ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠤᠷᠠᠨ ᠵᠣᠬᠢᠶᠠᠯ

2026-10-15 17:11:53

ᠵᠣᠬᠢᠶᠠᠭ᠍ᠴᠢ᠄ ᠪᠠ᠊·ᠠᠯᠳᠠᠨᠴᠡᠴᠡᠭ ᠣᠩᠱᠢᠭ᠍ᠰᠠᠨ ᠣᠳᠠᠭ᠎ᠠ᠄ 3

ᠬᠤᠯᠪᠤᠭᠠᠨ᠎ᠤ ᠢᠮᠠᠭᠠᠳ ᠵᠦᠭ ᠵᠦᠭ᠎ᠲᠡᠭᠡᠨ ᠴᠤᠢᠯᠤᠨ ᠲᠤᠳᠠᠭᠠᠭᠠᠳ ᠬᠤᠯᠪᠤᠭᠠᠨ᠎ᠳᠤ ᠤᠷᠤᠳᠠᠭ ᠦᠭᠡᠢ᠃ ᠲᠠᠰᠤ ᠤᠷᠢᠶᠠᠯᠭᠠᠶ᠎ᠠ ᠭᠡᠬᠦ᠌᠎ᠪᠠᠷ ᠱᠢᠯᠪᠢᠬᠦᠷ ᠤᠯᠳᠠᠳᠠᠭ ᠦᠭᠡᠢ᠃ ᠬᠦᠶᠦᠶ᠎ᠡ ᠭᠡᠬᠦᠯᠡᠷ ᠬᠦᠯ ᠶᠠᠮᠠᠷ ᠨᠢᠬᠡᠨ ᠵᠦᠢᠯ᠎ᠳᠤ ᠤᠷᠢᠶᠠᠴᠠᠯᠳᠤᠭᠠᠳ ᠬᠦᠳᠡᠯᠳᠡᠭ ᠦᠭᠡᠢ᠂ ᠬᠠᠰᠭᠢᠷᠤᠶ᠎ᠠ ᠬᠡᠬᠦᠯᠡᠷ ᠲᠠᠭᠤ ᠴᠦ᠍ ᠭᠠᠷᠳᠠᠭ ᠦᠭᠡᠢ᠃ ᠬᠢᠰᠠᠯᠠᠩ᠎ᠲᠠᠢ ᠵᠡᠬᠦᠳᠦᠨ᠎ᠳᠡᠭᠡᠨ ᠪᠡᠭᠲᠡᠷᠡᠨ ᠰᠡᠷᠡᠪᠡ᠃ ᠪᠠᠷᠢᠵᠤ ᠲᠠᠯᠪᠢᠨ ᠵᠡᠬᠦᠳᠦᠨ᠎ᠤ ᠶᠢᠷᠳᠢᠨᠴᠦ᠍ ᠬᠠᠭᠤᠷᠮᠠᠭ ᠴᠦ᠍ ᠰᠠᠭᠠᠯᠢ ᠰᠦᠨ᠎ᠤ ᠵᠦᠩᠨᠡᠯ᠎ᠲᠠᠢ ᠰᠠᠢᠬᠠᠨ ᠯᠠ ᠵᠡᠬᠦᠳᠦ ᠭᠡᠵᠦ ᠪᠤᠳᠤᠯ᠎ᠠ᠃

ᠰᠠᠭᠤᠭᠠᠯᠢ ᠲᠤᠭᠤᠷᠢᠭ᠎ᠤᠨ ᠰᠠᠭ᠍ᠯᠠᠭᠠᠷ ᠮᠤᠳᠤᠳ᠎ᠤᠨ ᠲᠡᠭᠡᠬᠦᠷ ᠪᠤᠷᠤ ᠪᠤᠯᠵᠤᠮᠤᠷ᠎ᠤᠳ 《ᠪᠤᠰ᠂ ᠪᠤᠰ!》 ᠭᠡᠮᠡᠨ ᠪᠤᠰᠤᠨ ᠰᠠᠭᠤᠨ ᠱᠤᠯᠤᠭᠠᠨᠠᠯᠳᠤᠨ᠎ᠠ᠃ ᠠᠯᠤᠰ᠎ᠤᠨ ᠪᠠᠷ᠎ᠠ᠎ᠲᠠᠢ ᠲᠤᠩᠭᠠᠯᠠᠭ ᠦᠷᠯᠦᠭᠡ ᠰᠠᠭᠠᠳᠠᠵᠠᠢ᠃ ᠡᠢᠮᠦ᠍ ᠰᠠᠢᠬᠠᠨ ᠡᠳᠦᠷ ᠭᠡᠷ᠎ᠤᠨ ᠮᠤᠬᠤᠷ ᠰᠠᠬᠢᠬᠤ᠎ᠪᠠᠷ ᠲᠤᠭᠤᠨᠤᠳᠤ᠎ᠶ᠋ᠢᠨ ᠵᠤᠰᠠᠯᠠᠩ᠎ᠢᠶᠠᠨ ᠲᠤᠭᠤᠷᠢᠢ᠎ᠠ ᠭᠡᠵᠤ ᠱᠢᠢᠳᠦᠯ᠎ᠡ᠃

ᠵᠠᠮ᠎ᠤᠨ ᠬᠤᠶᠠᠷ ᠲᠠᠯ᠎ᠠ᠎ᠪᠠᠷ ᠮᠠᠯ ᠰᠦᠷᠦᠭ᠎ᠤᠨ ᠪᠠᠷ᠎ᠠ ᠦᠯᠦ᠍ ᠬᠠᠷᠠᠭ᠍ᠳᠠᠨ ᠬᠠᠷᠠᠭᠠᠨ᠎ᠤ ᠦᠵᠦᠬᠦᠷ ᠡᠯᠦᠢ ᠬᠤᠯᠤᠢ᠃ ᠶᠠᠭᠤ ᠶᠠᠭᠤᠨ᠎ᠠᠴᠠ ᠪᠦᠳᠡᠭᠡᠯᠭᠡ᠎ᠲᠠᠢ ᠪᠦᠳᠡᠭᠡᠯᠭᠡ ᠦᠭᠡᠢ ᠠᠰᠤᠷᠤ ᠲᠤᠮᠤ ᠲᠡᠭᠡᠭᠡᠪᠦᠷᠢ᠎ᠶ᠋ᠢᠨ ᠲᠡᠷᠭᠡ ᠮᠠᠱᠢᠨ᠎ᠨᠤᠭᠤᠳ ᠴᠦᠷᠭᠡ᠎ᠲᠠᠢ ᠲᠡᠮᠡᠭᠡᠳ ᠱᠢᠭ ᠬᠦᠪᠦᠷᠡᠨ᠂ ᠤᠭ᠍ᠰᠠᠷᠠᠭ᠍ᠰᠠᠨ ᠤᠯᠠᠨ ᠬᠦᠷᠳᠦ᠍᠎ᠨᠦᠭᠦᠳ᠎ᠨᠢ ᠵᠢᠷᠠᠨ ᠬᠦᠯᠳᠦ ᠱᠢᠭ ᠵᠢᠷᠢᠯᠵᠠᠨ ᠠᠪᠤᠷᠭᠤ ᠮᠤᠭᠠᠢ ᠱᠢᠭ᠋ ᠭᠤᠯᠠᠰᠤᠨ᠎ᠠ᠃ 《ᠮᠤᠭᠠᠢ᠎ᠶ᠋ᠢᠨ ᠰᠡᠬᠦᠯ》  ᠶ᠋ᠢᠡᠷ ᠭᠤᠶᠠᠳᠠᠭᠤᠯᠴᠢᠬᠠᠬᠤ ᠪᠤᠢ!  ᠬᠡᠮᠡᠨ ᠪᠠᠢᠨ ᠲᠠᠬᠢᠨ ᠲᠤᠷᠮᠤᠰᠤᠯᠠᠭᠠᠳ ᠵᠠᠮ᠎ᠤᠨ ᠲᠦᠬᠦᠬᠦᠰᠢ ᠠᠨᠠᠢ᠃

ᠰᠠᠯᠬᠢᠨ ᠬᠦᠷᠳᠦ᠍᠎ᠶ᠋ᠢᠨ ᠵᠢᠬᠦᠷ᠂ ᠨᠠᠷᠠᠨ ᠡᠨᠧᠷᠬᠢ᠎ᠶ᠋ᠢᠨ ᠬᠠᠪᠳᠠᠰᠤ᠂ ᠠᠭᠤᠷᠬᠠᠢ᠎ᠶ᠋ᠢᠨ ᠠᠱᠢᠭ᠍ᠳᠤ ᠮᠠᠯᠳᠠᠮᠠᠯ ᠁ ᠭᠡᠳ ᠶᠢᠰᠦᠨ ᠱᠢᠳᠢ᠎ᠶ᠋ᠢᠨ ᠵᠦᠢᠯᠡᠰ ᠲᠡᠮᠡᠭᠡᠨ ᠬᠦᠰᠭᠡ᠎ᠪᠠᠷ ᠪᠤᠰᠤ ᠲᠡᠷᠭᠡ ᠮᠠᠱᠢᠨ᠎ᠢᠶᠠᠷ ᠲᠡᠭᠡᠭᠡᠪᠦᠷᠢᠯᠡᠭ᠌ᠳᠡᠨ ᠵᠦᠭᠡᠭᠡᠪᠦᠷᠢᠯᠡᠭ᠌ᠳᠡᠵᠦ᠍᠂ ᠠᠱᠢᠭ᠍ᠯᠠᠭ᠍ᠳᠠᠨ ᠪᠤᠷᠤᠯᠠᠭᠤᠯᠤᠭ᠍ᠳᠠᠳᠠᠭ ᠪᠤᠯᠤᠭ᠍ᠰᠠᠨ᠎ᠢᠶᠠᠷ ᠠᠵᠤ ᠦᠢᠯᠡᠳᠪᠦᠷᠢ᠂ ᠠᠬᠤᠢ ᠠᠮᠢᠳᠤᠷᠠᠯ᠂ ᠠᠷᠠᠯᠵᠢᠶ᠎ᠠ ᠬᠤᠳᠠᠯᠳᠤᠭ᠎ᠠ ᠁ ᠠᠰᠤᠷᠤ ᠲᠦᠷᠭᠡᠨ ᠬᠦᠭ᠌ᠵᠢᠵᠦ᠍᠂ ᠪᠤᠷᠭᠠᠰᠤᠨ ᠮᠤᠷᠢ ᠪᠤᠯᠭᠢᠭᠤᠯᠵᠤ ᠦᠰᠦᠭ᠌ᠰᠡᠨ ᠬᠦᠳᠡᠭᠡ᠎ᠶ᠋ᠢᠨ ᠪᠤᠷᠤ ᠦᠬᠢᠨ ᠬᠦᠷᠳᠡᠯ᠎ᠡ ᠬᠦᠩᠬᠡᠨ ᠮᠠᠱᠢᠨ ᠬᠦᠯᠭᠡᠯᠡᠨ ᠵᠤᠷᠢᠭ᠍ᠰᠠᠨ ᠭᠠᠵᠠᠷ᠎ᠲᠠᠭᠠᠨ ᠬᠦᠷᠳᠡᠭ ᠪᠤᠯᠤᠭ᠍ᠰᠠᠨ᠎ᠨᠢ ᠪᠠᠭ᠍ᠠᠷᠬᠠᠯᠳᠠᠢ ᠠᠵᠢ᠃

ᠲᠤᠭᠤᠨᠤᠳᠤ᠎ᠶ᠋ᠢᠨ ᠵᠤᠰᠠᠯᠠᠩ᠎ᠳᠠᠭᠠᠨ ᠪᠠᠭᠤᠯ᠎ᠠ᠃ ᠵᠤᠰᠠᠯᠠᠩ᠎ᠤᠨ ᠮᠢᠨᠢ ᠭᠠᠭ᠍ᠴᠠ ᠲᠠᠰᠤᠯᠭ᠎ᠠ ᠪᠤᠷᠤ ᠪᠠᠢᠱᠢᠩ ᠠᠯᠢ ᠬᠡᠳᠦᠢᠨ ᠨᠤᠷᠠᠵᠤ᠂ ᠰᠦᠬᠦᠮ ᠬᠢᠷᠢᠳᠡᠢ ᠤᠪᠤᠭᠤᠷ ᠱᠢᠪᠡᠷ ᠲᠤᠪᠤᠢᠨ ᠡᠳᠡᠭᠡᠷᠡᠵᠡᠢ᠃ ᠬᠦᠮᠦᠨ ᠠᠮᠢᠳᠠᠨ ᠤᠯᠠᠱᠢᠷᠠᠵᠤ ᠪᠡᠯᠴᠢᠬᠡᠷ ᠨᠤᠳᠤᠭ ᠲᠠᠪᠴᠢᠭᠤᠳᠠᠨ᠂ ᠨᠡᠬᠦᠳᠡᠯ ᠰᠠᠭᠤᠳᠠᠯ ᠭᠡᠷᠡᠭ᠌ᠴᠡᠭᠡ᠎ᠠᠴᠠ ᠭᠠᠷᠴᠤ᠌᠂ ᠵᠤᠰᠠᠯᠠᠩ᠎ᠤᠨ ᠪᠡᠯᠴᠢᠭᠡᠷ ᠠᠢᠯ᠎ᠤᠨ ᠡᠪᠦᠯᠵᠢᠶ᠎ᠡ ᠪᠤᠯᠤᠭᠠᠳ ᠱᠢᠪᠠᠷ ᠪᠠᠢᠱᠢᠩ ᠮᠢᠨᠢ ᠡᠢᠨ᠎ᠬᠦ᠌ ᠡᠭᠡ ᠪᠠᠢᠭᠠᠯᠢ᠎ᠳᠠᠭᠠᠨ ᠱᠢᠩᠭᠡᠵᠦ᠍ ᠤᠤᠭᠠᠯ ᠲᠦᠷᠬᠦ᠌᠎ᠳᠡᠭᠡᠨ ᠪᠤᠴᠠᠵᠠᠢ᠃ ᠼᠧᠮᠧᠨ᠋ᠲ᠎ᠤᠨ ᠬᠠᠭᠠᠷᠬᠠᠢ᠂ ᠲᠤᠭᠤᠰᠭ᠎ᠠ᠎ᠶ᠋ᠢᠨ ᠬᠤᠯᠳᠤᠷᠬᠠᠢ᠂ ᠲᠠᠮᠤᠷ᠎ᠤᠨ ᠬᠤᠭᠤᠷᠬᠠᠢ ᠲᠠᠯ᠎ᠠ᠎ᠪᠠᠷ ᠨᠢᠬᠡ ᠲᠠᠷᠠᠵᠤ ᠪᠤᠳᠠᠷᠠᠨ ᠰᠡᠷᠲᠡᠢᠵᠦ᠍ ᠰᠤᠷᠳᠤᠢᠭ᠎ᠠ ᠦᠭᠡᠢ᠎ᠨᠢ ᠶᠠᠭᠠᠬᠢᠮᠠᠢ᠃ ᠱᠢᠪᠠᠷ᠎ᠢᠶᠠᠷ ᠪᠤᠰᠭᠠᠭ᠍ᠰᠠᠨ ᠪᠠᠢᠱᠢᠩ ᠪᠠᠷᠢᠯᠭ᠎ᠠ ᠡᠮᠳᠡᠷᠡᠵᠦ᠍ ᠬᠤᠯᠳᠤᠷᠠᠨ ᠠᠮᠠᠷᠬᠠᠨ ᠡᠳᠡᠭᠡᠷᠡᠳᠡᠭ᠎ᠨᠢ ᠶᠠᠭᠤ ᠶᠠᠭᠤᠨ᠎ᠠᠴᠠ ᠠᠱᠢᠳᠠᠢ᠃

ᠮᠠᠯᠵᠢᠬᠤ᠎ᠶ᠋ᠢ ᠵᠤᠭ᠍ᠰᠤᠭᠠᠨ ᠪᠡᠯᠴᠢᠭᠡᠷ᠎ᠢ ᠰᠡᠷᠬᠦᠭᠡᠬᠦ᠌ ᠤᠷᠢᠶᠠᠯᠭ᠎ᠠ᠎ᠶ᠋ᠢᠨ ᠲᠠᠭᠠᠤ ᠠᠳᠡ ᠡᠪᠦᠯᠵᠢᠳᠡᠭ ᠠᠢᠯ ᠴᠦ᠍ ᠪᠠᠯᠭᠠᠰᠤᠨ᠎ᠳᠤ ᠰᠠᠭᠤᠷᠢᠱᠢᠨ ᠱᠢᠪᠠᠷ ᠪᠡᠢᠱᠢᠩ᠎ᠤᠨ ᠬᠢᠨᠢ ᠢᠯᠠᠭᠠᠰᠤ ᠱᠢᠪᠠᠭᠠᠰᠤ ᠬᠤᠭ᠍ᠵᠢᠷᠠᠵᠤ ᠬᠤᠪᠬᠤᠷᠠᠨ᠂ ᠬᠤᠷᠤᠭ᠎ᠠ ᠬᠠᠱᠢᠶ᠎ᠠ᠎ᠨᠢ ᠨᠤᠷᠠᠵᠤ ᠰᠡᠳᠡᠷᠡᠨ ᠡᠵᠡᠬᠦᠢᠷᠡᠵᠡᠢ᠃

ᠡᠷᠬᠢᠨ ᠲᠤᠭᠤᠷᠢᠨ᠎ᠤ ᠲᠤᠪᠤ ᠲᠤᠯᠤᠭᠠᠳ᠎ᠤᠨ ᠤᠷᠤᠢ᠎ᠪᠠᠷ ᠦᠯᠦᠨ ᠵᠡᠷᠭᠡᠯᠬᠡᠨ ᠬᠦᠪᠦᠭᠡᠨᠡᠨ᠂ ᠬᠠᠮᠢᠭᠠᠨ᠎ᠠ ᠴᠠᠭᠠᠨ᠎ᠠ ᠭᠠᠭ᠍ᠴᠠ ᠨᠢᠬᠡ ᠭᠤᠯᠢᠶ᠎ᠠ ᠵᠠᠯᠬᠠᠭᠤᠳᠠᠢᠬᠠᠨ ᠰᠠᠷᠬᠢᠨ᠎ᠡ᠃ ᠪᠡᠯᠴᠢᠭᠡᠷ ᠨᠤᠳᠤᠭ ᠰᠠᠬᠤᠯᠢᠭ᠍ᠵᠢᠭ᠍ᠰᠠᠨ ᠴᠦ᠍ ᠮᠠᠯ᠎ᠤᠨ ᠪᠠᠷ᠎ᠠ ᠬᠠᠷᠠᠭ᠍ᠳᠠᠬᠤ ᠦᠭᠡᠢ ᠠᠵᠢᠩ ᠲᠠᠵᠢᠩ ᠲᠠᠭᠠᠷᠢᠭᠠᠳ ᠴᠠᠭᠠᠭᠤᠷ᠎ᠢᠶᠠᠨ ᠨᠢᠬᠡ ᠯᠡ ᠠᠶᠠᠬᠦᠢ᠃

ᠲᠤᠭ᠍ᠯᠠᠵᠤ ᠦᠰᠦᠭ᠌ᠰᠡᠨ ᠲᠤᠭ᠍ᠯᠠᠭᠠᠮ᠎ᠤᠨ ᠭᠠᠵᠠᠷ᠎ᠢᠶᠠᠨ ᠬᠦᠷᠦᠯ᠎ᠡ᠃ ᠲᠤᠭ᠍ᠯᠠᠭᠠᠮ᠎ᠤᠨ ᠴᠢᠯᠠᠭᠤᠳ ᠪᠤᠳᠠᠷᠠᠵᠤ ᠲᠠᠷᠠᠬᠤ (ᠲᠠᠷᠬᠠᠬᠤ)᠎ᠨᠢ ᠪᠤᠳᠠᠷᠠᠵᠤ ᠲᠠᠷᠠᠨ᠂ ᠪᠤᠯᠠᠭ᠍ᠳᠠᠵᠤ ᠲᠠᠯᠳᠠᠷᠠᠬᠤ᠎ᠨᠢ ᠪᠤᠯᠠᠭ᠍ᠳᠠᠵᠤ ᠲᠠᠯᠳᠠᠷᠠᠭᠠᠳ ᠡᠮᠬᠢ ᠵᠠᠮᠪᠠᠷᠠᠭ᠎ᠠ᠎ᠪᠠᠨ ᠠᠯᠳᠠᠵᠠᠢ᠃

ᠪᠠᠯᠴᠢᠷ ᠨᠠᠰᠤᠨ᠎ᠳᠤ ᠪᠤᠴᠠᠵᠤ ᠪᠠᠬ᠎ᠠ᠎ᠪᠠᠨ ᠬᠠᠨᠳᠠᠯ᠎ᠠ ᠲᠤᠭ᠍ᠯᠠᠶ᠎ᠠ ᠪᠠᠢᠵᠤ᠃ ᠴᠢᠯᠠᠭᠤᠨ ᠭᠡᠷ᠎ᠤᠨ ᠮᠢᠨᠢ ᠴᠠᠢᠪᠤᠷ ᠪᠤᠷᠤ ᠴᠢᠯᠠᠭᠤᠳ᠎ᠤᠨ ᠦᠨᠴᠦᠭ ᠢᠷᠮᠡᠭ᠂ ᠲᠠᠯ᠎ᠠ ᠴᠤᠬᠤ᠎ᠨᠢ 《ᠪᠢ ᠠᠳᠡ᠂ ᠪᠢ ᠠᠳᠡ!》 ᠬᠡᠬᠦ᠌ ᠱᠢᠭ ᠦᠯᠦ᠍ ᠮᠡᠳᠡᠭ ᠲᠤᠪᠤᠷᠠᠯᠴᠠᠨ᠎ᠠ᠃ ᠬᠠᠨ᠎ᠠ᠎ᠪᠠᠨ ᠲᠤᠭᠤᠢᠯᠠᠨ᠂ ᠲᠤᠯᠭ᠎ᠠ᠎ᠪᠠᠨ ᠲᠤᠯᠵᠤ᠂ ᠱᠢᠷᠦᠢ ᠬᠤᠮᠠᠭ᠎ᠤᠨ ᠲᠤᠤᠷ᠎ᠠ᠎ᠠᠴᠠ ᠠᠪᠳᠠᠷ᠎ᠠ ᠬᠤᠷᠭᠤ᠂ ᠠᠶᠠᠭ᠎ᠠ ᠱᠠᠭᠠᠵᠠᠩ᠎ᠢᠶᠠᠨ ᠴᠤᠭ᠍ᠯᠠᠭᠤᠯᠤᠨ ᠤᠷᠤᠨ ᠪᠠᠢᠷᠢ᠎ᠶ᠋ᠢ᠎ᠨᠢ ᠤᠯᠤᠭᠤᠯᠵᠦ ᠪᠠᠢᠳᠠᠯ᠎ᠠ ᠬᠤᠨᠳᠠᠭᠠᠨ ᠬᠡᠯᠪᠡᠷᠢᠳᠡᠢ ᠪᠤᠷᠤ ᠴᠢᠯᠠᠭᠤ ᠭᠠᠷᠴᠤ᠌ ᠢᠷᠡᠯ᠎ᠡ᠃ ᠦ᠂ ᠬᠦᠭᠡᠷᠦᠬᠦᠢ! ᠮᠠᠨ᠎ᠤ ᠰᠠᠭᠠᠯᠢ᠎ᠶ᠋ᠢᠨ ᠰᠠᠭᠤᠯᠠᠭ᠎ᠠ ᠭᠠᠷᠤᠭᠠᠳ ᠢᠷᠡᠬᠦ᠌᠎ᠨᠢ ᠡᠨᠡ᠃ ᠰᠠᠭᠠᠯᠢ᠎ᠶ᠋ᠢᠨ ᠰᠠᠭᠤᠯᠠᠭ᠎ᠠ᠎ᠲᠠᠢ ᠠᠢᠯ᠎ᠳᠤ ᠰᠠᠭᠠᠬᠤ ᠮᠠᠯ ᠪᠠᠢᠵᠤ ᠯᠠ ᠲᠠᠭᠠᠷᠠᠨ᠎ᠠ᠃

《ᠬᠤᠳᠠ》 ᠎ᠪᠠᠨ ᠲᠤᠭᠤᠷᠢᠭᠤᠯᠤᠨ ᠬᠠᠷᠠᠯ᠎ᠠ᠃ ᠠᠯᠢ ᠲᠠᠯ᠎ᠠ᠎ᠳᠤ ᠶᠠᠮᠠᠷ ᠰᠦᠷᠦᠭ ᠬᠤᠳᠠᠯᠠᠭᠤᠯᠳᠠᠭ ᠪᠠᠢᠭ᠍ᠰᠠᠨ ᠮᠢᠨᠢ ᠰᠠᠨᠠᠭᠠᠨ᠎ᠳᠤ ᠢᠯᠡᠬᠡᠨ᠃ ᠠᠳᠤᠭᠤ ᠮᠠᠯ᠎ᠤᠨ᠎ᠢᠶᠠᠨ ᠤᠶᠠᠭ᠎ᠠ ᠰᠤᠢᠯᠭ᠎ᠠ᠎ᠶ᠋ᠢ ᠲᠠᠭᠠᠷᠠᠭᠤᠯᠤᠨ ᠠᠢᠷᠠᠭ᠎ᠤᠨ ᠲᠠᠪᠤ᠎ᠳᠤ ᠬᠤᠷᠳᠤᠯᠠᠭᠤᠯᠳᠠᠭ ᠵᠤᠨ᠎ᠤ ᠲᠡᠯᠭᠡᠷ ᠤᠯᠠᠷᠢᠯ᠎ᠳᠤ ᠵᠤᠰᠠᠯᠠᠩ᠎ᠤᠨ᠎ᠢᠶᠠᠨ ᠰᠠᠷᠠᠭᠤᠯ ᠬᠦᠨᠳᠡᠢ᠎ᠳᠤ ᠰᠠᠭᠠᠳᠠᠵᠤ ᠳ᠋ᠡ᠂ ᠪᠢ!

《ᠭᠡᠷ》᠎ᠤ᠋ᠨ ᠪᠠᠷᠠᠭᠤᠨ ᠲᠠᠯ᠎ᠠ᠎ᠪᠠᠷ 《ᠤᠷᠤᠭ᠎ᠠ ᠬᠠᠩᠭᠠᠯ ᠠᠳᠤᠭᠤᠳ᠎ᠢᠶᠠᠨ ᠤᠷᠭᠠᠯᠠᠵᠤ ᠨᠤᠭ᠍ᠳᠤᠯᠠᠨ ᠨᠤᠮᠤᠬᠠᠷᠠᠭᠤᠯᠤᠭᠠᠳ ᠤᠶᠠᠭ᠎ᠠ ᠰᠤᠢᠯᠭ᠎ᠠ᠎ᠶ᠋ᠢ ᠲᠠᠭᠠᠷᠠᠭᠤᠯᠤᠨ ᠤᠷᠤᠯᠳᠤᠵᠤ ᠴᠡᠩᠭᠡᠵᠦ᠍ ᠨᠠᠭᠠᠳᠤᠭᠠᠷᠠᠢ!》 ᠬᠡᠮᠡᠨ ᠦᠩᠬᠡ ᠦᠩᠬᠡ᠎ᠶ᠋ᠢᠨ ᠴᠢᠯᠠᠭᠤᠳ ᠦᠩᠭᠡ ᠪᠦᠷᠦᠭ᠌ᠬᠡᠨ ᠴᠤᠬᠤᠢᠨ᠎ᠠ᠃ 《ᠤᠶᠠᠵᠤ ᠰᠤᠢᠵᠦ᠍ ᠬᠤᠷᠳᠤᠯᠠᠭᠤᠯᠤᠨ ᠦᠵᠦᠬᠦᠷ ᠲᠡᠷᠢᠬᠦᠨ᠎ᠳᠤ ᠮᠠᠩᠯᠠᠢᠯᠠᠵᠤ᠂ ᠤᠷᠮᠠᠳᠠᠢ ᠰᠠᠢᠬᠠᠨ ᠲᠤᠭ᠍ᠯᠠᠯᠬᠦᠢ ᠶᠠᠭᠠᠬᠢᠬᠤ ᠪᠤᠢ?》 ᠭᠡᠳ ᠴᠤᠬᠤᠷ ᠠᠯᠠᠭ ᠴᠢᠯᠠᠭᠤᠳ᠎ᠢ ᠴᠤᠬᠤᠢᠭ᠍ᠰᠠᠨ ᠭᠠᠵᠠᠷ᠎ᠠᠴᠠ᠎ᠨᠢ ᠭᠠᠷᠭᠠᠨ ᠤᠷᠤᠯᠳᠤᠭᠤᠯᠵᠤ ᠰᠤᠪᠤᠷᠠᠯᠳᠤᠭᠤᠯᠵᠤ᠂ ᠮᠠᠩᠯᠠᠢᠯᠠᠵᠤ ᠲᠦᠷᠦᠬᠦᠯᠡᠨ ᠪᠠᠶᠠᠷᠯᠠᠵᠤ ᠪᠠᠶᠠᠰᠤᠨ ᠬᠦᠭ᠌ᠰᠡᠭᠡᠳ ᠴᠡᠪᠡᠷ ᠠᠭᠠᠷ᠎ᠲᠠᠢ ᠴᠡᠯᠡᠭᠡᠷ ᠲᠠᠯ᠎ᠠ ᠤᠷᠤᠭᠤ ᠢᠪᠡᠭᠡᠯ᠎ᠡ (ᠪᠡᠯᠴᠢᠭᠡᠯ᠎ᠡ)᠃ ᠶᠠᠭ ᠯᠠ ᠡᠷ᠎ᠡ᠎ᠶ᠋ᠢᠨ ᠭᠤᠷᠪᠠᠨ ᠨᠠᠭᠠᠳᠤᠮ᠎ᠤᠨ ᠡᠬᠦᠷᠢᠳᠡ᠎ᠶ᠋ᠢᠨ ᠨᠡᠨᠳᠢᠨ ᠦᠷᠬᠦᠯᠵᠢᠯᠡᠯ ᠬᠡᠯᠳᠡᠢ!

《ᠵᠡᠯ᠎ᠡ᠎ᠪᠠᠷ ᠲᠦᠬᠦᠷᠡᠩ ᠲᠤᠭᠤᠯ᠎ᠤᠳ᠎ᠢᠶᠠᠨ ᠤᠶᠠᠵᠤ ᠲᠠᠯᠪᠢᠨ ᠲᠠᠰᠭᠠᠵᠤ᠂ ᠤᠢᠴᠢᠵᠤ ᠱᠢᠷᠤᠢᠳᠠᠨ ᠲᠤᠭ᠍ᠯᠠᠭᠠᠷᠠᠢ!》 ᠬᠡᠮᠡᠨ ᠱᠢᠷᠤᠢᠨ ᠲᠤᠤᠷ᠎ᠠ᠎ᠠᠴᠠ ᠬᠠᠷᠭᠠᠨ᠎ᠠ᠎ᠶ᠋ᠢᠨ ᠬᠦᠷᠡᠩ ᠢᠳᠡᠭᠡ ᠱᠢᠭ ᠬᠦᠷᠡᠩ ᠲᠠᠷᠯᠠᠨ ᠴᠢᠯᠠᠭᠤᠳ ᠮᠢᠨᠢ ᠬᠦᠰᠡᠵᠦ᠍ ᠬᠦᠯᠢᠶᠡᠨ ᠲᠤᠯᠪᠤᠳᠤᠨ᠎ᠠ᠃ 《ᠪᠤᠷᠤ ᠬᠦᠷᠡᠩ ᠪᠤᠬᠠᠨᠳᠠᠢ᠎ᠨᠤᠭᠤᠳ᠎ᠢᠶᠠᠨ ᠪᠤᠷᠤᠭᠤ ᠵᠦᠪ ᠦᠭᠡᠢ ᠵᠠᠢᠳᠠᠯᠠᠵᠤ᠂ ᠪᠤᠭᠤᠷᠤᠯ ᠲᠤᠬᠤ᠎ᠪᠠᠷ᠎ᠢᠶᠠᠨ ᠱᠢᠷᠤᠢᠳᠠᠨ ᠪᠤᠵᠠᠭᠠᠢ ᠬᠦᠭᠡᠷᠦᠬᠦᠨ ᠨᠠᠭᠠᠳᠤᠯᠬᠦᠢ ᠶᠠᠭᠠᠬᠢᠬᠤ ᠪᠤᠢ!》 ᠬᠡᠮᠡᠨ ᠭᠠᠭ᠍ᠴᠠᠭᠠᠷ᠎ᠢᠶᠠᠨ ᠪᠠᠯᠴᠢᠷ ᠬᠡᠦᠬᠡᠳ ᠱᠢᠭ ᠪᠠᠶᠠᠰᠤᠨ ᠱᠤᠯᠤᠭᠠᠨᠠᠵᠤ᠂ 《ᠤᠷᠤᠭ᠎ᠠ ᠲᠤᠭ᠍ᠰᠢᠨ》 ᠎ᠢ᠋᠎ᠨᠢ ᠱᠢᠯᠢᠨ ᠲᠤᠯᠢᠶᠠᠪᠤᠷ᠂ ᠲᠤᠮᠳᠠ ᠬᠤᠷᠤᠭᠤᠨ᠎ᠳᠠᠭᠠᠨ ᠬᠠᠪᠴᠢᠭᠤᠯᠤᠨ᠂ ᠪᠤᠯᠬᠢᠭᠤᠯᠵᠤ ᠪᠤᠬᠠᠭᠤᠯᠵᠤ ᠲᠤᠭ᠍ᠯᠠᠭᠠᠳ 《ᠦᠩᠭᠡ ᠵᠢᠰᠦᠮ ᠨᠢᠬᠡᠳᠡᠢ ᠦᠭᠡᠷ᠎ᠤᠨ ᠪᠡᠶᠡᠨ ᠰᠦᠷᠦᠭ ᠮᠢᠨᠢ ᠦᠰᠴᠦ᠍ ᠦᠷᠡᠵᠢᠨ ᠤᠯᠠᠱᠢᠷᠠᠵᠤ ᠦᠨᠢᠷ ᠦᠳᠭᠡᠨ ᠪᠤᠯᠤᠭᠠᠷᠠᠢ!》 ᠬᠡᠮᠡᠨ ᠱᠢᠪᠱᠢᠭᠡᠳ ᠦᠯᠦᠩ ᠲᠡᠷᠡᠰᠦ ᠪᠠᠭ᠍ᠰᠢᠷᠠᠭ᠍ᠰᠠᠨ ᠦᠯᠡᠮᠵᠢ ᠲᠠᠩᠰᠤᠭ ᠪᠡᠯᠴᠢᠭᠡᠷ ᠤᠷᠤᠭᠤ᠎ᠨᠢ ᠵᠠᠯᠠᠯ᠎ᠠ᠃ ᠬᠦᠳᠡᠭᠡ᠎ᠶ᠋ᠢᠨ ᠬᠡᠦᠬᠡᠳ᠎ᠤᠨ ᠬᠦᠴᠦ᠍ ᠲᠤᠷᠪᠢ᠎ᠪᠠᠨ ᠴᠢᠩᠭᠠᠷᠠᠭᠤᠯᠬᠤ ᠬᠦᠮᠦᠵᠢᠯ ᠪᠤᠯᠪᠠᠰᠤᠷᠠᠯ᠎ᠤᠨ ᠲᠠᠯᠠᠪᠠᠢ ᠬᠡᠯᠳᠡᠢ!

《ᠭᠡᠷ》᠎ᠤ᠋ᠨ ᠪᠠᠷᠠᠭᠤᠨ ᠤᠷᠢᠳᠤᠭᠤᠷ ᠦᠳᠡ ᠲᠤᠮᠳᠠ᠎ᠶ᠋ᠢᠨ ᠨᠠᠷᠠᠨ᠎ᠳᠤ ᠦᠬᠡᠬᠦᠨ ᠴᠠᠭᠠᠨ ᠴᠢᠯᠠᠭᠤᠳ ᠦᠯᠦ᠍ ᠮᠡᠳᠡᠭ ᠴᠠᠢᠪᠤᠷᠳᠠᠨ᠎ᠠ᠃ 《ᠲᠤᠩᠬᠤᠷ ᠴᠠᠭᠠᠨ ᠬᠤᠨᠢᠳ᠂ ᠲᠠᠷᠠᠭᠠᠢ ᠴᠠᠭᠠᠨ ᠢᠮᠠᠭᠠᠳ ᠮᠢᠨᠢ ᠱᠢᠮᠡᠳᠦ ᠲᠠᠩᠰᠤᠭ ᠪᠡᠯᠴᠢᠬᠡᠷ᠎ᠲᠡᠭᠡᠨ ᠲᠠᠷᠬᠠᠵᠤ ᠰᠠᠢᠬᠠᠨ ᠢᠳᠡᠱᠢᠯᠡᠭᠡᠳ ᠠᠭᠤᠵᠢᠭᠤ ᠲᠠᠯᠪᠢᠭᠤ ᠲᠡᠨᠵᠢᠨ ᠲᠡᠭᠡᠷ᠎ᠡ ᠰᠡᠷᠢᠬᠦᠴᠡᠵᠦ᠍ ᠰᠠᠢᠬᠠᠨ ᠦᠳᠡᠯᠡᠵᠦ᠍ ᠪᠠᠢᠨ᠎ᠠ ᠤᠤ?》 ᠭᠡᠮᠡᠨ ᠮᠡᠨᠳᠦᠯᠡᠵᠦ᠍᠂ ᠴᠠᠢᠪᠤᠷ ᠴᠠᠭᠠᠨ ᠴᠢᠯᠠᠭᠤᠳ᠎ᠢ ᠬᠤᠶᠠᠷ ᠬᠤᠶᠠᠷ᠎ᠢᠶᠠᠷ᠎ᠨᠢ ᠦᠬᠡᠳᠡ ᠦᠬᠡᠳᠡ᠎ᠠᠴᠠ᠎ᠨᠢ ᠬᠠᠷᠠᠭᠤᠯᠤᠨ᠂ ᠲᠠᠤᠯᠠᠢ᠎ᠶ᠋ᠢᠨ ᠲᠠᠩᠨᠠᠢ (ᠤᠷᠭᠤᠮᠠᠯ᠎ᠤᠨ ᠨᠠᠷ᠎ᠠ) ᠱᠢᠭ᠋ ᠵᠡᠷᠭᠡᠯᠡᠵᠦ᠍᠂ ᠬᠤᠨᠢ ᠢᠮᠠᠭᠠᠳ᠎ᠢᠶᠠᠨ ᠬᠤᠯᠪᠤᠨ᠂ ᠰᠠᠭᠠᠵᠤ ᠱᠢᠪᠳᠤᠷᠤᠨ ᠢᠪᠢᠯᠭᠡᠵᠦ᠍᠂ ᠰᠠᠭᠤᠯᠠᠭ᠎ᠠ ᠬᠦᠨᠦᠭ᠎ᠢᠶᠠᠨ ᠪᠢᠯᠬᠠᠭᠤᠯᠤᠨ ᠱᠤᠮᠳᠠᠢ ᠰᠠᠢᠬᠠᠨ ᠲᠤᠭ᠍ᠯᠠᠯ᠎ᠠ᠃ ᠰᠠᠭᠠᠯᠢ ᠰᠦᠨ᠎ᠤ ᠵᠦᠩᠨᠡᠯ᠎ᠲᠠᠢ ᠰᠤᠪᠢᠩ ᠪᠡᠯᠭᠡᠳᠦ ᠵᠡᠬᠦᠳᠦ᠍᠎ᠶ᠋ᠢᠨ ᠮᠢᠨᠢ ᠠᠱᠢᠳᠠ᠎ᠶ᠋ᠢᠨ ᠪᠡᠶᠡᠯᠡᠯ ᠮᠦᠩᠭᠡ᠎ᠶ᠋ᠢᠨ ᠲᠤᠷᠠᠳᠭᠠᠯ ᠪᠢᠯᠡ!

《ᠭᠡᠷ》᠎ᠤ᠋ᠨ ᠵᠡᠬᠦᠬᠡᠨ᠎ᠲᠠᠢ ᠲᠡᠮᠡᠬᠡᠨ᠎ᠤ ᠬᠤᠳᠠᠨ᠎ᠳᠤ ᠴᠢᠯᠠᠭᠤᠨ ᠲᠡᠮᠡᠭᠡᠳ ᠮᠢᠨᠢ ᠠᠳᠡ ᠲᠡᠨᠳᠡ ᠦᠭᠡᠢ ᠬᠡᠪᠳᠡᠬᠦ᠌᠎ᠨᠢ ᠬᠡᠪᠳᠡᠵᠦ᠍ ᠨᠠᠯᠠᠬᠤ᠎ᠨᠢ ᠨᠠᠯᠠᠨ 《ᠬᠤᠳᠠᠯᠠᠵᠠᠭᠠᠵᠠᠢ》᠃ 《ᠱᠢᠨ᠎ᠡ᠎ᠶ᠋ᠢᠨ ᠨᠢᠬᠡᠨ᠎ᠤ ᠡᠳᠦᠷ ᠱᠢᠨᠡᠯᠡᠭᠡᠴᠢᠨ ᠤᠯᠠᠨ᠎ᠤ ᠮᠠᠩᠯᠠᠢ᠎ᠳᠤ᠂ ᠱᠢᠷᠡᠮᠦᠨ ᠲᠠᠪᠠᠭ᠍ᠠᠢ᠎ᠶ᠋ᠢ᠎ᠨᠢ ᠬᠢᠯᠠᠯᠵᠠᠭᠤᠯᠤᠨ᠂ ᠱᠢᠷᠡᠭᠡᠳᠦ᠍᠎ᠶ᠋ᠢᠨ ᠵᠣ᠎ᠪᠠᠷ ᠲᠠᠱᠢᠬᠦᠯᠦᠶ᠎ᠡ ᠪᠠᠢᠵᠤ ᠁》 ᠬᠡᠮᠡᠨ ᠬᠠᠪᠳᠠᠭᠠᠢ ᠴᠢᠯᠠᠭᠤᠳ᠎ᠢ ᠴᠤᠬᠢᠵᠤ ᠤᠷᠠᠯᠠᠵᠤ ᠪᠦᠳᠦᠭᠡᠭ᠌ᠰᠡᠨ ᠠᠬ᠎ᠠ ᠲᠡᠬᠦᠦ ᠨᠠᠷ᠎ᠤᠨ᠎ᠢᠶᠠᠨ ᠪᠠᠯᠴᠢᠷ ᠨᠠᠰᠤ᠎ᠶ᠋ᠢ ᠲᠤᠷᠠᠰᠤᠨ ᠲᠤᠷᠠᠰᠤᠨ ᠰᠠᠨᠠᠭᠠᠯᠵᠠᠵᠤ ᠴᠢᠯᠠᠭᠤᠨ ᠲᠡᠮᠡᠭᠡᠳ᠎ᠢᠶᠠᠨ ᠪᠤᠰᠭᠠᠯᠠᠯ᠎ᠠ᠃ ᠰᠤᠪᠤᠷᠭᠠᠨ ᠦᠨᠳᠦᠷ ᠪᠦᠬᠦ᠌᠎ᠲᠠᠢ ᠴᠢᠪᠠᠭᠠᠨ ᠬᠦᠷᠡᠩ ᠲᠡᠮᠡᠭᠡᠳ ᠮᠢᠨᠢ ᠨᠠᠷᠠᠨ᠎ᠤ ᠱᠢᠷᠭᠠᠯ ᠲᠤᠶᠠᠭᠠᠨ ᠲᠤᠤᠭᠤᠷ ᠨᠠᠯᠠᠢᠨ ᠲᠤᠭ᠍ᠳᠠᠨ ᠢᠳᠡᠱᠢᠯᠡᠬᠦ᠌᠎ᠨᠢ ᠲᠠᠢᠪᠤᠩ ᠠᠮᠤᠭᠤᠯᠠᠩ᠎ᠤᠨ ᠦᠨᠢᠳᠡ᠎ᠶ᠋ᠢᠨ ᠠᠷᠢᠭᠤᠨ ᠲᠠᠯᠠᠯᠭ᠎ᠠ ᠪᠢᠯᠡ!

《ᠴᠠᠷᠴᠠ ᠴᠠᠷᠬᠢᠯ᠎ᠠ᠂ ᠱᠢᠪᠠᠭᠤᠳ ᠵᠡᠯᠡᠯᠡᠯ᠎ᠡ᠃ ᠲᠤᠷᠤᠮ ᠱᠢᠯᠪᠡᠭ᠎ᠢᠶᠠᠨ ᠠᠭ᠍ᠳᠠᠯᠠᠵᠤ᠂ ᠲᠤᠭᠤᠨᠤᠳᠤ᠎ᠶ᠋ᠢᠨ ᠬᠦᠨᠳᠡᠢ᠎ᠪᠠᠷ ᠪᠡᠯᠴᠢᠬᠡᠶ᠎ᠡ!》 ᠭᠡᠮᠡᠨ ᠲᠤᠭ᠍ᠯᠠᠵᠤ ᠪᠠᠢᠭ᠍ᠰᠠᠨ ᠠᠬ᠎ᠠ ᠲᠡᠬᠦᠦ ᠬᠡᠳᠦ ᠮᠢᠨᠢ ᠦᠰᠴᠦ᠍ ᠦᠨᠳᠡᠢᠨ ᠦᠪᠡᠷ ᠦᠪᠡᠷ᠎ᠤᠨ ᠠᠮᠢᠳᠤᠷᠠᠯ᠎ᠢᠶᠠᠨ ᠪᠤᠰᠭᠠᠨ ᠵᠦᠭ ᠵᠦᠭ᠎ᠲᠡᠭᠡᠨ ᠲᠠᠷᠬᠠᠨ ᠤᠳᠤᠭ᠍ᠰᠠᠨ ᠴᠦ᠍ ᠨᠠᠭᠠᠳᠴᠤ᠌ ᠲᠤᠭ᠍ᠯᠠᠵᠤ ᠪᠠᠢᠭ᠍ᠰᠠᠨ 《ᠲᠠᠪᠤᠨ ᠬᠤᠱᠢᠭᠤ ᠮᠠᠯ》 ᠮᠢᠨᠢ ᠲᠤᠭᠤᠨᠤᠳᠤ᠎ᠶ᠋ᠢᠨ ᠵᠤᠰᠠᠯᠠᠩ᠎ᠤᠨ ᠲᠤᠷᠭᠠᠨ ᠬᠦᠷᠦᠰᠦᠨ ᠲᠡᠭᠡᠬᠦᠷ ᠲᠠᠷᠭᠤ ᠲᠡᠪᠡᠭᠡᠷᠡᠭ᠎ᠲᠠᠢ ᠲᠠᠷᠬᠠᠨ ᠢᠳᠡᠱᠢᠯᠡᠬᠦ᠌᠎ᠨᠢ ᠢᠷᠦᠭᠡᠯ ᠵᠦᠩᠨᠡᠯ᠎ᠤᠨ ᠤᠷᠢᠶ᠎ᠠ᠂ ᠢᠷᠡᠭᠡᠳᠦᠢ ᠬᠤᠢᠴᠢᠰ᠎ᠤᠨ ᠮᠢᠨᠢ ᠭᠡᠷᠡᠯᠳᠦ ᠴᠠᠮᠬᠠᠭ ᠪᠢᠯᠡ!

ᠲᠠᠯ᠎ᠠ ᠨᠤᠳᠤᠭ᠎ᠤᠨ ᠮᠢᠨᠢ ᠲᠠᠪᠤᠨ ᠡᠷᠳᠡᠨᠢ᠂ ᠲᠠᠩᠰᠤᠭ ᠠᠮᠢᠳᠤᠷᠠᠯ᠎ᠤᠨ ᠮᠢᠨᠢ ᠪᠤᠷᠤ ᠵᠢᠷᠤᠭ᠂ ᠪᠠᠶᠠᠷ ᠵᠢᠷᠭᠠᠯ᠎ᠤᠨ ᠮᠢᠨᠢ ᠪᠠᠶᠠᠨ ᠦᠯᠦᠭᠡᠢ᠂ ᠪᠠᠭ᠎ᠠ ᠨᠠᠰᠤᠨ᠎ᠤ ᠮᠢᠨᠢ ᠬᠡᠬᠡᠨ ᠲᠤᠷᠠᠰᠤᠮᠵᠢ ᠪᠤᠯᠤᠭ᠍ᠰᠠᠨ ᠦᠩᠱᠢᠭ ᠴᠠᠭ᠎ᠤᠨ ᠲᠠᠯᠠᠯᠭ᠎ᠠ᠎ᠲᠠᠢ᠂ ᠦᠯᠵᠡᠢ ᠬᠡᠢᠮᠦᠷᠢ᠎ᠶ᠋ᠢᠨ ᠵᠦᠩᠨᠡᠯ᠎ᠲᠠᠢ᠂ ᠦᠩᠬᠡ᠎ᠶ᠋ᠢᠨ ᠴᠢᠯᠠᠭᠤᠳ᠎ᠢᠶᠠᠷ ᠠᠮᠢᠯᠠᠨ ᠱᠤᠭᠤᠭ᠍ᠳᠠᠭ᠍ᠰᠠᠨ ᠦᠵᠡᠰᠭᠦᠯᠡᠩ ᠲᠡᠬᠦᠯᠳᠡᠷ ᠲᠤᠭ᠍ᠯᠠᠭᠠᠮ ᠮᠢᠨᠢ ᠰᠠᠢᠬᠠᠨ ᠪᠠᠢᠭᠠᠷᠠᠢ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面