2026-10-28 16:18:08
ᠤᠷᠴᠢᠨ ᠤᠳᠤ ᠦᠶ᠎ᠠ ᠶ᠋ᠢᠨ ᠮᠤᠩᠭᠤᠯ ᠤᠳᠬ᠎ᠠ ᠵᠤᠬᠢᠶᠠᠯ ᠪᠤᠯ ᠤᠯᠠᠮᠵᠢᠯᠠᠬᠤ ᠪᠡ ᠰᠢᠨᠡᠴᠢᠯᠡᠬᠦ᠂ ᠤᠳᠤᠬᠢᠴᠢᠯᠠᠬᠤ ᠪᠡ ᠬᠠᠮᠠᠭᠠᠯᠠᠬᠤ᠂ ᠬᠤᠳᠡᠴᠢᠯᠡᠬᠤ ᠪᠡ ᠨᠤᠳᠤᠭᠴᠢᠯᠠᠬᠤ ᠵᠡᠷᠭᠡ ᠤᠯᠠᠨ ᠬᠠᠷᠠᠭᠠᠳᠤ ᠲᠤᠭᠳᠠᠮᠵᠢ ᠶ᠋ᠢᠨ ᠲᠤᠮᠳᠠ ᠲᠠᠰᠤᠷᠡᠯᠳᠡ ᠦᠭᠡᠢ ᠬᠤᠪᠢᠰᠴᠤ᠌ ᠢᠷᠡᠭᠰᠡᠨ ᠲᠡᠥᠬᠡ ᠶ᠋ᠢᠨ ᠤᠷᠤᠰᠬᠠᠯ ᠶᠤᠮ᠃ ᠡᠳᠡᠭᠡᠷᠤ᠋ᠨ ᠳᠤᠲᠤᠷ᠎ᠠ ᠤᠯᠠᠮᠵᠢᠯᠠᠯ ᠪᠡ ᠰᠢᠨᠡᠴᠢᠯᠡᠯ᠂ ᠤᠳᠤᠬᠢᠴᠢᠯᠠᠬᠤ ᠪᠡ ᠬᠠᠮᠠᠭᠠᠯᠠᠬᠤ ᠠᠰᠠᠭᠤᠳᠡᠯᠤ᠋ᠨ ᠲᠠᠯ᠎ᠠ ᠪᠡᠷ ᠡᠷᠳᠡᠮᠳᠡᠳ ᠨᠡᠯᠢᠶᠡᠳ ᠬᠦᠨᠵᠡᠭᠡᠢ ᠰᠤᠳᠤᠯᠤᠭᠰᠠᠨ ᠲᠤᠯᠠ ᠡᠨᠳᠡ ᠭᠤᠤᠯᠳᠠᠭᠤ ᠬᠤᠳᠡ ᠪᠠ ᠬᠦᠳᠡᠭᠡ ᠭᠡᠬᠦ᠌ ᠤᠨᠤᠯ ᠤ᠋ᠨ ᠲᠤᠭᠳᠠᠮᠵᠢ ᠡᠴᠡ ᠳᠦᠭᠦᠮᠭᠡᠨ ᠠᠵᠢᠭᠯᠠᠵᠤ᠂ ᠮᠦᠴᠢᠳ ᠤᠶ᠋ᠢᠯᠠᠭᠠᠯᠳᠠ ᠪᠡᠨ ᠶᠠᠷᠢᠪᠠ᠃
ᠨᠢᠭᠡ᠂ 《ᠬᠦᠳᠡᠭᠡ ᠲᠠᠯ᠎ᠠ ᠪᠡᠨ ᠬᠤᠳᠡ ᠪᠠᠶ᠋ᠢᠭᠤᠯᠤᠯᠳᠠ ᠪᠡᠷ ᠲᠦᠭᠦᠷᠭᠡᠬᠦ᠌》 ᠬᠥᠰᠡᠯᠡᠩ ᠪᠤᠶᠤ 《ᠰᠢᠨ᠎ᠡ ᠲᠢᠭᠯᠢᠮ》ᠤ᠋ᠨ ᠴᠤᠭᠴᠠᠯᠠᠯᠳᠠ
ᠤᠳᠤ ᠵᠢᠨ ᠤᠶ᠋ᠢᠯᠠᠭᠠᠯᠳᠠ ᠶ᠋ᠢ ᠦᠨᠳᠦᠰᠦᠯᠡᠪᠡᠯ ᠰᠢᠨ᠎ᠡ ᠤᠳᠬ᠎ᠠ ᠵᠤᠬᠢᠶᠠᠯ ᠭᠡᠳᠡᠭ ᠤᠬᠠᠭᠳᠠᠬᠤᠨ ᠨᠢ 《ᠬᠦᠳᠡᠭᠡ》 ᠵᠢᠨ ᠲᠤᠬᠠᠢ ᠰᠢᠨ᠎ᠡ ᠤᠶ᠋ᠢᠯᠠᠭᠠᠭᠳᠠᠬᠤᠨ ᠯᠤᠭ᠎ᠠ ᠲᠤᠶ᠋ᠢᠯ ᠤ᠋ᠨ ᠨᠢᠭᠳᠠ ᠬᠠᠷᠢᠴᠠᠭ᠎ᠠ ᠲᠠᠢ ᠭᠡᠵᠤ ᠦᠵᠡᠬᠦ᠌ ᠮᠠᠭᠠᠳᠯᠠᠯ ᠲᠠᠢ᠃ ᠤᠴᠢᠷ ᠨᠢ ᠰᠢᠨ᠎ᠡ ᠤᠳᠬ᠎ᠠ ᠵᠤᠬᠢᠶᠠᠯ ᠭᠡᠳᠡᠭ ᠪᠤᠯ ᠲᠤᠭᠳᠠᠭᠰᠠᠨ ᠨᠢᠭᠡ ᠴᠠᠭ ᠦᠶ᠎ᠡ ᠵᠢᠨ ᠨᠦᠭᠦᠴᠡᠯ ᠪᠠᠶ᠋ᠢᠳᠡᠯ ᠳ᠋ᠤ ᠬᠠᠷᠠᠭᠠᠯᠵᠠᠨ ᠪᠤᠢ ᠪᠤᠯᠤᠭᠰᠠᠨ ᠤᠳᠬ᠎ᠠ ᠵᠤᠬᠢᠶᠠᠯᠤ᠋ᠨ ᠱᠠᠳᠤᠯᠠᠯ ᠪᠤᠯᠬᠤ ᠪᠦᠭᠡᠳ ᠡᠨᠡ ᠬᠦ᠌ ᠱᠠᠳᠤ ᠦᠶ᠎ᠡ ᠵᠢᠨ ᠪᠤᠢ ᠪᠤᠯᠤᠭᠰᠠᠨ ᠨᠢ ᠮᠦᠨ 《ᠬᠦᠳᠡᠭᠡ》 ᠵᠢᠨ ᠲᠤᠬᠠᠢ ᠰᠢᠨ᠎ᠡ ᠤᠶ᠋ᠢᠯᠠᠭᠠᠯᠳᠡ ᠲᠠᠢ ᠬᠠᠮᠳᠤ ᠪᠠᠷᠢᠯᠳᠤᠨ ᠪᠤᠢ ᠪᠤᠯᠤᠭᠰᠠᠨ ᠪᠠᠶ᠋ᠢᠳᠠᠭ᠃ ᠤᠷᠴᠢᠨ ᠦᠶ᠎ᠠ ᠵᠢᠨ ᠵᠤᠬᠢᠶᠠᠯᠴᠢ ᠬᠠᠳᠠ ᠵᠢᠨ 《ᠨᠡᠬᠦᠳᠡᠯ ᠠᠮᠢᠳᠤᠷᠠᠯᠳᠤ ᠮᠠᠨᠤ ᠮᠤᠡᠭᠭᠤᠯ》 ᠬᠡᠬᠦ ᠵᠤᠬᠢᠶᠠᠯᠳᠡᠬᠢ 《ᠮᠠᠨᠤ ᠨᠡᠬᠦᠳᠡᠯᠴᠢᠨ ᠮᠤᠡᠭᠭᠤᠯᠴᠤᠳ ᠡᠳᠤᠢ ᠲᠡᠳᠤᠢ ᠤᠨ ᠵᠢᠯ ᠦᠡᠭᠭᠡᠷᠡᠪᠡᠴᠤ ᠮᠦᠨ ᠬᠠᠭᠤᠴᠢᠨ ᠬᠡᠪ ᠵᠢᠡᠷ ᠠᠵᠢᠭ ᠦᠬᠡᠢ ᠬᠤᠨᠢ ᠦᠬᠡᠷ ᠵᠢᠡᠨ ᠠᠳᠤᠭᠤᠯᠤᠬᠰᠠᠭᠠᠷ ᠪᠦᠯᠤᠭᠡ ᠁ ᠡᠪᠤᠯ ᠬᠠᠪᠤᠷᠤᠨ ᠤᠰᠤ ᠴᠠᠰᠤᠨᠤ ᠪᠡᠷᠭᠡ ᠴᠠᠭ ᠲᠤᠷ ᠬᠦᠳᠡᠭᠡᠨᠤ ᠬᠦᠮᠤᠨ ᠤᠬᠳᠤ ᠭᠠᠳᠠᠬᠰᠢ ᠶᠠᠪᠤᠬᠤ ᠦᠬᠡᠢ ᠪᠢᠳᠡᠬᠦᠤ ᠰᠠᠭᠤᠵᠠᠭᠠᠮᠤᠢ᠃ ᠲᠡᠯᠡᠬᠡᠢ ᠲᠡᠭᠡᠷ᠎ᠠ ᠶᠠᠭᠤ ᠪᠤᠯᠵᠤ ᠪᠠᠢᠬᠤᠢ ᠵᠢ ᠲᠤᠡᠭ ᠮᠡᠳᠡᠬᠦ ᠦᠬᠡᠢ᠂ ᠰᠤᠨᠢᠨ ᠪᠢᠴᠢᠭ ᠬᠢᠭᠡᠳ ᠰᠤᠳᠤᠷ ᠲᠡᠪᠳᠡᠷ ᠤᠡᠭᠰᠢᠬᠤ ᠦᠬᠡᠢ》 ᠬᠡᠳᠡᠭ ᠲᠦᠷᠰᠤᠯᠡᠯ ᠪᠤᠯ ᠲᠠᠷᠤᠢ ᠡᠢᠮᠤᠷᠬᠦᠤ ᠦᠢᠯᠠᠭᠠᠯᠳᠠ ᠵᠢᠨ ᠲᠦᠪᠯᠡᠷᠡᠡᠭᠭᠦᠢ ᠲᠤᠰᠬᠠᠯ ᠪᠤᠯᠬᠤ ᠶᠤᠮ᠃ ᠤᠴᠢᠷ ᠨᠢ 《ᠬᠠᠭᠤᠴᠢᠨ ᠬᠡᠪ ᠵᠢᠡᠷ》 ᠬᠡᠳᠡᠭ ᠨᠢᠭᠡᠯᠡ ᠦᠬᠦᠯᠡᠪᠤᠷᠢᠳᠤ ᠨᠢᠭᠡ ᠴᠠᠭ ᠦᠶ᠎ᠠ ᠵᠢᠨ ᠠᠷᠤ ᠦᠵᠡᠭᠳᠡᠯ ᠪᠤᠯᠤᠨ ᠦᠷᠳᠡᠭ ᠤ᠋ᠨ ᠬᠠᠨᠳᠤᠯᠭ᠎ᠠ ᠪᠦᠷ ᠲᠤᠰᠬᠠᠬᠳᠠᠵᠤ ᠪᠤᠢ ᠬᠡᠵᠤ ᠦᠵᠡᠵᠤ ᠪᠤᠯᠤᠨ᠎ᠠ᠃
《ᠬᠦᠳᠡᠭᠡ》 ᠭᠡᠳᠡᠭ ᠦᠭᠡ ᠶ᠋ᠢ ᠬᠤᠷᠢᠳᠤᠭᠠᠷ ᠵᠠᠭᠤᠨ ᠤ᠋ ᠡᠬᠢᠨ ᠤ᠋ ᠦᠶ᠎ᠡ ᠪᠡᠷ ᠬᠡᠪᠯᠡᠭᠳᠡᠭᠰᠡᠨ 《ᠮᠤᠩᠭᠤᠯ ᠦᠭᠡᠨ ᠤ᠋ ᠲᠠᠶ᠋ᠢᠯᠪᠤᠷᠢ ᠲᠤᠯᠢ》 ᠳ᠋ᠤ 《ᠲᠠᠷᠢᠶ᠎ᠠ ᠲᠠᠷᠢᠭᠰᠠᠨ ᠦᠭᠡᠢ ᠲᠠᠯ᠎ᠠ ᠭᠠᠵᠠᠷ ᠢ᠋᠂ ᠪᠠᠰᠠ ᠲᠠᠷᠢᠶ᠎ᠠ ᠲᠠᠷᠢᠵᠤ ᠪᠤᠯᠬᠤ ᠤᠰᠤᠳᠡᠢ ᠭᠠᠵᠠᠷ ᠢ᠋ ᠪᠠᠰᠠ ᠠᠯᠢᠪᠡ ᠭᠡᠭᠡᠷ᠎ᠠ ᠭᠠᠵᠠᠷ ᠢ᠋ ᠪᠠᠰᠠ ᠢᠳᠦᠮᠠᠯ ᠬᠦᠳᠡᠭᠡ ᠬᠡᠮᠡᠬᠦᠢ ᠳ᠋ᠤ ᠬᠡᠷᠡᠭᠯᠡᠮᠤᠢ》 ᠭᠡᠵᠤ ᠲᠠᠶ᠋ᠢᠯᠪᠤᠷᠢᠯᠠᠭᠰᠠᠨ ᠪᠠᠶ᠋ᠢᠳᠠᠭ᠃ ᠡᠭᠦᠨ ᠳ᠋ᠤ 《ᠢᠳᠦᠮᠡᠯ ᠬᠦᠳᠡᠭᠡ》 ᠭᠡᠬᠦ᠌ ᠠᠮᠢᠳᠡᠨ ᠤ᠋ ᠨᠡᠷᠡᠶ᠋ᠢᠳᠦᠯ ᠳ᠋ᠤ ᠬᠤᠯᠪᠤᠭᠳᠠᠭᠰᠠᠨ ᠤᠨᠴᠠᠭᠠᠢ ᠤᠳᠬ᠎ᠠ ᠶ᠋ᠢ ᠭᠠᠷᠭᠠᠪᠡᠯ ᠦᠭᠡᠷ᠎ᠠ ᠤᠳᠬ᠎ᠠ ᠨᠢ ᠪᠦᠷ ᠨᠢᠭᠡ ᠵᠦᠢᠯᠤ᠋ᠨ ᠭᠠᠵᠠᠷ ᠵᠦᠢ ᠵᠢᠨ ᠤᠳᠬ᠎ᠠ ᠪᠡᠷ ᠢᠯᠡᠷᠡᠭᠰᠡᠨ ᠪᠠᠶ᠋ᠢᠨ᠎ᠠ᠃ ᠭᠡᠬᠦ᠌ ᠳ᠋ᠡᠭᠡᠨ ᠰᠠᠶ᠋ᠢᠨ ᠮᠠᠭᠤ ᠵᠢᠨ ᠦᠷᠳᠡᠭ ᠤ᠋ᠨ ᠬᠠᠨᠳᠤᠯᠭ᠎ᠠ ᠬᠠᠷᠠᠭᠳᠠᠬᠤ ᠦᠭᠡᠢ᠂ ᠬᠠᠷᠢᠨ ᠵᠦᠪᠭᠡᠨ ᠨᠢᠭᠡ ᠵᠦᠢᠯᠤ᠋ᠨ ᠤᠷᠤᠰᠢᠬᠤᠢ ᠵᠢᠨ ᠨᠡᠷ᠎ᠠ ᠵᠢᠨ ᠲᠡᠳᠦᠢ ᠲᠠᠶ᠋ᠢᠯᠪᠤᠷᠢᠯᠠᠭᠳᠠᠭᠰᠠᠨ ᠶᠤᠮ᠃ ᠭᠡᠪᠡᠴᠤ᠌ 《ᠨᠡᠬᠦᠳᠡᠯ ᠠᠮᠢᠳᠤᠷᠠᠯᠳᠤ ᠮᠠᠨᠤ ᠮᠤᠡᠭᠭᠤᠯ》 ᠵᠢᠡᠷ ᠲᠦᠯᠦᠭᠡᠯᠡᠭᠦᠯᠦᠭᠰᠡᠨ ᠤᠷᠴᠢᠨ ᠦᠶ᠎ᠡ ᠵᠢᠨ ᠮᠤᠩᠭᠤᠯ ᠤᠳᠬ᠎ᠠ ᠵᠤᠬᠢᠶᠠᠯ ᠳ᠋ᠤ ᠬᠦᠳᠡᠭᠡ ᠨᠢ ᠬᠠᠷᠢᠨ ᠴᠠᠭ ᠦᠶᠡᠴᠢ ᠠᠭᠤᠯᠤᠭᠳᠠᠬᠤᠨ ᠲᠠᠢ ᠪᠤᠯᠵᠤ᠂ ᠬᠦᠳᠡᠭᠡ ᠵᠢᠴᠢ ᠬᠦᠳᠡᠭᠡ ᠯᠤᠭᠡ ᠰᠢᠳᠦᠯᠴᠡᠨ ᠤᠷᠤᠰᠢᠵᠤ ᠪᠦᠬᠦᠢ ᠠᠯᠢᠪᠡ ᠦᠵᠡᠭᠳᠡᠯ᠂ ᠬᠦᠮᠦᠨ ᠨᠢ ᠪᠦᠷ ᠬᠠᠭᠤᠴᠢᠨ ᠵᠦᠢᠯ ᠪᠤᠯᠤᠨ ᠦᠵᠡᠯ ᠰᠠᠨᠠᠭᠠᠵᠢᠭᠰᠠᠨ ᠪᠠᠶ᠋ᠢᠳᠠᠭ᠃ ᠠᠯᠢᠪᠡ ᠬᠤᠪᠢᠷᠡᠯᠳᠡ ᠦᠭᠡᠢ ᠵᠦᠢᠯ᠂ ᠠᠯᠢᠪᠠ ᠡᠮᠬᠢ ᠲᠢᠭᠯᠢᠮ ᠦᠭᠡᠢ ᠵᠦᠢᠯ᠂ ᠠᠯᠢᠪᠡ ᠬᠤᠴᠤᠷᠤᠩᠭᠤᠢ ᠵᠦᠢᠯ᠂ ᠠᠯᠢᠪᠡ ᠪᠦᠳᠦᠭᠦᠯᠢᠭ ᠵᠦᠢᠯ᠂ ᠦᠪᠡᠷᠤ᠋ᠨ ᠯᠡ ᠭᠡᠰᠡᠨ ᠵᠦᠢᠯ ᠢ᠋ 《ᠬᠦᠳᠡᠭᠡ ᠵᠢᠨ》 ᠪᠤᠶᠤ 《ᠬᠦᠳᠡᠭᠡᠪᠤᠷ》 ᠭᠡᠵᠤ ᠦᠷᠳᠡᠭᠯᠡᠨ ᠦᠵᠡᠬᠦ᠌ ᠰᠢᠨ᠎ᠠ ᠬᠠᠨᠳᠤᠯᠭ᠎ᠠ ᠪᠤᠢ ᠪᠤᠯᠤᠭᠰᠠᠨ ᠶᠤᠮ᠃ ᠡᠨᠡ ᠬᠦ᠌ ᠰᠢᠨ᠎ᠡ ᠬᠠᠨᠳᠤᠯᠭ᠎ᠠ ᠵᠢᠨ ᠠᠷᠤ ᠳ᠋ᠤ ᠬᠤᠷᠳᠤᠴᠠ᠂ ᠬᠦᠭᠵᠢᠯ ᠬᠤᠪᠢᠷᠡᠯ᠂ ᠰᠢᠨᠡᠳᠦᠯ ᠦᠭᠡᠷᠡᠴᠢᠯᠡᠯ᠂ ᠬᠤᠳᠠᠴᠢᠯᠠᠭᠰᠠᠨ᠂ ᠬᠠᠷᠢ ᠵᠢᠨ ᠵᠦᠢᠯ ᠢ᠋ 《ᠰᠢᠨ᠎ᠡ》 ᠭᠡᠵᠤ ᠬᠦᠯᠢᠶᠡᠨ ᠠᠪᠤᠭᠰᠠᠨ ᠦᠷᠳᠡᠭ ᠤ᠋ᠨ ᠦᠵᠡᠯ ᠡᠭᠦᠰᠦᠭᠰᠡᠨ ᠪᠦᠭᠡᠳ ᠡᠭᠦᠨ ᠤ᠋ ᠤᠯᠠᠮ ᠡᠴᠠ ᠲᠡᠯᠡᠭᠡᠢ ᠨᠡᠶ᠋ᠢᠳᠡ ᠵᠢᠨ 《ᠰᠢᠨ᠎ᠡ ᠲᠢᠭᠯᠢᠮ》 ᠳ᠋ᠤ ᠪᠠᠭᠳᠠᠨ ᠤᠷᠤᠬᠤ ᠬᠦᠰᠡᠯᠡᠩ ᠢ᠋ ᠢᠯᠡᠳᠭᠡᠭᠰᠡᠨ ᠪᠠᠶ᠋ᠢᠳᠠᠭ᠃
ᠶᠠᠭ ᠲᠡᠭᠡᠷᠡᠬᠢ ᠮᠡᠳᠦ ᠦᠵᠡᠯ ᠰᠠᠨᠠᠭᠠᠨ ᠤ᠋ ᠬᠠᠨᠳᠤᠯᠭ᠎ᠠ ᠪᠤᠢ ᠪᠤᠯᠤᠭᠰᠠᠨ ᠡᠴᠠ ᠤᠷᠴᠢᠨ ᠦᠶ᠎ᠡ ᠵᠢᠨ ᠤᠳᠬ᠎ᠠ ᠵᠤᠬᠢᠶᠠᠯ ᠨᠢ ᠡᠷᠳᠡᠨ ᠤ᠋ ᠤᠳᠬ᠎ᠠ ᠵᠤᠬᠢᠶᠠᠯ ᠡᠴᠠ ᠢᠯᠭᠠᠭᠳᠠᠬᠤ ᠢᠯᠡᠷᠭᠡᠢ ᠤᠨᠴᠠᠯᠢᠭ ᠲᠠᠢ ᠪᠤᠯᠵᠤ᠂ 《ᠰᠢᠨ᠎ᠡ》 ᠭᠡᠬᠦ᠌ ᠲᠤᠳᠤᠳᠬᠠᠯ ᠲᠠᠢ ᠪᠤᠯᠤᠭᠰᠠᠨ ᠭᠡᠵᠤ ᠦᠵᠡᠵᠤ ᠪᠤᠯᠤᠨ᠎ᠠ᠃ ᠲᠡᠳᠡᠭᠡᠷ ᠮᠠᠨ ᠤ᠋ ᠲᠠᠨᠢᠯ ᠲᠠᠰᠤᠯ ᠪᠤᠯᠤᠭᠰᠠᠨ ᠵᠤᠬᠢᠶᠠᠯᠤᠳ᠂ ᠵᠢᠱ᠌ᠢᠶᠡᠯᠡᠪᠡᠯ 《ᠲᠤᠤᠺᠢᠤ᠋ ᠬᠤᠳᠡ ᠵᠢᠨ ᠰᠠᠶ᠋ᠢᠬᠠᠨ》 (ᠰᠠᠶ᠋ᠢᠴᠤᠩᠭᠠ) ᠂ 《ᠶᠡᠭᠡ ᠬᠤᠳᠡ ᠪᠠᠯᠭᠠᠳ》 (ᠬᠠᠳᠠ) ᠂ 《ᠠᠯᠳᠠᠨ ᠠᠩᠭ᠎ᠠ》 (ᠬᠠᠹᠦᠩᠭ᠎ᠠ)᠂ 《ᠬᠤᠶᠠᠷ ᠦᠶ᠎ᠡ ᠵᠢᠨ ᠬᠦᠮᠦᠨ》 (ᠡᠷᠳᠡᠮᠳᠡᠭᠦᠰ) ᠵᠡᠷᠭᠡ ᠰᠢᠯᠦᠭ᠂ ᠦᠭᠦᠯᠡᠯᠭᠡ᠂ ᠨᠠᠶ᠋ᠢᠷᠠᠭᠤᠯᠤᠯᠤᠳ ᠨᠢ ᠪᠦᠷ ᠯᠡ ᠬᠦᠳᠡᠭᠡ ᠪᠡ ᠬᠤᠳᠡ ᠵᠢ ᠬᠠᠷᠢᠴᠠᠭᠤᠯᠬᠤ ᠲᠤᠮᠳᠠ᠂ ᠬᠦᠭᠵᠢᠯ ᠪᠡ ᠤᠤᠷ ᠪᠠᠶ᠋ᠢᠳᠡᠯ ᠢ᠋ ᠠᠳᠠᠯᠢᠳᠬᠠᠬᠤ ᠪᠡᠷ ᠲᠠᠮᠵᠢᠨ᠂ ᠬᠦᠭᠵᠢᠯ ᠲᠡᠪᠰᠢᠯ ᠢ᠋ ᠨᠤᠳᠠᠯᠠᠨ ᠦᠵᠡᠵᠤ᠂ ᠬᠠᠭᠤᠴᠢᠨ ᠵᠦᠢᠯ ᠢ᠋ ᠡᠪᠳᠡᠬᠦ᠌ ᠤᠬᠠᠮᠰᠡᠷ ᠢ᠋ ᠢᠯᠡᠷᠡᠭᠦᠯᠦᠭᠰᠡᠨ ᠪᠠᠶ᠋ᠢᠳᠠᠭ᠃
ᠤᠳᠬ᠎ᠠ ᠵᠤᠬᠢᠶᠠᠯᠤ᠋ᠨ ᠲᠤᠰᠬᠠᠭᠰᠠᠨ ᠦᠵᠡᠯ ᠰᠠᠨᠠᠭ᠎ᠠ ᠲᠡᠳᠦᠢ ᠦᠭᠡᠢ᠂ ᠪᠢᠴᠢᠬᠦ᠌ ᠠᠷᠭ᠎ᠠ ᠵᠢᠨ ᠬᠤᠪᠢ ᠳ᠋ᠤ ᠰᠢᠨ᠎ᠡ ᠠᠷᠭ᠎ᠠ᠂ ᠰᠢᠨ᠎ᠡ ᠪᠢᠴᠢᠯᠭᠡ ᠵᠢᠨ ᠵᠠᠭᠪᠤᠷ ᠢ᠋ ᠬᠦᠭᠡᠭᠡᠴᠡᠯᠳᠦᠬᠦ᠌ ᠤᠬᠠᠮᠰᠡᠷ ᠴᠤ᠌ ᠪᠤᠢ ᠪᠤᠯᠤᠭᠰᠠᠨ ᠪᠢᠯᠡ᠃ ᠵᠢᠱ᠌ᠢᠶᠡᠯᠡᠪᠡᠯ᠂ ᠡᠷᠳᠡᠮᠳᠡᠭᠦᠰᠤ᠋ᠨ 《ᠬᠠᠪᠤᠷᠤ᠋ᠨ ᠰᠠᠯᠬᠢᠨ》 ᠭᠡᠳᠡᠭ ᠵᠤᠬᠢᠶᠠᠯᠤ᠋ᠨ ᠤᠷᠤᠰᠢᠯ ᠳ᠋ᠤ ᠬᠡᠯᠡᠬᠦ᠌ ᠳ᠋ᠡᠭᠡᠨ 《ᠡᠳᠦᠭᠡ ᠵᠢᠨ ᠮᠠᠨ ᠤ᠋ ᠮᠤᠩᠭᠤᠯᠤ᠋ᠨ ᠪᠢᠴᠢᠭ᠂ ᠤᠳᠬ᠎ᠠ ᠶ᠋ᠢ ᠨᠡᠭᠡᠭᠡᠵᠤ ᠦᠵᠡᠭᠦᠯ᠎ᠠ᠂ ᠦᠯᠢᠭᠡᠷᠤ᠋ᠨ ᠬᠠᠮᠢᠶᠠᠳᠡᠨ ᠠᠨᠤ᠂ ᠡᠷᠳᠡᠨ ᠡᠴᠡ ᠤᠯᠠᠮᠵᠢᠯᠡᠨ ᠢᠷᠡᠭᠰᠡᠨ ᠬᠦᠮᠦᠨ ᠤ᠋ ᠪᠡᠯᠡᠨ ᠢ᠋ ᠤᠷᠴᠢᠭᠤᠯᠤᠭᠰᠠᠨ ᠢᠯᠵᠠᠷᠠᠭᠰᠠᠨ ᠬᠡᠷᠡᠭ ᠦᠭᠡᠢ ᠬᠡᠳᠦᠨ ᠲᠡᠪᠳᠡᠷ ᠡᠴᠠ ᠭᠠᠳᠠᠨ᠎ᠠ᠂ ᠲᠡᠷᠤᠢ ᠦᠯᠡᠳᠡᠭᠰᠡᠨ ᠢᠨᠤ ᠦᠭᠡᠷ᠎ᠠ ᠤᠯᠤᠰ ᠡᠴᠠ ᠢᠷᠡᠭᠰᠡᠨ ᠤᠳᠬ᠎ᠠ ᠬᠡᠳᠦᠨ ᠲᠤᠭᠳᠤᠢ ᠲᠡᠪᠳᠡᠷ ᠁ ᠤᠳᠠᠭᠠᠨ ᠵᠢᠯ ᠤᠯᠠᠮᠵᠢᠯᠠᠨ ᠢᠷᠡᠭᠰᠡᠨ ᠮᠤᠩᠭᠤᠯ ᠤᠳᠬ᠎ᠠ ᠵᠢᠨ ᠤᠩᠰᠢᠭᠴᠢᠳ ᠤ᠋ᠨ ᠢᠳᠡᠭᠡᠨ ᠤ᠋ ᠠᠮᠳᠠ ᠶ᠋ᠢ ᠬᠠᠯᠠᠬᠤ ᠪᠡᠷ ᠵᠤᠷᠢᠭ ᠪᠤᠰᠭᠠᠵᠤ ᠁》 (《ᠬᠦᠭᠡ ᠲᠤᠭ》 ᠰᠤᠨᠢᠨ᠂ ᠡᠩᠭᠡ ᠡᠷᠳᠡᠮᠳᠤ ᠵᠢᠨ ᠨᠠᠢ᠍ᠮᠠᠳᠤᠭᠠᠷ ᠤᠨ 3 ᠰᠠᠷ᠎ᠠ ᠵᠢᠨ 26) ᠭᠡᠵᠤ ᠮᠤᠩᠭᠤᠯ ᠤᠳᠬ᠎ᠠ ᠵᠤᠬᠢᠶᠠᠯ ᠤ᠋ᠨ ᠤᠯᠠᠮᠵᠢᠯᠡᠯ ᠪᠤᠶᠤ ᠲᠤᠬᠠᠢ ᠵᠢᠨ ᠪᠠᠶ᠋ᠢᠳᠠᠯ ᠳ᠋ᠤ ᠬᠠᠨᠤᠮᠵᠢ ᠦᠭᠡᠢ᠂ ᠬᠤᠪᠢᠷᠡᠯᠳᠡ ᠦᠭᠡᠢ ᠪᠠᠶ᠋ᠢᠭ᠎ᠠ ᠳ᠋ᠤ ᠲᠤᠷ᠎ᠠ ᠦᠭᠡᠶ᠋ᠢᠴᠡᠭᠰᠡᠨ ᠰᠡᠳᠭᠢᠯᠭᠡ ᠪᠡᠨ ᠢᠯᠡᠳᠭᠡᠵᠤ᠂ ᠰᠢᠨ᠎ᠡ ᠠᠷᠭ᠎ᠠ ᠪᠡᠷ ᠵᠤᠬᠢᠶᠠᠯ ᠪᠢᠴᠢᠬᠦ᠌ ᠪᠡᠷ ᠤᠷᠤᠯᠳᠤᠭᠰᠠᠨ ᠲᠤᠬᠠᠢ ᠪᠡᠨ 《ᠤᠳᠠᠭᠠᠨ ᠵᠢᠯ ᠲᠠᠪᠤᠰᠤ ᠶ᠋ᠢ ᠠᠮᠳᠠᠯᠠᠬᠰᠠᠨ ᠬᠦᠮᠦᠨ ᠳ᠋ᠤ ᠰᠢᠬᠢᠷᠤ᠋ᠨ ᠠᠮᠳᠠ ᠶ᠋ᠢ ᠮᠡᠳᠡᠭᠦᠯᠬᠦ᠌》 ᠪᠡᠷ ᠤᠷᠤᠯᠳᠤᠭᠰᠠᠨ ᠭᠡᠵᠤ ᠦᠯᠢᠭᠡᠷᠯᠡᠨ ᠶᠠᠷᠢᠭᠰᠠᠨ ᠪᠠᠶ᠋ᠢᠨ᠎ᠠ᠃ ᠡᠶ᠋ᠢᠮᠤᠷᠬᠦᠤ ᠤᠶ᠋ᠢᠯᠠᠭᠠᠯᠳᠠ ᠵᠢᠨ ᠲᠤᠤᠷ᠎ᠠ ᠲᠡᠭᠦᠨ ᠤ᠋ ᠵᠤᠬᠢᠶᠠᠯ᠂ ᠵᠢᠴᠢ ᠡᠷᠳᠡᠮᠪᠡᠭᠠᠳᠤᠷ ᠨᠡᠷᠤ᠋ᠨ ᠦᠭᠦᠯᠡᠯᠭᠡ ᠨᠢ ᠬᠠᠭᠤᠴᠢᠨ ᠪᠢᠴᠢᠯᠭᠡ ᠵᠢᠨ ᠠᠷᠭ᠎ᠠ ᠶ᠋ᠢ ᠤᠭᠤᠷᠴᠤ᠌᠂ ᠰᠢᠨ᠎ᠡ ᠠᠷᠭ᠎ᠠ ᠪᠡᠷ ᠰᠢᠨ᠎ᠡ ᠰᠠᠨᠠᠭ᠎ᠠ ᠶ᠋ᠢ ᠢᠯᠡᠷᠡᠭᠦᠯᠬᠦ᠌ ᠶ᠋ᠢ ᠬᠦᠭᠡᠭᠡᠴᠡᠯᠳᠦᠭᠰᠡᠨ ᠡᠴᠠ ᠤᠷᠴᠢᠨ ᠦᠶ᠎ᠡ ᠵᠢᠨ ᠤᠳᠬᠠᠨ ᠲᠡᠭᠡᠷᠡᠬᠢ ᠬᠤᠪᠢᠰᠤᠯ ᠰᠢᠨᠡᠴᠢᠯᠡᠯ ᠪᠤᠶᠤ ᠤᠳᠤᠬᠢᠴᠢᠯᠠᠭᠰᠠᠨ ᠤᠨᠴᠠᠯᠢᠭ ᠢ᠋ ᠪᠤᠢ ᠪᠤᠯᠭᠠᠭᠰᠠᠨ ᠪᠠᠶ᠋ᠢᠳᠠᠭ᠃
ᠬᠤᠷᠢᠶᠠᠩᠭᠤᠶ᠋ᠢᠯᠠᠭᠠᠳ ᠬᠡᠯᠡᠪᠡᠯ᠂ ᠰᠢᠨ᠎ᠡ ᠤᠳᠬ᠎ᠠ ᠵᠤᠬᠢᠶᠠᠯ ᠭᠡᠳᠡᠭ ᠪᠤᠯ ᠬᠦᠳᠡᠭᠡ ᠵᠢᠨ ᠲᠤᠬᠠᠢ ᠰᠢᠨ᠎ᠡ ᠤᠶ᠋ᠢᠯᠠᠭᠠᠭᠳᠠᠬᠤᠨ ᠯᠤᠭ᠎ᠠ ᠬᠠᠷᠠᠭᠠᠯᠵᠠᠨ ᠪᠤᠢ ᠪᠤᠯᠤᠭᠰᠠᠨ ᠪᠤᠶᠤ ᠬᠦᠳᠡᠭᠡ ᠵᠢᠨ ᠲᠤᠬᠠᠢ ᠰᠢᠨ᠎ᠡ ᠤᠶ᠋ᠢᠯᠠᠭᠠᠭᠳᠠᠬᠤᠨ ᠨᠢ ᠤᠳᠬ᠎ᠠ ᠵᠤᠬᠢᠶᠠᠯ ᠢ᠋ ᠰᠢᠨ᠎ᠡ ᠬᠠᠨᠳᠤᠯᠭ᠎ᠠ ᠲᠠᠢ ᠪᠤᠯᠭᠠᠭᠰᠠᠨ ᠭᠡᠵᠤ ᠦᠵᠡᠵᠤ ᠪᠤᠯᠤᠨ᠎ᠠ᠃
ᠶᠠᠷᠢᠶᠠᠨ ᠦᠭᠡᠢ ᠰᠠᠶ᠋ᠢᠴᠤᠩᠭᠠ ᠵᠢᠨ ᠵᠤᠬᠢᠶᠠᠯ ᠳ᠋ᠤ ᠬᠠᠷᠢ ᠵᠢᠨ ᠭᠠᠵᠠᠷ ᠡᠴᠠ ᠬᠦᠳᠡᠭᠡ ᠨᠤᠳᠤᠭ ᠵᠢᠡᠨ ᠰᠠᠨᠠᠭᠠᠯᠵᠠᠨ ᠪᠢᠴᠢᠭᠰᠡᠨ ᠵᠦᠢᠯ ᠪᠠᠶ᠋ᠢᠳᠠᠭ ᠨᠢ ᠠᠪᠤᠨ ᠦᠵᠡᠬᠦ᠌ ᠳ᠋ᠤ ᠲᠡᠭᠡᠷᠡᠬᠢ ᠦᠵᠡᠯ ᠰᠠᠨᠠᠭ᠎ᠠ ᠲᠠᠢ ᠵᠦᠷᠢᠵᠤ ᠪᠠᠶ᠋ᠢᠳᠠᠭ ᠰᠢᠭ᠋ ᠪᠤᠯᠪᠠᠴᠤ᠌ ᠦᠨᠡᠨ ᠳ᠋ᠡᠭᠡᠨ ᠲᠡᠷᠡ ᠨᠢ ᠰᠠᠶ᠋ᠢᠴᠤᠩᠭᠠ ᠵᠢᠨ ᠬᠦᠳᠡᠭᠡ ᠵᠢᠨ ᠲᠤᠬᠠᠢ ᠶᠡᠷᠦᠩᠭᠡᠢ ᠦᠵᠡᠯᠳᠡ ᠶ᠋ᠢ ᠲᠦᠯᠦᠭᠡᠯᠡᠵᠤ ᠴᠢᠳᠠᠬᠤ ᠦᠭᠡᠢ ᠶᠤᠮ᠃ ᠰᠠᠶ᠋ᠢᠴᠤᠩᠭᠠ ᠵᠢᠨ ᠲᠤᠬᠠᠢ ᠵᠢᠨ ᠦᠶ᠎ᠡ ᠵᠢᠨ ᠦᠵᠡᠯ ᠰᠠᠨᠠᠭᠠᠨ ᠤ᠋ ᠶᠡᠷᠦᠩᠭᠡᠢ ᠬᠠᠨᠳᠤᠯᠭ᠎ᠠ ᠪᠤᠯ 《ᠬᠦᠳᠡᠭᠡ ᠲᠠᠯ᠎ᠠ ᠪᠡᠨ ᠬᠤᠳᠡ ᠪᠠᠶ᠋ᠢᠭᠤᠯᠤᠯᠳᠠ ᠪᠡᠷ ᠲᠦᠭᠦᠷᠭᠡᠬᠦ᠌》 ᠭᠡᠰᠡᠨ ᠴᠢᠭᠯᠡᠯ ᠲᠠᠢ ᠪᠠᠶ᠋ᠢᠭᠰᠠᠨ ᠪᠢᠯᠡ᠃ ᠰᠠᠭᠤᠬᠤ ᠭᠡᠷ ᠤᠷᠤᠨ ᠡᠴᠡ ᠲᠡᠷᠢᠭᠦᠯᠡᠨ ᠬᠤᠳᠡᠴᠢᠯᠠᠬᠤ᠂ ᠦᠭᠡᠷᠡᠴᠢᠯᠡᠬᠦ᠌ ᠶ᠋ᠢ ᠵᠤᠷᠢᠵᠤ ᠪᠠᠶ᠋ᠢᠭᠰᠠᠨ ᠨᠢ ᠰᠠᠶ᠋ᠢᠴᠣᠩᠭᠠ ᠪᠡᠷ ᠲᠦᠯᠦᠭᠡᠯᠡᠭᠦᠯᠦᠭᠰᠡᠨ ᠲᠤᠬᠠᠢ ᠵᠢᠨ ᠰᠡᠭᠡᠭᠡᠳᠡᠳᠤ᠋ᠨ ᠬᠠᠮᠳᠤ ᠵᠢᠨ ᠬᠦᠭᠡᠭᠡᠴᠡᠯᠳᠦᠯ ᠪᠠᠶ᠋ᠢᠭᠰᠠᠨ ᠶᠤᠮ᠃
ᠬᠤᠶᠠᠷ᠂ ᠬᠦᠳᠡᠯᠮᠤᠷᠢᠴᠢᠨ ᠪᠠ ᠰᠡᠭᠡᠭᠡᠳᠡᠨ ᠤ᠋ ᠡᠰᠡᠷᠭᠦᠴᠡᠯᠳᠤᠯᠤ᠋ᠨ ᠬᠠᠷᠢᠴᠠᠭᠠᠨ ᠳ᠋ᠡᠬᠢ ᠬᠦᠳᠡᠭᠡ ᠵᠢᠨ ᠲᠤᠬᠠᠢ ᠨᠤᠳᠠᠯᠠᠯ
ᠤᠳᠤ ᠦᠶ᠎ᠡ ᠵᠢᠨ ᠤᠳᠬ᠎ᠠ ᠵᠤᠬᠢᠶᠠᠯ ᠨᠢ ᠤᠷᠴᠢᠨ ᠦᠶ᠎ᠡ ᠵᠢᠨ ᠤᠳᠬ᠎ᠠ ᠵᠤᠬᠢᠶᠠᠯ ᠡᠴᠠ ᠶᠠᠮᠡᠷ ᠲᠠᠯ᠎ᠠ ᠪᠡᠷ ᠢᠯᠭᠠᠭᠳᠠᠵᠤ ᠪᠠᠶ᠋ᠢᠬᠤ ᠪᠤᠢ? ᠡᠭᠦᠨ ᠢ᠋ ᠤᠯᠠᠨ ᠲᠠᠯ᠎ᠠ ᠡᠴᠠ ᠨᠤᠳᠠᠯᠠᠨ ᠦᠵᠡᠵᠤ ᠪᠤᠯᠬᠤ ᠡᠴᠠ ᠭᠠᠳᠠᠨ᠎ᠠ ᠪᠠᠰᠠ ᠬᠦᠳᠡᠭᠡ ᠵᠢᠨ ᠲᠤᠬᠠᠢ ᠦᠵᠡᠯᠳᠡ ᠲᠠᠨᠢᠯᠳᠡ᠂ ᠬᠦᠥᠷᠨᠢᠯᠤ᠋ᠨ ᠬᠤᠪᠢᠰᠤᠯ ᠲᠠᠢ ᠬᠠᠷᠠᠭᠠᠯᠵᠠᠭᠤᠯᠤᠨ ᠠᠵᠢᠭᠯᠠᠵᠤ ᠪᠤᠯᠬᠤ ᠶᠤᠮ᠃
ᠪᠠᠷᠤᠭ ᠲᠡᠭᠡᠷ᠎ᠠ ᠵᠠᠭᠤᠨ ᠤ᠋ ᠲᠦᠴᠢᠭᠡᠳ ᠤᠨ ᠤ᠋ ᠰᠡᠭᠦᠯᠴᠢ ᠡᠴᠠ ᠡᠬᠢᠯᠡᠨ ᠮᠤᠩᠭᠤᠯ ᠬᠡᠯᠡᠨ ᠤ᠋ ᠤᠳᠬ᠎ᠠ ᠵᠤᠬᠢᠶᠠᠯ ᠪᠤᠶᠤ ᠤᠳᠬ᠎ᠠ ᠵᠤᠬᠢᠶᠠᠯ ᠯᠤᠭ᠎ᠠ ᠬᠠᠮᠢᠶᠠᠳᠡᠢ ᠮᠡᠳᠡᠭᠡᠯᠡᠯ ᠵᠡᠷᠭᠡ ᠨᠢ ᠤᠯᠤᠰ ᠲᠦᠷᠦ᠍ ᠵᠢᠨ ᠰᠢᠨ᠎ᠡ ᠦᠵᠡᠯ ᠰᠠᠨᠠᠭᠠᠨ ᠤ᠋ ᠨᠦᠯᠦᠭᠡᠨ ᠲᠤᠤᠷ᠎ᠠ ᠬᠦᠳᠡᠭᠡ ᠨᠤᠳᠤᠭ ᠤ᠋ᠨ ᠬᠦᠭᠵᠢᠯ ᠬᠤᠪᠢᠷᠡᠯ ᠢ᠋ ᠮᠠᠭᠳᠠᠨ ᠪᠢᠴᠢᠬᠦ᠌ ᠰᠢᠨ᠎ᠡ ᠬᠡᠯᠪᠡᠷᠢᠯ ᠲᠠᠢ ᠪᠤᠯᠤᠭᠰᠠᠨ ᠪᠠᠶ᠋ᠢᠳᠠᠭ᠃ ᠲᠠᠷᠤᠢ ᠤᠷᠴᠢᠨ ᠦᠶ᠎ᠡ ᠳ᠋ᠤ ᠬᠤᠪᠢᠷᠠᠭᠤᠯᠬᠤ ᠶᠤᠰᠤᠳᠡᠢ ᠭᠡᠵᠤ ᠦᠵᠡᠵᠤ ᠪᠠᠶ᠋ᠢᠭᠰᠠᠨ ᠬᠦᠳᠡᠭᠡ ᠨᠢ ᠨᠢᠭᠡᠨᠳᠡ ᠬᠤᠪᠢᠷᠠᠭᠰᠠᠨ ᠭᠡᠬᠦ᠌ ᠲᠦᠰᠦᠭᠡᠯᠡᠮᠵᠢ ᠶ᠋ᠢ ᠢᠯᠡᠳᠭᠡᠬᠦ᠌ ᠪᠤᠯᠤᠭᠰᠠᠨ ᠪᠠᠶ᠋ᠢᠨ᠎ᠠ᠃ ᠲᠡᠭᠡᠷ᠎ᠠ ᠵᠠᠭᠤᠨ ᠤ᠋ ᠲᠠᠪᠢᠭᠠᠳ ᠤᠨ ᠳ᠋ᠤ ᠡᠨᠡ ᠬᠦ᠌ ᠪᠠᠶ᠋ᠢᠳᠡᠯ ᠨᠢ ᠨᠡᠩ ᠲᠤᠳᠤᠷᠬᠠᠢ ᠪᠤᠯᠤᠭᠰᠠᠨ ᠶᠤᠮ᠃ ᠨᠠ᠊·ᠰᠠᠶ᠋ᠢᠨᠴᠤᠭᠳᠤ ᠵᠢᠨ 《ᠰᠢᠯᠦᠭᠤᠨ ᠬᠦᠭᠡ ᠵᠢᠨ ᠲᠡᠮᠳᠡᠭᠯᠡᠯ ᠰᠢᠯᠦᠭ》᠂ ᠪ·ᠪᠦᠷᠢᠨᠪᠡᠬᠢ ᠵᠢᠨ 《ᠰᠠᠨᠠᠭ᠎ᠠ ᠪᠡᠷ ᠵᠢᠡᠨ ᠲᠤᠪᠳᠤᠯ ᠳ᠋ᠡ ᠲᠡᠷᠭᠡ ᠮᠢᠨᠢ》᠂ ᠵᠠᠯᠭᠠᠭᠦᠤ ᠵᠢᠨ 《ᠲᠠᠯ᠎ᠠ ᠨᠤᠳᠤᠭᠤ᠋ᠨ ᠰᠢᠨ᠎ᠡ ᠬᠠᠪᠤᠷ》 ᠵᠡᠷᠭᠡ ᠤᠯᠠᠨ ᠤᠯᠠᠨ ᠵᠤᠬᠢᠶᠠᠯ ᠤᠳ ᠨᠢ ᠪᠦᠷ ᠡᠢᠮᠤᠷᠬᠦᠤ᠌ ᠦᠵᠡᠯ ᠬᠠᠨᠳᠤᠯᠭ᠎ᠠ ᠵᠢᠨ ᠲᠦᠯᠦᠭᠡᠯᠡᠭᠴᠢ ᠵᠢᠱ᠌ᠢᠶ᠎ᠡ ᠪᠤᠯᠵᠤ ᠪᠤᠯᠤᠨ᠎ᠠ᠃ 《ᠰᠢᠯᠦᠭᠤᠨ ᠬᠦᠭᠡ ᠵᠢᠨ ᠲᠡᠮᠳᠡᠭᠯᠡᠯ ᠰᠢᠯᠦᠭ》 ᠵᠢᠡᠷ ᠵᠢᠱ᠌ᠢᠶᠡᠯᠡᠪᠡᠯ 《ᠭᠠᠩᠳᠠᠨ ᠰᠢᠷᠬᠢᠰᠢ ᠦᠭᠡᠢ ᠵᠢᠭᠠᠰᠤᠳᠡᠢ ᠨᠠᠭᠤᠷ ᠪᠤᠯ / ᠭᠠᠶ᠋ᠢᠬᠠᠮᠰᠢᠭ ᠰᠠᠶ᠋ᠢᠬᠠᠨ ᠨᠡᠷᠡᠳᠡᠢ ᠭᠠᠵᠠᠷ / ᠭᠠᠷᠤᠯᠳᠡ ᠲᠤᠷᠠᠰᠬᠠᠯ ᠵᠢᠡᠷ ᠡᠯᠪᠡᠭ ᠮᠦᠷᠳᠡᠭᠡᠨ / ᠭᠠᠩᠭᠠᠩ ᠦᠵᠡᠮᠵᠢ ᠪᠡᠷ ᠪᠠᠶᠠᠯᠢᠭ ᠤᠷᠤᠨ》 ᠭᠡᠵᠤ ᠮᠠᠭᠳᠠᠨ ᠰᠢᠯᠦᠭᠯᠡᠭᠰᠡᠨ ᠪᠠᠶ᠋ᠢᠳᠠᠭ᠃ ᠲᠡᠭᠡᠪᠡᠯ ᠶᠠᠭᠠᠬᠢᠭᠠᠳ ᠵᠢᠭᠠᠰᠤᠳᠡᠢ ᠨᠠᠭᠤᠷ ᠨᠢ ᠡᠶ᠋ᠢᠮᠦ᠍ ᠰᠠᠶ᠋ᠢᠬᠠᠨ ᠦᠵᠡᠮᠵᠢ ᠲᠠᠢ ᠪᠤᠯᠤᠭᠰᠠᠨ ᠪᠤᠢ? ᠭᠡᠪᠡᠯ ᠶᠠᠷᠢᠶᠡᠨ ᠦᠭᠡᠢ ᠡᠭᠦᠨ ᠤ᠋ ᠠᠷᠤ ᠳ᠋ᠤᠨᠢ ᠨᠠᠶ᠋ᠢᠭᠡᠮ ᠵᠢᠷᠤᠮᠳᠤ ᠬᠦᠳᠡᠭᠡ ᠲᠤᠰᠬᠤᠨ ᠭᠡᠬᠦ᠌ ᠦᠵᠡᠯ ᠰᠠᠨᠠᠭᠠᠨ ᠤ᠋ ᠲᠤᠯᠭᠠᠭᠤᠷᠢ ᠪᠠᠶ᠋ᠢᠬᠤ ᠡᠴᠠ ᠪᠤᠯᠤᠭᠰᠠᠨ ᠶᠤᠮ᠃ ᠦᠭᠡᠷ᠎ᠠ ᠪᠡᠷ ᠬᠡᠯᠡᠪᠡᠯ ᠡᠨᠡ ᠦᠶ᠎ᠡ ᠳ᠋ᠤ ᠬᠦᠳᠡᠭᠡ ᠵᠢᠨ ᠲᠤᠬᠠᠢ ᠠᠳᠠᠯᠢᠰᠢᠯᠤ᠋ᠨ ᠰᠡᠳᠭᠢᠯᠭᠡ ᠨᠢ ᠨᠡᠶ᠋ᠢᠭᠡᠮᠤ᠋ᠨ ᠲᠤᠭᠳᠠᠯᠴᠠᠭᠠᠨ ᠤ᠋ ᠲᠤᠬᠠᠢ ᠠᠳᠠᠯᠢᠰᠢᠯ ᠲᠠᠢ ᠪᠠᠷᠢᠯᠳᠤᠨ ᠤᠷᠤᠰᠢᠬᠤ ᠪᠤᠯᠤᠭᠰᠠᠨ ᠪᠠᠶ᠋ᠢᠳᠠᠭ᠃ ᠡᠨᠡ ᠦᠶ᠎ᠡ ᠳ᠋ᠤ ᠬᠤᠳᠡ ᠪᠠ ᠬᠦᠳᠡᠭᠡ ᠨᠢ ᠪᠠᠰᠠ ᠦᠭᠡᠷ᠎ᠠ ᠨᠢᠭᠡ ᠬᠤᠤᠰ ᠬᠠᠷᠢᠯᠴᠠᠨ ᠡᠰᠡᠷᠭᠦᠴᠡᠯᠳᠦᠭᠰᠡᠨ ᠦᠵᠡᠯ ᠰᠠᠨᠠᠭᠠᠨ ᠤ᠋ ᠰᠢᠰᠲᠸᠮ ᠳ᠋ᠤ ᠪᠠᠭᠳᠠᠵᠤ᠂ ᠬᠤᠳᠡ ᠪᠤᠯ ᠬᠦᠷᠦᠩᠭᠡᠳᠤ ᠶᠤᠰᠤᠨᠤ᠂ ᠬᠦᠳᠡᠭᠡ ᠪᠤᠯ ᠨᠠᠶ᠋ᠢᠭᠡᠮ ᠵᠢᠷᠤᠮᠤ᠋ᠨ᠂ ᠬᠤᠳᠡ ᠪᠤᠯ ᠰᠡᠭᠡᠭᠡᠳᠡᠨᠤ᠂ ᠬᠦᠳᠡᠭᠡ ᠨᠢ ᠬᠦᠳᠡᠯᠮᠤᠷᠢᠴᠢᠨ ᠠᠷᠠᠳ ᠲᠦᠮᠡᠨᠤ ᠭᠡᠬᠦ᠌ ᠤᠷᠤᠨ ᠵᠠᠢ ᠵᠢᠨ ᠢᠯᠭᠠᠯ ᠴᠤ᠌ ᠪᠤᠢ ᠪᠤᠯᠵᠠᠢ᠃ ᠲᠤᠬᠠᠢ ᠵᠢᠨ ᠦᠶ᠎ᠡ ᠵᠢᠨ ᠵᠤᠬᠢᠶᠠᠨ ᠪᠦᠳᠦᠭᠡᠯᠭᠡ ᠶ᠋ᠢ ᠵᠢᠯᠤᠭᠤᠳᠴᠤ᠌ ᠪᠠᠶ᠋ᠢᠭᠰᠠᠠ 《ᠠᠮᠢᠳᠤᠷᠡᠯ ᠳ᠋ᠤ ᠭᠦᠨᠵᠡᠭᠡᠶ᠋ᠢᠷᠡᠬᠦ᠌》᠂ 《ᠦᠵᠡᠯ ᠰᠠᠨᠠᠭ᠎ᠠ ᠪᠡᠨ ᠦᠭᠡᠷᠡᠴᠢᠯᠡᠬᠦ᠌ 》 ᠵᠡᠷᠭᠡ ᠳᠤᠷᠠᠳᠤᠯᠭ᠎ᠠ ᠨᠢ ᠦᠨᠡᠨᠳᠡᠭᠡᠨ ᠪᠦᠷ ᠴᠤ᠌ ᠡᠢᠮᠤᠷᠬᠦᠤ᠌ ᠦᠵᠡᠯ ᠰᠠᠨᠠᠭᠠᠨ ᠤ᠋ ᠰᠢᠰᠲᠸᠮ ᠳ᠋ᠤ ᠪᠠᠭᠳᠠᠵᠤ ᠪᠠᠶ᠋ᠢᠭ᠎ᠠ ᠵᠦᠢᠯᠡᠰ ᠶᠤᠮ᠃ ᠡᠭᠦᠨ ᠵᠢᠡᠷ ᠴᠤ᠌ ᠦᠯᠤ ᠪᠠᠷᠠᠮ᠂ 《ᠰᠤᠶᠤᠯᠤ᠋ᠨ ᠶᠡᠭᠡ ᠬᠤᠪᠢᠰᠬᠠᠯ》ᠤ᠋ᠨ ᠦᠶ᠎ᠡ ᠳ᠋ᠤ ᠶᠠᠪᠤᠭᠳᠠᠭᠰᠠᠨ 《ᠰᠡᠭᠡᠭᠡᠳᠡᠨ ᠵᠠᠯᠠᠭᠤᠴᠤᠳ ᠬᠦᠳᠡᠭᠡ ᠪᠠᠭᠤᠬᠤ ᠬᠦᠳᠡᠯᠭᠡᠭᠡᠨ》 ᠡᠭᠦᠰᠦᠭᠰᠡᠨ ᠨᠢ ᠪᠠᠰᠠᠴᠤ᠌ ᠲᠡᠭᠡᠷᠡᠬᠢ ᠦᠵᠡᠯ ᠰᠠᠨᠠᠭᠠᠨ ᠤ᠋ ᠦᠷᠭᠦᠯᠵᠢᠯᠡᠯ ᠪᠤᠯᠬᠤ ᠶᠤᠮ᠃
ᠭᠤᠷᠪᠡ᠂ ᠦᠭᠡᠷᠡᠴᠢᠯᠡᠯᠳᠡ ᠵᠢᠨ ᠲᠤᠬᠠᠢ ᠲᠤᠩᠭᠠᠯᠳᠡ ᠪᠤᠶᠤ ᠬᠦᠳᠡᠭᠡ ᠰᠤᠶᠤᠯᠤ᠋ᠨ ᠲᠤᠬᠠᠢ ᠰᠢᠨ᠎ᠡ ᠠᠳᠠᠯᠢᠰᠢᠯ
ᠤᠳᠬ᠎ᠠ ᠵᠤᠬᠢᠶᠠᠯᠤ᠋ᠨ ᠲᠡᠥᠬᠡᠨ ᠲᠡᠭᠡᠷ᠎ᠠ ᠬᠡᠳᠦᠶ᠋ᠢᠪᠡᠷ ᠦᠭᠡᠷᠡᠴᠢᠯᠡᠯᠳᠡ ᠨᠡᠭᠡᠭᠡᠯᠳᠡ ᠵᠢᠨ ᠤᠳᠬ᠎ᠠ ᠵᠤᠬᠢᠶᠠᠯᠤ᠋ᠨ ᠲᠤᠬᠠᠢ ᠲᠤᠰᠬᠠᠢ ᠱᠠᠳᠤᠯᠠᠯ ᠪᠤᠯᠭᠠᠨ ᠶᠠᠷᠢᠵᠤ ᠪᠠᠶ᠋ᠢᠭ᠎ᠠ ᠪᠤᠯᠪᠠᠴᠤ᠌ ᠬᠤᠳᠡ ᠪᠠ ᠬᠥᠳᠡᠭᠡ ᠭᠡᠬᠦ᠌ ᠤᠨᠤᠯᠤ᠋ᠨ ᠬᠠᠷᠠᠭ᠎ᠠ ᠪᠡᠷ ᠠᠵᠢᠭᠯᠠᠪᠠᠯ᠂ ᠲᠡᠷᠡ ᠨᠢ ᠦᠨᠳᠦᠰᠦᠨ ᠳ᠋ᠡᠭᠡᠨ ᠤᠷᠴᠢᠨ ᠦᠶ᠎ᠡ ᠵᠢᠨ ᠤᠳᠬ᠎ᠠ ᠵᠤᠬᠢᠶᠠᠯᠤ᠋ᠨ ᠬᠤᠳᠡ ᠪᠠ ᠬᠦᠳᠡᠭᠡ᠂ ᠰᠢᠨ᠎ᠡ ᠪᠠ ᠬᠠᠭᠤᠴᠢᠨ ᠭᠡᠬᠦ᠌ ᠵᠠᠭᠪᠤᠷ ᠢ᠋ ᠰᠢᠨ᠎ᠡ ᠪᠠᠶ᠋ᠢᠳᠡᠯ ᠲᠤᠤᠷ᠎ᠠ ᠰᠢᠨ᠎ᠡ ᠪᠡᠷ ᠤᠯᠠᠷᠢᠭᠤᠯᠤᠨ ᠬᠡᠷᠡᠭᠯᠡᠭᠰᠡᠨ ᠪᠠᠶ᠋ᠢᠳᠡᠯ ᠲᠠᠢ ᠶᠤᠮ᠃ ᠡᠢᠮᠤᠷᠬᠦᠤ᠌ ᠵᠤᠬᠢᠶᠠᠯ ᠳ᠋ᠤ ᠠᠶᠤᠩᠭ᠎ᠠ᠂ ᠪᠦᠭᠡᠳᠡᠯᠭᠡᠷ᠂ ᠰᠠᠶ᠋ᠢᠨᠪᠠᠶᠠᠷ ᠵᠡᠷᠭᠡ ᠵᠤᠬᠢᠶᠠᠯᠴᠢᠳᠤ᠋ᠨ 《ᠮᠠᠩᠬᠠᠨ ᠤ᠋ ᠴᠠᠭᠠᠨ᠎ᠠ ᠪᠤᠯ ᠠᠷᠪᠡᠨ ᠭᠤᠷᠪᠡᠳᠤᠭᠠᠷ ᠵᠠᠭᠤᠨ》᠂ 《ᠵᠢᠩᠤ᠋ᠨ ᠬᠤᠩᠬᠤᠨ ᠤ᠋ ᠲᠤᠤᠨᠢᠯ》 ᠂ 《ᠦᠨᠳᠡᠭᠡᠨ ᠰᠦᠢ》 ᠂ 《ᠶᠠᠮᠤ ᠵᠢᠨ ᠠᠶ᠋ᠢᠯᠤ᠋ᠨ ᠰᠢᠨ᠎ᠡ ᠲᠤᠮᠤᠭ》 ᠵᠡᠷᠭᠡ ᠵᠤᠬᠢᠶᠠᠯ ᠢ᠋ ᠲᠤᠷᠠᠳᠴᠤ᠌ ᠪᠤᠯᠤᠨ᠎ᠠ᠃ ᠭᠡᠬᠦ᠌ ᠳ᠋ᠡᠭᠡᠨ ᠡᠳᠡᠭᠡᠷ ᠵᠤᠬᠢᠶᠠᠯ ᠳ᠋ᠤ ᠬᠦᠳᠡᠭᠡ ᠶ᠋ᠢ ᠪᠦᠷᠢᠮᠦᠰᠦᠨ ᠦᠭᠡᠶ᠋ᠢᠰᠭᠡᠭᠰᠡᠨ ᠦᠭᠡᠢ᠂ ᠬᠠᠷᠢᠨ ᠨᠢᠭᠡ ᠵᠦᠢᠯᠤ᠋ᠨ ᠬᠤᠷᠭᠤᠳᠠᠬᠤ ᠰᠡᠳᠭᠢᠯᠭᠡ ᠠᠬᠤᠭᠤᠯᠵᠤ ᠪᠢᠴᠢᠭᠰᠡᠨ ᠡᠴᠡ ᠦᠪᠡᠷᠤ᠋ᠨ ᠭᠡᠰᠡᠨ ᠤᠨᠴᠠᠯᠢᠭ ᠲᠠᠢ ᠪᠤᠯᠵᠠᠢ᠃
ᠦᠭᠡᠷᠡᠴᠢᠯᠡᠯᠳᠡ ᠵᠢᠨ ᠰᠡᠳᠦᠪᠳᠤ ᠵᠤᠬᠢᠶᠠᠯ ᠨᠢ ᠦᠭᠡᠷ᠎ᠠ ᠨᠢᠭᠡ ᠵᠦᠢᠯᠤ᠋ᠨ ᠤᠷᠤᠰᠬᠠᠯ — ᠠᠮᠢ ᠠᠬᠤᠢ ᠵᠢᠨ ᠦᠵᠡᠯ ᠰᠠᠨᠠᠭᠠᠨ ᠤ᠋ ᠤᠷᠤᠰᠬᠠᠯ ᠲᠠᠢ ᠵᠤᠯᠭᠠᠬᠤ ᠦᠶ᠎ᠡ ᠳ᠋ᠤ ᠤᠳᠤ ᠦᠶ᠎ᠡ ᠵᠢᠨ ᠮᠤᠩᠭᠤᠯ ᠤᠳᠬ᠎ᠠ ᠵᠤᠬᠢᠶᠠᠯ ᠨᠢ ᠬᠤᠳᠡ ᠪᠠ ᠬᠦᠳᠡᠭᠡ ᠵᠢᠨ ᠲᠤᠬᠠᠢ ᠪᠠᠰᠠ ᠨᠢᠭᠡ ᠵᠦᠢᠯᠤ᠋ᠨ ᠰᠢᠨ᠎ᠡ ᠦᠷᠳᠡᠭᠤ᠋ᠨ ᠬᠠᠨᠳᠤᠯᠭ᠎ᠠ ᠶ᠋ᠢ ᠢᠯᠡᠷᠡᠭᠦᠯᠦᠭᠰᠡᠨ ᠪᠠᠶ᠋ᠢᠨ᠎ᠠ᠃ ᠲᠠᠷᠤᠢ ᠬᠤᠳᠡ ᠪᠤᠯ ᠬᠦᠰᠡᠯ ᠰᠢᠨᠤᠯᠤ᠋ᠨ᠂ ᠡᠪᠳᠡᠯᠡᠭᠡ ᠵᠢᠨ᠂ ᠬᠥᠳᠡᠭᠡ ᠪᠤᠯ ᠰᠠᠶᠢ ᠪᠠᠶ᠋ᠢᠭᠠᠯᠢᠯᠢᠭ᠂ ᠠᠮᠢ ᠠᠮᠢᠵᠢᠷᠡᠯᠤ᠋ᠨ ᠭᠡᠬᠦ᠌ ᠲᠠᠨᠢᠯᠳᠡ ᠪᠤᠶᠤ ᠠᠳᠠᠯᠢᠰᠢᠯ ᠢ᠋ ᠢᠯᠡᠷᠡᠭᠦᠯᠦᠭᠰᠡᠨ ᠵᠤᠬᠢᠶᠠᠯ ᠶᠡᠭᠡ ᠬᠡᠮᠵᠢᠶ᠎ᠠ ᠪᠡᠷ ᠲᠦᠷᠦᠭᠳᠡᠨ᠂ ᠠᠮᠢ ᠠᠬᠤᠢ ᠵᠢᠨ ᠤᠳᠬ᠎ᠠ ᠵᠤᠬᠢᠶᠠᠯᠤ᠋ᠨ ᠦᠵᠡᠭᠳᠡᠯ ᠪᠤᠶᠤ ᠬᠦᠳᠡᠭᠡ ᠵᠢᠨ ᠠᠶ᠋ᠢᠳ᠋ᠸᠨᠲ᠋ᠢᠲᠢ᠋ ᠪᠠᠷᠢᠮᠳᠠᠯᠠᠭᠰᠠᠨ ᠤᠳᠬ᠎ᠠ ᠵᠤᠬᠢᠶᠠᠯᠤ᠋ᠨ ᠤᠷᠤᠰᠬᠠᠯ ᠢ᠋ ᠪᠤᠢ ᠪᠤᠯᠭᠠᠭᠰᠠᠨ ᠪᠠᠶ᠋ᠢᠨ᠎ᠠ᠃ ᠲᠡᠷᠡ ᠨᠢ ᠡᠬᠢᠯᠡᠭᠡᠳ ᠪᠠᠶ᠋ᠢᠭᠠᠯᠢ ᠵᠢᠨ ᠠᠮᠢ ᠠᠬᠤᠢ ᠵᠢᠨ ᠡᠰᠢ ᠶᠤᠰᠤ ᠶ᠋ᠢ ᠵᠢᠷᠤᠮᠯᠠᠵᠤ᠂ ᠠᠮᠢ ᠨᠠᠰᠤ ᠶ᠋ᠢ ᠬᠤᠷᠤᠭᠠᠬᠤ ᠪᠡ ᠬᠠᠮᠠᠭᠠᠯᠠᠬᠤ ᠵᠢᠨ ᠬᠤᠭᠤᠷᠤᠨᠳᠤᠬᠢ ᠲᠡᠮᠡᠴᠡᠯ ᠪᠤᠯᠵᠤ ᠪᠠᠶ᠋ᠢᠭᠰᠠᠨ ᠪᠤᠯ ᠰᠡᠭᠦᠯᠳᠡᠵᠤ ᠢᠷᠡᠭᠡᠳ ᠰᠤᠶᠤᠯᠤ᠋ᠨ ᠠᠮᠢ ᠠᠬᠤᠢ᠂ ᠨᠤᠳᠤᠭ ᠪᠡᠯᠴᠢᠭᠡᠷ᠂ ᠦᠨᠳᠦᠰᠦᠳᠡᠨ ᠨᠡᠶ᠋ᠢᠳᠡ ᠭᠡᠬᠦ᠌ ᠠᠰᠠᠭᠤᠳᠠᠯ ᠳ᠋ᠤ ᠬᠤᠯᠪᠤᠭᠳᠠᠬᠤ ᠲᠤᠮᠤᠬᠠᠨ ᠰᠡᠳᠦᠪ ᠪᠤᠯᠤᠭᠰᠠᠨ ᠪᠠᠶ᠋ᠢᠳᠠᠭ᠃ ᠲᠡᠷᠡᠴᠢᠯᠡᠨ ᠡᠢᠮᠤᠷᠬᠦᠤ᠌ ᠦᠵᠡᠯ ᠤᠷᠤᠰᠬᠠᠯᠤ᠋ᠨ ᠠᠷᠤ ᠳ᠋ᠤ ᠬᠤᠳᠡᠴᠢᠯᠡᠯ ᠢ᠋ ᠡᠰᠡᠷᠭᠦᠴᠡᠬᠦ᠂ ᠤᠳᠤᠬᠢᠴᠢᠯᠡᠯᠳᠡ ᠶ᠋ᠢ ᠲᠠᠬᠢᠨ ᠲᠤᠩᠭᠠᠬᠤ᠂ ᠬᠤᠪᠢᠷᠠᠬᠤ ᠪᠡ ᠮᠦᠭᠦᠬᠦ᠌ ᠁ ᠵᠡᠷᠭᠡ ᠰᠢᠨ᠎ᠡ ᠦᠵᠡᠯ ᠦᠢᠯᠠᠭᠠᠯᠳᠠ ᠴᠤ᠌ ᠪᠦᠷᠢᠯᠳᠤᠨ ᠲᠤᠭᠳᠠᠵᠤ ᠡᠬᠢᠯᠡᠭᠰᠡᠨ ᠪᠢᠯᠡ᠃
ᠲᠦᠷᠪᠡ᠂ 《ᠰᠢᠨ᠎ᠡ ᠬᠦᠳᠡᠭᠡ ᠲᠤᠰᠬᠤᠨ》 ᠤ᠋ ᠲᠤᠬᠠᠢ ᠬᠦᠥᠷᠨᠢᠯ ᠪᠤᠶᠤ ᠵᠠᠪᠰᠡᠷᠤ᠋ᠨ ᠤᠷᠤᠨ ᠵᠠᠢ
《ᠰᠢᠨ᠎ᠡ ᠬᠦᠳᠡᠭᠡ ᠲᠤᠰᠬᠤᠨ》 ᠤ᠋ ᠲᠤᠬᠠᠢ ᠬᠥᠥᠷᠨᠢᠯ ᠪᠤᠯ ᠲᠡᠭᠡᠷ᠎ᠠ ᠵᠠᠭᠤᠨ ᠤ᠋ ᠶᠠᠷᠡᠭᠡᠳ ᠤᠨ ᠡᠴᠠ ᠨᠠᠭᠠᠰᠢ ᠮᠤᠩᠭᠤᠯ ᠤᠳᠬ᠎ᠠ ᠵᠤᠬᠢᠶᠠᠯᠤ᠋ᠨ ᠵᠤᠬᠢᠶᠠᠨ ᠪᠦᠳᠦᠭᠡᠯᠭᠡ ᠲᠡᠭᠡᠷ᠎ᠠ ᠢᠯᠡᠷᠡᠭᠰᠡᠨ ᠰᠢᠨ᠎ᠡ ᠦᠵᠡᠭᠳᠡᠯ ᠪᠤᠯᠤᠨ᠎ᠠ᠃ ᠬᠦᠳᠡᠭᠡ ᠵᠢᠨ ᠬᠦᠮᠦᠰ ᠢ᠋ ᠪᠠᠯᠭᠠᠰᠤᠵᠢᠭᠤᠯᠬᠤ᠂ ᠬᠤᠳᠠᠵᠢᠭᠤᠯᠬᠤ ᠭᠡᠰᠡᠨ ᠨᠡᠶ᠋ᠢᠭᠡᠮᠤ᠋ᠨ ᠲᠦᠷᠢᠮᠵᠢᠯ ᠢ᠋ ᠲᠠᠭᠠᠯᠳᠤᠨ ᠶᠡᠭᠡ ᠬᠡᠮᠵᠢᠶᠡᠨ ᠤ᠋ ᠮᠠᠯᠴᠢᠨ ᠲᠠᠷᠢᠶᠠᠴᠢᠨ ᠬᠤᠳᠡ ᠪᠠᠯᠭᠠᠰᠤᠨ ᠳ᠋ᠤ ᠰᠠᠭᠤᠷᠢᠰᠢᠬᠤ ᠪᠤᠯᠤᠭᠰᠠᠨ ᠪᠤᠶᠤ ᠨᠢᠭᠡᠳᠦᠯᠳᠡᠢ ᠲᠤᠬᠢᠷᠠᠭᠤᠯᠤᠭᠰᠠᠨ ᠪᠠᠶ᠋ᠢᠷᠢ ᠪᠠᠶ᠋ᠢᠰᠢᠩ ᠳ᠋ᠤ ᠰᠠᠭᠤᠬᠤ ᠪᠤᠯᠤᠭᠰᠠᠨ ᠡᠴᠠ ᠤᠳᠬ᠎ᠠ ᠵᠤᠬᠢᠶᠠᠯ ᠳ᠋ᠤ ᠦᠭᠡᠷ᠎ᠠ ᠨᠢᠭᠡ ᠵᠦᠢᠯᠤ᠋ᠨ ᠬᠦᠳᠡᠭᠡ ᠵᠢᠨ ᠲᠤᠬᠠᠢ ᠬᠦᠥᠷᠨᠢᠯ ᠪᠤᠢ ᠪᠤᠯᠵᠠᠢ᠃ ᠡᠢᠮᠤᠷᠬᠦᠤ᠌ ᠵᠤᠬᠢᠶᠠᠯᠤ᠋ᠨ ᠰᠢᠨᠡᠯᠢᠭ ᠲᠠᠯ᠎ᠠ ᠨᠢ ᠭᠡᠪᠡᠯ ᠬᠠᠭᠠᠰ ᠬᠤᠳᠡ᠂ ᠬᠠᠭᠠᠰ ᠬᠦᠳᠡᠭᠡ ᠭᠡᠬᠦ᠌ ᠵᠠᠪᠰᠡᠷᠤ᠋ᠨ ᠤᠷᠤᠨ ᠵᠠᠢ ᠳ᠋ᠡᠬᠢ ᠮᠠᠯᠴᠢᠨ ᠲᠠᠷᠢᠶᠠᠴᠢᠨᠤ ᠲᠡᠯᠴᠢᠯᠡᠯ ᠪᠡ ᠮᠤᠬᠤᠷᠳᠡᠯ ᠢ᠋ ᠪᠢᠴᠢᠵᠤ᠂ ᠦᠪᠡᠷ ᠤ᠋ᠨ ᠭᠡᠬᠦ᠌ ᠤᠷᠤᠰᠢᠬᠤ ᠤᠷᠤᠨ ᠵᠠᠢ ᠵᠢᠨ ᠲᠤᠬᠠᠢ ᠮᠦᠷᠦᠭᠡᠳᠦᠯ᠂ ᠰᠠᠨᠠᠭᠠᠯᠵᠠᠯ (ᠡᠰᠡᠭᠦᠯ᠎ᠠ ᠤᠤᠯᠤ᠋ᠨ ᠤᠷᠤᠨ ᠵᠠᠢ) ᠢ᠋ ᠢᠯᠡᠷᠡᠭᠦᠯᠦᠭᠰᠡᠨ ᠳ᠋ᠤ ᠤᠷᠤᠰᠢᠨ᠎ᠠ᠃ ᠲᠤ· ᠲᠠᠮᠠᠷᠢᠨᠤ᠋ 《ᠠᠷᠭᠠᠯ ᠬᠤᠪᠤᠷᠳᠠᠭᠰᠠᠨ ᠬᠦᠳᠡᠭᠡ》᠂ ᠡᠳᠦᠨᠰᠠᠩᠪᠤ ᠵᠢᠨ 《ᠬᠡᠯᠳᠡᠭᠡᠢ ᠴᠢᠯᠠᠭᠤᠨ ᠬᠦᠰᠢᠶ᠎ᠠ》 ᠂ ᠪᠠᠳᠦᠮᠦ᠋ᠩᠭᠡ ᠵᠢᠨ 《ᠲᠠᠭᠤᠳᠡᠢ ᠪᠤᠷᠣᠭᠠᠨ》 ᠵᠡᠷᠭᠡ ᠠᠯᠢ ᠤᠯᠠᠨ ᠵᠤᠬᠢᠶᠠᠯ ᠳ᠋ᠤ ᠪᠦᠷ ᠡᠨᠡ ᠠᠰᠠᠭᠤᠳᠠᠯ ᠢ᠋ ᠲᠤᠰᠬᠠᠨ ᠪᠢᠴᠢᠭᠰᠡᠨ ᠪᠠᠶ᠋ᠢᠳᠠᠭ᠃ ᠭᠡᠬᠦ᠌ ᠳ᠋ᠡᠭᠡᠨ ᠡᠢᠮᠤᠷᠬᠦᠤ᠌ ᠵᠠᠪᠰᠡᠷᠤ᠋ᠨ ᠤᠷᠤᠨ ᠵᠠᠢ ᠵᠢᠨ ᠲᠤᠬᠠᠢ ᠬᠦᠥᠷᠨᠢᠯ ᠭᠠᠭᠴᠠ ᠬᠦ᠌ ᠮᠤᠩᠭᠤᠯ ᠤᠳᠬ᠎ᠠ ᠵᠤᠬᠢᠶᠠᠯ ᠳ᠋ᠤ ᠯᠡ ᠲᠤᠰᠬᠠᠭᠳᠠᠭᠰᠠᠨ ᠤᠨᠴᠠᠭᠠᠢ ᠠᠰᠠᠭᠤᠳᠡᠯ ᠪᠢᠰᠢ᠂ ᠬᠠᠷᠢᠨ ᠪᠦᠭᠦ᠌ ᠤᠯᠤᠰᠤ᠋ᠨ ᠴᠢᠨᠡᠷᠳᠡᠢ ᠦᠵᠡᠭᠳᠡᠯ ᠪᠠᠶ᠋ᠢᠭᠰᠠᠨ ᠭᠡᠳᠡᠭ ᠢ᠋ ᠪᠢᠳᠡ ᠴᠡᠷᠡᠩᠳᠤᠨᠳᠦᠪ ᠨᠡᠷᠤ᠋ᠨ ᠵᠤᠬᠢᠶᠠᠯ ᠢ᠋ ᠤᠩᠰᠢᠪᠡᠯ ᠨᠡᠩ ᠲᠤᠳᠤᠷᠬᠠᠢ ᠤᠶ᠋ᠢᠯᠠᠭᠠᠵᠤ ᠪᠤᠯᠬᠤ ᠶᠤᠮ᠃
ᠲᠠᠪᠤ᠂ ᠤᠨᠴᠠᠭᠠᠢ ᠪᠠᠶ᠋ᠢᠳᠡᠯ — ᠤᠷᠤᠨ ᠨᠤᠲᠤᠭᠤ᠋ᠨ ᠪᠤᠶᠤ ᠬᠦᠢᠰᠤ ᠢᠯᠭᠠᠯᠤ᠋ᠨ ᠬᠠᠷᠠᠭᠠᠨ ᠳ᠋ᠡᠬᠢ ᠬᠤᠳᠡ ᠪᠠ ᠬᠦᠳᠡᠭᠡ ᠵᠢᠨ ᠵᠦᠷᠢᠴᠡᠯᠳᠤ ᠬᠦᠥᠷᠨᠢᠯ
ᠵᠠᠷᠢᠮ ᠦᠶ᠎ᠡ ᠳ᠋ᠤ ᠤᠳᠬ᠎ᠠ ᠵᠤᠬᠢᠶᠠᠯ ᠢ᠋ ᠲᠡᠭᠦᠨ ᠤ᠋ ᠭᠤᠯᠳᠤ ᠬᠦᠭᠵᠢᠯᠤ᠋ᠨ ᠲᠠᠭᠠᠤ ᠠᠵᠢᠭᠯᠠᠬᠤ ᠳ᠋ᠤ ᠭᠦᠭᠵᠢᠯᠤ᠋ᠨ ᠶᠡᠷᠦᠩᠭᠡᠢ ᠬᠠᠨᠳᠤᠰᠢ ᠯᠤᠭ᠎ᠠ ᠨᠢᠭᠡᠳᠦᠯ ᠦᠭᠡᠢ ᠦᠵᠡᠭᠳᠡᠯ ᠴᠤ᠌ ᠪᠠᠶ᠋ᠢᠬᠤ ᠶ᠋ᠢ ᠠᠩᠬᠠᠷᠤᠨ ᠤᠯᠵᠤ ᠪᠤᠯᠬᠤ ᠶᠤᠮ᠃ ᠤᠷᠴᠢᠨ᠂ ᠤᠳᠤ ᠦᠶ᠎ᠡ ᠵᠢᠨ ᠮᠤᠩᠭᠤᠯ ᠤᠳᠬ᠎ᠠ ᠵᠤᠬᠢᠶᠠᠯ ᠢ᠋ ᠬᠤᠳᠡ ᠪᠠ ᠬᠦᠳᠡᠭᠡ ᠭᠡᠬᠦ᠌ ᠬᠠᠷᠠᠴᠠ ᠪᠡᠷ ᠠᠵᠢᠭᠯᠠᠬᠤ ᠳ᠋ᠤ ᠮᠦᠨ ᠡᠶ᠋ᠢᠮᠤ ᠠᠰᠠᠭᠤᠳᠠᠯ ᠲᠤᠯᠭᠠᠷᠠᠳᠠᠭ᠃ ᠵᠢᠱ᠌ᠢᠶᠡᠯᠡᠪᠡᠯ᠂ ᠬᠤᠷᠴᠢᠨ ᠤᠳᠬ᠎ᠠ ᠵᠤᠬᠢᠶᠠᠯ ᠳ᠋ᠡᠬᠢ ᠬᠤᠳᠡ ᠵᠢᠨ ᠲᠤᠬᠠᠢ ᠪᠢᠴᠢᠯᠭᠡ᠂ ᠬᠦᠳᠡᠭᠡ ᠵᠢᠨ ᠲᠤᠬᠠᠢ ᠲᠠᠨᠢᠯᠳᠡ᠂ ᠡᠮᠡᠭᠳᠡᠶ᠋ᠢᠴᠤᠳᠤ᠋ᠨ ᠤᠳᠬ᠎ᠠ ᠵᠤᠬᠢᠶᠠᠯ ᠳ᠋ᠡᠬᠢ ᠬᠤᠳᠡ᠂ ᠬᠦᠳᠡᠭᠡ ᠵᠢᠨ ᠲᠤᠬᠠᠢ ᠵᠢᠨ ᠢᠯᠡᠷᠡᠭᠦᠯᠦᠯ ᠨᠢ ᠪᠦᠷ ᠦᠪᠡᠷ ᠦᠪᠡᠷᠤ᠋ᠨ ᠭᠡᠰᠡᠨ ᠤᠨᠴᠠᠭᠠᠢ ᠲᠠᠯ᠎ᠠ ᠲᠠᠢ᠃ ᠲᠠᠷᠤᠢ ᠡᠢᠮᠤᠷᠬᠦᠤ᠌ ᠪᠦᠯᠦᠭ ᠴᠣᠭᠴᠠᠴᠢᠯᠠᠭᠰᠠᠨ ᠵᠤᠬᠢᠶᠠᠯᠴᠢᠳᠤ᠋ᠨ ᠪᠦᠳᠦᠭᠡᠯ ᠳ᠋ᠤ ᠬᠤᠳᠡ ᠪᠤᠶᠤ ᠬᠦᠳᠡᠭᠡ ᠨᠢ ᠬᠠᠷᠠᠬᠠᠨ ᠲᠤᠭᠳᠠᠪᠤᠷᠢ ᠦᠭᠡᠢ᠂ ᠬᠤᠪᠢᠷᠡᠯᠳᠡ ᠲᠠᠢ ᠬᠡᠯᠪᠡᠷᠢ ᠪᠡᠷ ᠲᠤᠰᠬᠠᠭᠳᠠᠭᠰᠠᠨ ᠭᠡᠵᠤ ᠦᠵᠡᠵᠤ ᠪᠤᠯᠤᠨ᠎ᠠ᠃ ᠪᠤᠳᠠᠳᠠᠢ ᠪᠡᠷ ᠬᠡᠯᠡᠬᠦ᠌ ᠳ᠋ᠤ ᠬᠤᠷᠴᠢᠨ ᠤᠳᠬ᠎ᠠ ᠵᠤᠬᠢᠶᠠᠯ ᠳ᠋ᠤ ᠬᠤᠳᠡ ᠶ᠋ᠢ ᠮᠦᠷᠦᠭᠡᠳᠴᠤ᠌᠂ ᠬᠦᠳᠡᠭᠡ ᠶ᠋ᠢ ᠭᠤᠯᠤᠭᠰᠠᠨ ᠦᠵᠡᠯ ᠰᠠᠨᠠᠭᠠᠨ ᠤ᠋ ᠬᠠᠨᠳᠤᠯᠭ᠎ᠠ ᠲᠠᠢ ᠵᠤᠬᠢᠶᠠᠯ ᠪᠠᠶ᠋ᠢᠬᠤ ᠵᠢᠨ ᠬᠠᠮᠳᠤ ᠪᠠᠰᠠ ᠬᠤᠳᠡ ᠵᠢᠨ ᠵᠠᠷᠢᠮ ᠵᠠᠩᠰᠢᠯ ᠢ᠋ ᠦᠯᠤ ᠲᠠᠭᠠᠰᠢᠶᠠᠬᠤ᠂ ᠲᠡᠷᠡᠴᠢᠯᠡᠨ ᠬᠤᠳᠡ ᠡᠴᠠ ᠤᠶ᠋ᠢᠳᠴᠤ ᠬᠦᠳᠡᠭᠡ ᠳ᠋ᠤ ᠪᠤᠴᠠᠬᠤ ᠭᠡᠰᠡᠨ ᠦᠢᠯᠡ ᠶᠠᠪᠤᠳᠡᠯᠤ᠋ᠨ ᠰᠢ᠌ᠳᠪᠤᠷᠢᠯᠡᠯ ᠲᠠᠢ ᠵᠤᠬᠢᠶᠠᠯ ᠴᠤ᠌ ᠪᠠᠶ᠋ᠢᠳᠠᠭ᠃ ᠡᠮᠡᠭᠳᠡᠶ᠋ᠢᠴᠤᠳᠤ᠋ᠨ ᠤᠳᠬ᠎ᠠ ᠵᠤᠬᠢᠶᠠᠯ ᠳ᠋ᠤ ᠮᠦᠨ ᠬᠤᠳᠡᠴᠢᠯᠡᠯ ᠢ᠋ ᠬᠦᠰᠡᠬᠦ᠌ ᠪᠦᠭᠡᠳᠡᠯᠠ ᠭᠠᠳᠠᠭᠤᠷᠰᠢᠶᠠᠬᠤ ᠪᠤᠶᠤ ᠬᠤᠳᠡ ᠵᠢᠨ ᠣᠷᠴᠢᠨ ᠳ᠋ᠡᠬᠢ ᠡᠮᠡᠭᠳᠡᠶ᠋ᠢᠴᠤᠳᠤ᠋ᠨ ᠬᠤᠪᠢ ᠵᠠᠶᠠᠭᠠᠨ ᠳ᠋ᠤ ᠭᠤᠨᠢᠭᠯᠠᠬᠤ᠂ ᠬᠦᠳᠡᠭᠡ ᠪᠡᠨ ᠰᠠᠨᠠᠭᠠᠯᠵᠠᠬᠤ᠂ ᠬᠦᠳᠡᠭᠡ ᠶ᠋ᠢ ᠬᠦᠰᠡᠯᠡᠩᠵᠢᠭᠦᠯᠬᠦ᠌ ᠭᠡᠬᠦ᠌ ᠮᠡᠳᠦ ᠵᠢᠨ ᠨᠢᠭᠡᠳᠦᠯ ᠦᠭᠡᠢ ᠪᠤᠶᠤ ᠤᠯᠠᠨ ᠲᠠᠯᠠᠳᠤ ᠬᠠᠨᠳᠤᠯᠭ᠎ᠠ ᠬᠠᠷᠠᠭᠳᠠᠵᠤ ᠪᠠᠶ᠋ᠢᠳᠠᠭ ᠶᠤᠮ᠃ ᠡᠭᠦᠨ ᠡᠴᠡ ᠪᠢᠳᠡ ᠨᠢᠭᠡ ᠦᠨᠳᠦᠰᠦᠳᠡᠨ ᠤ᠋ ᠤᠳᠬ᠎ᠠ ᠵᠤᠬᠢᠶᠠᠯᠤ᠋ᠨ ᠲᠤᠳᠤᠭᠠᠳᠤ ᠳ᠋ᠤ ᠮᠦᠨ ᠬᠠᠷᠢᠯᠴᠠᠨ ᠠᠳᠠᠯᠢ ᠦᠭᠡᠢ ᠦᠵᠡᠭᠳᠡᠯ ᠤᠷᠤᠰᠢᠵᠤ ᠪᠠᠶ᠋ᠢᠬᠤ ᠶ᠋ᠢ ᠮᠡᠳᠡᠵᠤ ᠪᠤᠯᠤᠨ᠎ᠠ᠃
ᠶᠡᠷᠦᠩᠭᠡᠶ᠋ᠢᠯᠡᠭᠡᠳ ᠬᠡᠯᠡᠪᠡᠯ᠂ ᠤᠷᠴᠢᠨ ᠤᠳᠤ ᠦᠶ᠎ᠡ ᠵᠢᠨ ᠮᠤᠩᠭᠤᠯ ᠤᠳᠬ᠎ᠠ ᠵᠤᠬᠢᠶᠠᠯ ᠨᠢ ᠬᠤᠳᠡ ᠪᠠ ᠬᠦᠳᠡᠭᠡ ᠵᠢᠨ ᠬᠦᠤᠷᠨᠢᠯᠤ᠋ᠨ ᠵᠠᠭᠪᠤᠷ ᠢ᠋ ᠠᠰᠢᠭᠯᠠᠨ ᠤᠯᠤᠰ ᠦᠨᠳᠦᠰᠦᠳᠡᠨ ᠤ᠋ ᠬᠦᠭᠵᠢᠯᠳᠡ ᠬᠤᠪᠢᠷᠠᠯᠳᠠ᠂ ᠬᠤᠪᠢ ᠴᠤᠭᠴᠠ ᠵᠢᠨ ᠤᠷᠤᠰᠢᠯ ᠲᠤᠭᠳᠠᠨᠢᠯᠤ᠋ᠨ ᠲᠤᠬᠠᠢ ᠤᠶᠤᠨᠴᠢ ᠪᠤᠳᠤᠯᠭᠠᠰᠢᠷᠡᠯ᠂ ᠢᠳᠡᠪᠬᠢᠳᠡᠢ ᠡᠷᠢᠯᠬᠢᠯᠡᠯ ᠬᠢᠵᠤ ᠪᠠᠶ᠋ᠢᠭᠰᠠᠨ ᠪᠦᠭᠡᠳ ᠲᠡᠷᠡ ᠨᠢ ᠦᠨᠦᠳᠦᠷᠤ᠋ᠨ ᠬᠤᠪᠢ ᠳ᠋ᠤ ᠮᠦᠨ ᠨᠢᠭᠡ ᠵᠦᠢᠯᠤ᠋ᠨ ᠤᠨᠤᠯᠤ᠋ᠨ ᠲᠤᠭᠳᠠᠴᠡ ᠪᠤᠯᠵᠤ ᠵᠤᠬᠢᠶᠠᠨ ᠪᠦᠳᠦᠭᠡᠯᠭᠡ ᠪᠡ ᠤᠨᠤᠯ ᠰᠤᠳᠤᠯᠤᠯ ᠢ᠋ ᠨᠦᠯᠦᠭᠡᠯᠡᠭᠰᠡᠭᠡᠷ ᠪᠠᠶ᠋ᠢᠭ᠎ᠠ ᠪᠢᠯᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃