᠢᠶᠠᠯ ᠪᠤᠯ ᠪᠤᠯᠵᠤᠮᠤᠷ᠎ᠤᠨ ᠲᠠᠭᠤᠨ ᠪᠠ ᠵᠡᠬᠦᠳᠦ ᠵᠦᠩ᠂ ᠦᠨᠡᠨ ᠬᠤᠳᠠᠯ᠎ᠤᠨ ᠰᠤᠯᠪᠢᠴᠠᠭᠠᠨ ᠲᠤᠮᠳᠠ ᠪᠠᠭ᠎ᠠ ᠨᠠᠰᠤ᠂ ᠵᠠᠯᠠᠭᠤ ᠨᠠᠰᠤ᠂ ᠦᠳᠡᠯᠦᠬᠡ ᠨᠠᠰᠤᠨ᠎ᠤ ᠠᠮᠢᠳᠤᠷᠠᠯ ᠪᠠ ᠲᠠᠯ᠎ᠠ ᠨᠤᠳᠤᠭ᠂ ᠲᠠᠷᠢᠶᠠᠯᠠᠬᠤ ᠤᠷᠤᠨ᠂ ᠬᠤᠳᠠ ᠭᠠᠵᠠᠷ᠎ᠤᠨ ᠰᠤᠶᠤᠯ᠎ᠤᠨ ᠤᠯᠠᠷᠢᠯ ᠬᠤᠪᠢᠰᠤᠯ᠎ᠢ ᠤᠷᠠᠯᠢᠭ᠎ᠤᠨ ᠵᠢᠵᠢᠭ᠌ᠬᠡᠨ ᠤᠷᠤᠨ ᠵᠠᠢᠳ᠋ᠠᠭᠠᠨ ᠬᠡᠮᠵᠢᠶ᠎ᠡ ᠦᠬᠡᠢ ᠲᠤᠮᠤᠰᠭᠠᠨ ᠪᠠᠭ᠍ᠳᠠᠭᠠᠵᠦ᠍᠂ ᠤᠬᠠᠮᠰᠠᠷ᠎ᠤᠨ ᠴᠢᠯᠦᠬᠡᠳᠠᠢ ᠬᠤᠯᠪᠤᠨ ᠪᠤᠳᠤᠯᠳᠠ᠎ᠪᠠᠷ ᠢᠯᠡᠷᠡᠬᠦᠯᠦᠭ᠌ᠰᠡᠨ ᠵᠤᠬᠢᠶᠠᠯ ᠪᠤᠯᠤᠨ᠎ᠠ᠃ ᠲᠡᠬᠦᠨ᠎ᠤ ᠲᠠᠢᠰᠠ᠎ᠨᠢ ᠤᠷᠤ᠂ ᠦᠢᠯᠡ᠎ᠨᠢ ᠤᠨᠳᠠᠬᠤ ᠵᠡᠬᠦᠳᠦᠯᠡᠬᠦ᠂ ᠵᠤᠬᠢᠶᠠᠯ᠎ᠤᠨ ᠲᠦᠷᠢ᠎ᠳᠤ ᠪᠠᠭ᠎ᠠ᠎ᠶ᠋ᠢᠨ ᠨᠠᠢᠵᠠ ᠪᠠᠭᠠᠳᠤᠷ᠂ ᠤᠯᠠᠭᠠᠨ ᠨᠠᠷᠠ ᠭᠠᠷᠴᠦ᠍ ᠢᠷᠡᠬᠦ᠌ ᠮᠦᠷᠳᠡᠭᠡᠨ ᠠᠪᠤ ᠡᠵᠢ᠂ ᠠᠬ᠎ᠠ᠂ ᠬᠡᠷᠬᠡᠢ ᠪᠠ ᠬᠡᠤᠬᠡᠳ᠂ ᠬᠦᠭ᠌ᠰᠢᠨ ᠪᠠ ᠤᠮᠪᠤᠯᠤ᠎ᠶ᠋ᠢᠨ ᠲᠦᠷᠢ ᠵᠢᠷᠪᠢᠰᠬᠢᠨ ᠢᠯᠡᠷᠡᠳᠡᠭ᠂ ᠡᠨᠡ ᠵᠤᠬᠢᠶᠠᠯ᠎ᠳᠤ ᠠᠮᠢᠳᠤᠷᠠᠯ᠎ᠢ ᠪᠢᠴᠢᠭ᠌ᠰᠡᠨ ᠠᠭᠠᠳ ᠵᠦᠬᠡᠷ ᠨᠢᠬᠡ ᠵᠡᠬᠦᠳᠦ ᠱᠢᠭ᠂ ᠲᠡᠤᠬᠡ ᠤᠳᠤ ᠢᠷᠡᠬᠡᠳᠦᠢ᠂ ᠦᠨᠳᠦᠰᠦᠳᠡᠨ ᠤᠭ᠍ᠰᠠᠭ᠎ᠠ᠂ ᠠᠮᠢ ᠠᠬᠤᠢ᠎ᠶ᠋ᠢ ᠪᠢᠴᠢᠭ᠌ᠰᠡᠨ ᠠᠳᠠᠯ᠎ᠠ ᠡᠬᠡᠬᠡ ᠯᠠ ᠬᠤᠳᠠᠯ ᠰᠢᠬ᠂ ᠡᠨᠡ ᠪᠤᠯ ᠰᠠᠶᠢ ᠤᠷᠠᠯᠢᠭ᠎ᠤᠨ ᠠᠤᠭ᠎ᠠ ᠶᠡᠭᠡ ᠴᠢᠳᠠᠮᠵᠢ ᠪᠠᠢᠬ᠎ᠠ ᠬᠡᠵᠦ᠍ ᠪᠢ ᠪᠤᠳᠤᠵᠦ᠍ ᠪᠠᠢᠨ᠎ᠠ᠃ ᠶᠠᠭᠤ ᠪᠦᠬᠦᠨ ᠬᠤᠪᠢᠷᠠᠵᠦ᠍ ᠪᠠᠢᠭ᠎ᠠ ᠪᠤᠯᠪᠠᠴᠦ᠍ ᠬᠤᠪᠢᠷᠠᠰᠢ ᠦᠬᠡᠢ᠎ᠨᠢ ᠬᠦᠮᠤᠨ᠎ᠤ ᠰᠡᠳᠭᠢᠯ᠂ ᠬᠦᠮᠤᠨ᠎ᠤ ᠰᠡᠳᠭᠢᠯ᠎ᠤᠨ ᠤᠷᠤᠨ ᠵᠠᠢ᠂ ᠬᠦᠮᠤᠨ᠎ᠤ ᠠᠮᠢ ᠨᠠᠰᠤᠨ᠎ᠤ ᠤᠷᠤᠨ ᠵᠠᠢ᠎ᠪᠠᠷ ᠬᠦᠤᠷᠨᠢᠯ᠎ᠤᠨ ᠵᠠᠭ᠍ᠪᠤᠷ᠎ᠢ ᠴᠤᠭ᠍ᠴᠠᠯᠠᠬᠤ᠎ᠪᠠᠷ ᠵᠤᠷᠢᠭ᠍ᠰᠠᠨᠤ ᠬᠤᠪᠢ᠎ᠳᠤ ᠲᠤᠰ ᠵᠤᠬᠢᠶᠠᠯ ᠶᠡᠭᠡ ᠰᠠᠢᠬᠠᠨ᠂ ᠵᠡᠬᠦᠳᠦ᠍ᠪᠠᠷ ᠨᠢᠬᠡ ᠨᠠᠰᠤᠨ᠎ᠤ ᠠᠮᠢᠳᠤᠷᠠᠯ᠂ ᠨᠤᠳᠤᠭ᠎ᠤᠨ ᠬᠤᠪᠢᠷᠠᠯᠳᠠ᠂ ᠬᠦᠮᠤᠨ ᠨᠡᠢᠬᠡᠮ᠎ᠤᠨ ᠬᠤᠪᠢᠷᠠᠯᠳᠠ ᠵᠡᠷᠬᠡ᠎ᠶ᠋ᠢ ᠪᠠᠭ᠍ᠳᠠᠭᠠᠵᠦ᠍ ᠴᠢᠳᠠᠭ᠍ᠰᠠᠨ ᠪᠠᠭ᠍ᠳᠠᠭᠠᠮᠵᠢ᠎ᠪᠠᠷ ᠶᠡᠭᠡ ᠵᠤᠬᠢᠶᠠᠯ ᠃
ᠲᠦᠬᠦᠷᠡᠩᠵᠢᠷᠭᠠᠯᠤᠨ 《ᠵᠠᠬᠢᠳᠠᠯ》 ᠬᠡᠰᠡᠨ ᠵᠤᠬᠢᠶᠠᠯ ᠪᠤᠯ ᠯᠤᠬᠢᠭ ᠪᠤᠰᠤ ᠦᠰᠦᠷᠦᠯᠳᠡ ᠵᠦᠢᠯᠳᠡ᠎ᠪᠠᠷ ᠴᠠᠭ ᠤᠷᠤᠨ᠎ᠤ ᠬᠢᠵᠠᠭᠠᠷᠯᠠᠯ᠎ᠳᠤ ᠪᠠᠷᠢᠭ᠍ᠳᠠᠯ ᠦᠬᠡᠢ ᠡᠩ᠎ᠤᠨ ᠰᠡᠳᠭᠢᠭᠦᠢ᠎ᠠᠴᠠ ᠬᠠᠯᠢᠨ ᠳᠠᠪᠠᠵᠣ ᠪᠢᠴᠢᠭ᠌ᠰᠡᠨ ᠱᠢᠯᠢᠳᠡᠭ ᠵᠤᠬᠢᠶᠠᠯ ᠪᠤᠯᠤᠨ᠎ᠠ᠃ ᠵᠤᠬᠢᠶᠠᠯ᠎ᠤᠨ ᠪᠠᠭᠠᠳᠤᠷ ᠮᠦᠨᠪᠢᠰᠢ᠂ ᠪᠦᠵᠢᠭ᠌ᠴᠢᠨ ᠠᠮᠢᠷᠯᠠᠨᠤ ᠠᠮᠢᠳᠤᠷᠠᠯ᠎ᠢ ᠠᠯᠤᠰ ᠬᠤᠯᠠ᠎ᠠᠴᠠ ᠵᠢᠷᠤᠭ᠍ᠳᠤ ᠬᠠᠷᠠᠭ᠎ᠠ ᠱᠢᠭ᠋ ᠲᠤᠳᠤᠬᠠᠨ ᠤᠯᠵᠦ᠍ ᠦᠵᠡᠳᠡᠭ ᠤᠴᠢᠷ᠎ᠠᠴᠠ ᠦᠵᠡᠭ᠌ᠰᠡᠨ ᠪᠦᠬᠦᠨ᠎ᠢᠶᠠᠨ ᠵᠠᠬᠢᠳᠠᠯ᠎ᠤᠨ ᠬᠡᠯᠪᠡᠷᠢ᠎ᠪᠠᠷ ᠠᠮᠢᠷᠯᠠᠨᠳᠤ ᠭᠤᠪᠢᠭᠤᠯᠵᠦ᠍ ᠦᠭ᠌ᠳᠡᠭ ᠪᠠᠢᠯ᠎ᠠ᠃ ᠠᠮᠢᠷᠯᠠᠨᠢ ᠲᠤᠪ ᠲᠤᠳᠤᠬᠠᠨ ᠬᠠᠷᠠᠳᠠᠭ ᠲᠡᠷᠡ ᠨᠢᠳᠤ ᠡᠷᠬᠢᠮᠰᠦᠭᠢ ᠲᠤᠭ᠍ᠯᠠᠭ᠍ᠴᠢ ᠠᠮᠢᠷᠯᠠᠨᠳᠤ ᠵᠤᠪᠠᠯᠠᠩ ᠪᠤᠯᠵᠠᠢ᠃ ᠠᠮᠢ ᠨᠠᠰᠤᠨ᠎ᠤ ᠮᠦᠨ ᠴᠢᠨᠠᠷ᠎ᠢᠶᠠᠨ ᠬᠠᠯᠬᠠᠯᠠᠨ ᠦᠪᠡᠷ᠎ᠤᠨ ᠦᠨᠡᠨ᠎ᠢᠶᠠᠨ ᠨᠢᠭᠤᠴᠠᠯᠠᠳᠠᠭ ᠬᠦᠮᠤᠨ ᠪᠤᠯᠤᠭ᠍ᠰᠠᠨ᠎ᠤ ᠬᠤᠪᠢ᠎ᠳᠤ ᠠᠮᠢᠷᠯᠠᠨ ᠲᠠᠢᠰᠠᠨ ᠲᠡᠬᠡᠷ᠎ᠡ ᠭᠠᠷᠴᠦ᠍ ᠪᠦᠵᠢᠭ᠌ᠯᠡᠬᠦ᠌ ᠦᠶᠡᠰ ᠮᠦᠨᠪᠢᠰᠢᠠᠴᠠ ᠭᠠᠭ᠍ᠴᠠ ᠠᠶᠤᠬᠤ ᠦᠬᠡᠢ᠂ ᠤᠴᠢᠷ᠎ᠨᠢ ᠲᠡᠷᠡ ᠲᠠᠢᠰᠠᠨ ᠲᠡᠬᠡᠷ᠎ᠡ ᠬᠦᠮᠤᠨ᠎ᠳᠤ ᠦᠵᠡᠬᠦᠯᠬᠦ᠌᠎ᠪᠠᠷ ᠲᠤᠭ᠍ᠯᠠᠵᠦ᠍ ᠪᠠᠢᠨ᠎ᠠ᠃ ᠬᠡᠪᠡᠴᠦ᠍ ᠠᠮᠢᠳᠤᠷᠠᠯ ᠲᠤᠭ᠍ᠯᠠᠯᠳᠠ᠎ᠶ᠋ᠢᠨ ᠲᠠᠯᠠᠪᠤᠷ ᠪᠢᠰᠢ᠂ ᠠᠮᠢᠷᠯᠠᠨ ᠲᠡᠷᠡ ᠬᠠᠷᠠᠴᠠ᠎ᠠᠴᠠ ᠲᠤᠳᠠᠭᠠᠵᠦ᠍ ᠴᠢᠳᠠᠯ ᠦᠬᠡᠢ ᠬᠠᠮᠤᠭ ᠡᠴᠤᠰ᠎ᠲᠤ ᠠᠷᠭ᠎ᠠ ᠪᠤᠰᠤ ᠮᠦᠨᠪᠢᠰᠢᠲᠠᠢ ᠢᠷᠡᠵᠦ᠍ ᠬᠠᠮᠳᠤ ᠠᠮᠢᠳᠤᠷᠠᠵᠠᠢ᠃ ᠲᠡᠷᠡ ᠡᠳᠡᠭᠡᠷ᠎ᠢ ᠪᠢᠴᠢᠬᠦ᠌᠎ᠪᠠᠷ ᠳᠠᠮᠵᠢᠭᠤᠯᠵᠣ ᠦᠵᠡᠭ᠌ᠳᠡᠯᠳᠤ ᠬᠠᠭᠤᠷᠲᠠᠵᠣ ᠣᠶᠣᠨ ᠰᠠᠨᠠᠭᠠᠨ᠎ᠤ ᠬᠦᠯᠢᠶᠡᠰᠦᠯᠡᠯ᠎ᠳᠤ ᠦᠪᠡᠷ᠎ᠢ᠎ᠪᠠᠨ ᠵᠣᠪᠠᠭᠠᠵᠣ ᠪᠠᠢᠭ᠎ᠠ ᠬᠦᠮᠦᠨ ᠵᠤᠨ᠎ᠤ ᠣᠶᠣᠨ ᠰᠠᠨᠠᠭᠠᠨ᠎ᠤ ᠶᠢᠷᠲᠢᠨᠴᠦ᠍᠎ᠶ᠋ᠢ ᠳᠡᠯᠭᠡᠵᠡᠢ᠃ ᠣᠶᠣᠨ ᠰᠠᠨᠠᠭᠠᠨ᠎ᠤ ᠬᠦᠯᠢᠶᠡᠰᠦᠯᠡᠯ ᠪᠣᠯ ᠡᠨᠡ ᠴᠠᠭ᠎ᠤᠨ ᠬᠦᠮᠦᠰ᠎ᠤᠨ ᠠᠮᠢᠳᠣᠷᠠᠯ᠎ᠳᠤ ᠲᠤᠯᠭᠠᠷᠠᠵᠤ ᠪᠠᠢᠭ᠎ᠠ ᠨᠢᠭᠡ ᠵᠦᠢᠯ᠎ᠤᠨ ᠲᠦᠭ᠌ᠰᠢᠭᠦᠷᠢ ᠪᠣᠯᠵᠠᠢ ᠃
ᠬᠦᠰᠡᠯᠳᠦ᠍ᠶ᠋ᠢᠨ 《ᠤᠭ᠍ᠳᠠᠷᠭᠤᠢ᠎ᠶ᠋ᠢᠨ ᠮᠠᠨᠢ》 ᠬᠡᠰᠡᠨ ᠵᠤᠬᠢᠶᠠᠯ ᠪᠤᠯ ᠪᠤᠳᠠᠳᠤ ᠠᠬᠤᠢ ᠪᠠ ᠬᠡᠢ ᠦᠵᠡᠭ᠌ᠳᠡᠯ ᠠᠭᠤᠰᠤᠯᠳᠤᠨ ᠨᠡᠪᠴᠢᠵᠦ᠍ ᠠᠬᠤᠢ᠎ᠳᠤ ᠪᠠᠢᠬᠤ ᠪᠤᠯᠤᠯᠴᠠᠬ᠋ᠠ ᠦᠬᠡᠢ ᠬᠡᠯᠪᠡᠷᠢ᠎ᠶ᠋ᠢᠨ ᠲᠠᠭᠠᠮᠠᠬ᠍ᠯᠠᠯ ᠬᠢᠭ᠌ᠰᠡᠨ᠎ᠢᠶᠠᠷ ᠠᠮᠵᠢᠯᠳᠠ᠎ᠳᠤ ᠬᠦᠷᠴᠠᠢ᠃ ᠲᠤᠰ ᠵᠤᠬᠢᠶᠠᠯ᠎ᠤᠨ ᠪᠠᠭᠠᠳᠤᠷ ᠪᠢᠨ᠎ᠢ ᠬᠡᠨ ᠬᠡᠰᠡᠨ ᠪᠤᠳᠠᠳᠠᠢ ᠤᠬᠠᠬ᠍ᠳᠠᠬᠤᠨ ᠦᠬᠡᠢ᠂ ᠪᠢᠨ᠎ᠢ ᠠᠭᠠᠷ ᠴᠦ᠍ ᠪᠠᠢᠵᠦ᠍ ᠪᠤᠯᠤᠨ᠎ᠠ᠂ ᠬᠡᠷᠡᠯ ᠴᠦ᠍ ᠪᠠᠢᠵᠦ᠍ ᠪᠤᠯᠤᠨ᠎ᠠ᠂ ᠬᠠᠷᠠᠩᠭᠤᠢ ᠴᠦ᠍ ᠪᠠᠢᠵᠦ᠍ ᠪᠤᠯᠤᠨ᠎ᠠ᠂ ᠤᠷᠤᠱᠢᠬᠤ ᠦᠬᠡᠢ ᠴᠦ᠍ ᠮᠠᠭᠠᠳ᠂ ᠶᠠᠭᠤ ᠴᠤ᠌ ᠪᠠᠢᠬ᠍ᠰᠠᠨ ᠪᠢᠨ᠎ᠢ ᠪᠤᠳᠠᠳᠠᠢ ᠪᠢᠰᠢ᠂ ᠤᠷᠤᠱᠢᠬᠤᠢ᠎ᠳᠠᠬᠢ ᠶᠠᠮᠠᠷ ᠴᠤ᠌ ᠵᠦᠢᠯ ᠪᠠᠢᠵᠦ᠍ ᠪᠤᠯᠤᠨ᠎ᠠ᠃ ᠤᠳᠭ᠎ᠠ ᠠᠭᠤᠯᠭ᠎ᠠ ᠦᠬᠡᠢ᠂ ᠬᠤᠭᠤᠰᠤᠨ᠃ ᠬᠡᠪ᠎ᠤᠨ ᠰᠡᠷᠡᠯ ᠮᠡᠳᠡᠷᠡᠬᠦᠢ᠎ᠶ᠋ᠢ ᠲᠠᠪᠠᠵᠦ᠍ ᠬᠡᠢ ᠰᠡᠷᠡᠯᠵᠢᠭ᠌ᠰᠡᠨ ᠠᠬᠤᠢ᠎ᠶ᠋ᠢ ᠪᠦᠳᠦᠬᠡᠭ᠌ᠰᠡᠨ᠎ᠨᠢ ᠲᠤᠰ ᠤᠬᠤᠷ ᠦᠬᠦᠯᠡᠯᠬᠡ᠎ᠶ᠋ᠢᠨ ᠨᠢᠬᠡ ᠲᠠᠪᠠᠯᠳᠠ ᠪᠤᠯᠵᠠᠢ ᠃
(ᠬᠤᠶᠠᠷ) ᠶᠧᠯᠸᠢᠯᠢᠭ ᠠᠬᠤᠢ
ᠶᠧᠯᠸᠢᠯᠢᠭ ᠠᠬᠤᠢᠴᠢ ᠦᠵᠡᠯ᠎ᠤᠨ ᠵᠤᠬᠢᠶᠠᠨ ᠪᠦᠳᠦᠬᠡᠬᠦ᠌ ᠠᠷᠭ᠎ᠠ ᠴᠤ᠌ ᠲᠤᠰ ᠲᠡᠬᠦᠪᠦᠷᠢ᠎ᠳᠤ ᠤᠯᠠᠨ ᠬᠠᠷᠠᠭ᠍ᠳᠠᠨ᠎ᠠ᠃ ᠶᠧᠯᠸᠢᠯᠢᠭ ᠠᠬᠤᠢᠴᠢ ᠦᠵᠡᠯ ᠬᠡᠵᠦ᠍ ᠭᠤᠤᠯᠳᠠᠭᠤ ᠵᠡᠭᠦᠳᠦ᠂ ᠵᠦᠩ ᠰᠤᠪᠢᠩ᠂ ᠴᠢᠳᠭᠦᠷ᠂ ᠰᠦᠨᠡᠰᠦᠨ᠎ᠤ ᠲᠤᠬᠠᠢ ᠪᠢᠴᠢᠭ᠌ᠯᠡᠯᠢᠶᠠᠷ ᠴᠢᠳᠭᠦᠷ ᠱᠢᠮᠨᠤᠰ᠎ᠤᠨ ᠲᠦᠷᠢ ᠪᠦᠳᠦᠬᠡᠳᠡᠭ᠃
《ᠨᠤᠷᠪᠤ᠎ᠶ᠋ᠢᠨ ᠵᠦᠷᠢᠭ》 ᠲᠸ᠋ ᠶᠧᠯᠸᠢᠯᠢᠭ ᠠᠬᠤᠢᠴᠢ ᠦᠵᠡᠯ᠎ᠤᠨ ᠰᠦᠨᠡᠰᠦ ᠪᠠ ᠴᠢᠳᠬᠦᠷ᠎ᠤᠨ ᠲᠦᠷᠢ ᠤᠯᠠᠨ ᠢᠯᠡᠷᠡᠭ᠌ᠰᠡᠨ ᠪᠠᠢᠳᠠᠭ᠃ 《ᠨᠤᠷᠪᠤ᠎ᠶ᠋ᠢᠨ ᠵᠦᠷᠢᠭ》 ᠲᠤᠳᠤᠷ᠎ᠠ ᠨᠤᠷᠪᠤ᠎ᠶ᠋ᠢᠨ ᠠᠯᠠᠭ᠍ᠰᠠᠨ ᠤᠯᠠᠭᠠᠨ ᠦᠨᠡᠭᠡ ᠬᠦᠮᠤᠨ᠎ᠳᠤ ᠤᠷᠤᠱᠢᠭ᠍ᠰᠠᠨ ᠦᠯᠢᠬᠡᠷ ᠭᠠᠷᠳᠠᠭ᠃ ᠴᠤᠭ᠍ᠳᠤᠶ᠋ᠢᠨ 《ᠦᠷᠢ》 ᠬᠡᠰᠡᠨ ᠵᠤᠬᠢᠶᠠᠯ᠎ᠳᠤ ᠨᠠᠰᠤ ᠪᠠᠷᠠᠭ᠍ᠰᠠᠨ ᠪᠠᠭ᠎ᠠ᠎ᠶ᠋ᠢᠨ ᠨᠠᠢᠵᠠ ᠪᠠᠳᠭᠠᠶ᠋ᠢᠨ ᠰᠦᠨᠡᠰᠦ ᠢᠯᠡᠷᠡᠵᠦ᠍ ᠬᠦᠦ᠍ᠶ᠋ᠢᠨᠢ ᠵᠠᠭᠠᠯᠳᠤᠨ᠂ ᠭᠠᠯ᠎ᠤᠨ ᠲᠦᠢᠮᠠᠷ᠎ᠢᠶᠠᠷ ᠬᠡᠷ ᠤᠷᠤᠨ ᠨᠤᠳᠤᠭ ᠤᠰᠤ᠎ᠶ᠋ᠢ᠎ᠨᠢ ᠬᠠᠮᠠᠭᠠᠯᠠᠵᠦ᠍ ᠬᠦᠦ᠍ᠶ᠋ᠢᠨᠢ ᠨᠤᠳᠤᠭ ᠪᠤᠴᠠᠭᠤᠯᠵᠠᠢ᠃ ᠤ᠊·ᠨᠠᠷᠬᠢᠯ᠎ᠤᠨ 《 ᠬᠡᠷᠡᠯ᠎ᠲᠠᠢ ᠱᠢᠪᠠᠭᠤ》 ᠳ᠋ᠤ ᠡᠷ᠎ᠡ ᠨᠦᠬᠦᠷ ᠨᠢ ᠦᠷ᠎ᠡ ᠬᠡᠤᠬᠡᠳ᠎ᠢᠶᠠᠨ ᠤᠷᠬᠢᠨ ᠶᠢᠷᠳᠢᠨᠴᠦ᠍᠎ᠠᠴᠠ ᠠᠩᠭᠢᠵᠢᠷᠠᠭ᠍ᠰᠠᠨ ᠵᠢᠷᠤᠮᠳᠤ ᠪᠦᠰᠡᠬᠦᠢ ᠬᠡᠷ ᠤᠷᠤᠨ ᠳᠠᠭᠠᠨ ᠲᠠᠳᠠᠭ᠍ᠳᠠᠵᠦ᠍ ᠪᠤᠴᠠᠬᠤ᠎ᠳᠤ ᠰᠠᠨᠠᠭᠠᠨ᠎ᠠᠴᠠ ᠭᠠᠳᠠᠭᠤᠷ ᠬᠦᠮᠤᠨ᠎ᠤ ᠨᠡᠢᠬᠡᠮ᠎ᠤᠨ ᠮᠠᠭᠤ ᠮᠠᠭᠤᠬᠠᠢ᠂ ᠡᠷ᠎ᠡ ᠨᠦᠬᠦᠷ᠎ᠤᠨ᠎ᠢᠶᠠᠨ ᠰᠡᠳᠭᠢᠯ᠎ᠤᠨ ᠬᠤᠪᠢᠷᠠᠯ᠎ᠢ ᠦᠵᠡᠵᠦ᠍ ᠬᠠᠷᠠᠭ᠍ᠰᠠᠨ ᠪᠠᠢᠨ᠎ᠠ᠃ ᠶᠡᠷᠦ᠍᠎ᠨᠢ ᠰᠦᠨᠡᠰᠦ ᠪᠠ ᠴᠢᠳᠬᠦᠷ᠂ ᠰᠦᠭ ᠰᠦᠨᠡᠰᠦ᠂ ᠵᠡᠬᠦᠳᠦ ᠦᠨᠡᠨ ᠬᠤᠯᠢᠯᠳᠤᠭ᠍ᠰᠠ ᠶᠧᠯᠸᠢᠯᠢᠭ ᠠᠬᠤᠢ ᠪᠦᠬᠦᠢ ᠵᠤᠬᠢᠶᠠᠯ᠎ᠳᠤ ᠤ᠊·ᠨᠠᠷᠬᠢᠯ᠎ᠤᠨ 《ᠬᠡᠷᠡᠯ᠎ᠲᠠᠢ ᠱᠢᠪᠠᠭᠤ》᠂ ᠰ᠊·ᠮᠦᠷᠦᠬᠡᠳᠦᠯ᠎ᠤᠨ 《ᠨᠢᠳᠦ ᠦᠬᠡᠢ ᠰᠦᠨᠢ᠂ ᠨᠢᠬᠦᠯ᠎ᠤᠨ ᠬᠠᠷᠠᠩᠭᠤᠢ ᠲᠤᠮᠳᠠᠭᠤᠷ 》 ᠵᠡᠷᠬᠡ ᠵᠤᠬᠢᠶᠠᠯ ᠪᠤᠯ ᠪᠦᠷ ᠯᠠ ᠰᠦᠨᠡᠰᠦ ᠪᠠ ᠴᠢᠳᠬᠦᠷ᠂ ᠤᠢᠯᠠᠭᠠᠭ᠍ᠳᠠᠰᠢ ᠦᠬᠡᠢ ᠬᠠᠴᠢᠨ ᠬᠡᠷᠡᠭ ᠶᠠᠪᠤᠳᠠᠯ᠎ᠤᠨ ᠲᠤᠬᠠᠢ ᠤᠷᠠᠨ ᠪᠦᠳᠦᠬᠡᠯᠬᠡ᠎ᠳᠠᠬᠢ ᠲᠦᠷᠢᠵᠢᠬᠦᠯᠦᠯᠳᠡ ᠪᠤᠯᠬᠤ ᠶᠤᠮ᠃ ᠰ᠊·ᠮᠦᠷᠦᠬᠡᠳᠦᠯ᠎ᠤᠨ 《ᠨᠢᠳᠦ ᠦᠬᠡᠢ ᠰᠦᠨᠢ᠂ ᠨᠢᠬᠦᠯ᠎ᠤᠨ ᠬᠠᠷᠠᠩᠭᠤᠢ ᠲᠤᠮᠳᠠᠭᠤᠷ》 ᠵᠤᠬᠢᠶᠠᠯ᠎ᠳᠤ ᠰᠦᠨᠢ ᠪᠤᠯ ᠮᠠᠭᠤ ᠮᠠᠭᠤᠬᠠᠢ᠎ᠶ᠋ᠢᠨ ᠡᠬᠦᠰᠦᠯ᠎ᠤᠨ ᠲᠠᠯᠠᠪᠤᠷ ᠪᠤᠯᠪᠠ᠃ ᠰᠦᠨᠢ᠎ᠨᠢ ᠲᠠᠢᠨ᠂ ᠦᠬᠦᠯ᠂ ᠭᠤᠨᠢᠭ ᠵᠤᠪᠠᠯᠠᠩ ᠵᠡᠷᠬᠡ ᠮᠠᠭᠤ ᠮᠠᠭᠤᠬᠠᠢ ᠵᠦᠢᠯᠡᠰ᠎ᠠᠴᠠ ᠦᠷᠨᠢᠭ᠌ᠰᠡᠨ ᠰᠡᠳᠭᠢᠯ᠎ᠤᠨ ᠲᠦᠭ᠌ᠰᠢᠯ ᠪᠤᠯᠵᠠᠢ ᠃
《 ᠲᠠᠭᠤ᠎ᠪᠠᠨ ᠬᠤᠷᠢᠶᠠᠭ᠍ᠰᠠᠨ ᠲᠡᠯᠡᠬᠡᠢ》᠂ 《ᠠᠪᠰᠠ》᠂ 《ᠫᠢᠸᠤ᠋᠎ᠳᠤ ᠲᠤᠷᠠᠳᠠᠢ ᠪᠤᠯᠵᠤᠮᠤᠷ》 ᠬᠡᠰᠡᠨ ᠵᠤᠬᠢᠶᠠᠯ ᠪᠤᠯ ᠲᠤᠮᠤᠭ ᠲᠤᠤᠯᠢᠰᠯᠢᠭ ᠱᠢᠳᠢᠳᠦ ᠦᠩᠬᠡ ᠬᠢᠯᠪᠠᠭ᠎ᠠ᠎ᠲᠠᠢ ᠵᠤᠬᠢᠶᠠᠯ ᠃ 《ᠠᠪᠰᠠ》 ᠵᠤᠬᠢᠶᠠᠯ᠎ᠳᠤ ᠠᠪᠤ᠎ᠨᠢ ᠨᠠᠰᠤ ᠪᠠᠷᠠᠬᠤᠠᠴᠠᠪᠠᠨ ᠡᠮᠤᠨ᠎ᠡ ᠤᠬᠠᠭᠠᠨ ᠰᠠᠨᠠᠭ᠎ᠠ᠎ᠪᠠᠨ ᠦᠷ᠎ᠡ᠎ᠳᠡᠭᠡᠨ ᠦᠪᠯᠡᠵᠦ᠍ ᠂ ᠨᠠᠰᠤ ᠪᠠᠷᠠᠭ᠍ᠰᠠᠨ᠎ᠤ ᠰᠡᠬᠦᠯᠡᠷ ᠵᠡᠬᠦᠳᠦ ᠵᠦᠩ᠎ᠤᠨ ᠭᠡᠯᠪᠡᠷᠢ᠎ᠪᠠᠷ ᠦᠷ᠎ᠡ᠎ᠪᠠᠨ ᠰᠤᠷᠭᠠᠵᠦ᠍ ᠪᠠᠢᠭ᠎ᠠ ᠪᠠᠢᠳᠠᠯ᠎ᠢ ᠪᠢᠴᠢᠵᠡᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃