2026-10-15 16:57:39
ᠪᠢ ᠠᠷᠪᠠᠨ ᠳᠦᠷᠪᠡᠨ ᠨᠠᠰᠤᠲᠠᠢ᠎ᠳᠠᠭᠠᠨ ᠨᠢᠭᠡ ᠰᠠᠢᠬᠠᠨ ᠲᠦᠯᠦᠪᠯᠡᠭᠡ ᠲᠤᠭᠲᠠᠭᠠᠵᠤ ᠦᠩᠭᠡᠷᠡᠭᠰᠡᠨ ᠪᠦᠭᠡᠳ ᠤᠳᠤ ᠪᠤᠯᠲᠠᠯ᠎ᠠ ᠪᠠᠢᠨ ᠪᠠᠢᠨ ᠰᠡᠳᠬᠢᠯ᠎ᠳᠦ ᠤᠷᠭᠤᠭᠠᠳ ᠪᠠᠢᠳᠠᠭ ᠪᠢᠯᠡ᠃ ᠭᠡᠪᠡᠴᠦ ᠪᠡᠶᠡᠯᠡᠭᠦᠯᠬᠦ᠎ᠶᠢ ᠪᠠᠢᠴᠢᠬ᠎ᠠ᠂ ᠡᠬᠢᠯᠡᠬᠦᠯᠵᠦ ᠪᠠᠰᠠ ᠬᠢᠭᠡ ᠦᠭᠡᠢ᠃
ᠲᠡᠷᠡ ᠦᠶ᠎ᠡ᠎ᠳᠦ ᠪᠢ ᠠᠩᠬ᠎ᠠ ᠲᠤᠮᠳᠠᠳᠤ ᠰᠤᠷᠭᠠᠭᠤᠯᠢ᠎ᠳᠤ ᠰᠤᠷᠤᠯᠴᠠᠵᠤ ᠪᠠᠢᠭᠰᠠᠨ ᠶᠤᠮ᠃ ᠭᠠᠷᠠᠭ᠎ᠤᠨ ᠠᠮᠠᠷᠠᠯᠲᠠ ᠪᠤᠯᠬᠤ ᠪᠦᠷᠢ ᠭᠡᠷ᠎ᠲᠡᠭᠡᠨ ᠬᠠᠷᠢᠨ᠎ᠠ᠃ ᠢᠷᠡᠬᠦ ᠪᠤᠶᠤ ᠪᠤᠴᠠᠬᠤ᠎ᠳᠠᠭᠠᠨ ᠪᠦᠷ ᠪᠤᠯᠠᠭ ᠨᠠᠭᠤᠷ᠎ᠤᠨ ᠵᠡᠭᠦᠨ ᠬᠦᠪᠡᠭᠡᠨ᠎ᠳᠡᠬᠢ ᠵᠦᠯᠭᠡ ᠲᠠᠢ ᠵᠦᠭᠡᠯᠡᠨ ᠵᠠᠮ᠎ᠢᠶᠠᠷ ᠶᠠᠪᠤᠳᠠᠭ᠃ ᠵᠦᠯᠭᠡᠨ ᠲᠤᠮᠳᠠᠭᠤᠷ᠎ᠬᠢ ᠵᠠᠮ ᠭᠡᠵᠦ ᠬᠡᠯᠡᠬᠦ ᠲᠠᠢ ᠵᠡᠷᠭᠡ ᠤᠯᠠᠨ᠎ᠤ ᠰᠡᠳᠬᠢᠯ᠎ᠳᠦ ᠯᠠᠪᠲᠠᠢ ᠴᠡᠩᠬᠡᠷ ᠤᠰᠤᠨ᠎ᠤ ᠨᠤᠭᠤᠭᠠᠨ ᠬᠦᠪᠡᠭᠡ ᠬᠠᠷᠠᠭᠳᠠᠭᠰᠠᠨ ᠪᠠᠢᠬᠤ ᠳᠠ᠃ ᠦᠨᠡᠨ᠎ᠳᠡᠭᠡᠨ ᠲᠡᠢᠮᠦ ᠪᠢᠰᠢ᠂ ᠵᠦᠯᠭᠡ ᠨᠢ ᠵᠡᠭᠦᠨ ᠬᠦᠪᠡᠭᠡ ᠳᠠᠭᠠᠭᠠᠳ ᠬᠡᠲᠦᠭᠡᠨ ᠠᠯᠳᠠ ᠦᠷᠭᠡᠨ᠃ ᠲᠡᠭᠦᠨ᠎ᠦ ᠭᠠᠳᠠᠭᠤᠷ ᠨᠢ ᠪᠦᠷ ᠵᠤᠵᠠᠭᠠᠨ ᠰᠢᠷ᠎ᠠ ᠮᠠᠩᠬ᠎ᠠ ᠬᠦᠷᠢᠶᠡᠯᠡᠵᠦ ᠪᠠᠢᠳᠠᠭ᠃ ᠵᠡᠭᠦᠨ ᠵᠠᠬ᠎ᠠ᠎ᠶᠢᠨ ᠮᠠᠩᠬ᠎ᠠ ᠨᠢ ᠪᠠᠰᠠ ᠵᠦᠭᠡᠷ᠂ ᠬᠠᠷᠢᠨ ᠤᠷᠢᠲᠤ ᠦᠵᠦᠭᠦᠷ᠎ᠤᠨ ᠮᠠᠩᠬ᠎ᠠ᠎ᠶᠢ ᠨᠢ ᠪᠤᠯ ᠵᠠᠪᠠᠯ ᠲᠤᠭᠤᠯᠬᠤ ᠤᠴᠢᠷ᠎ᠲᠠᠢ᠃ ᠶᠠᠭᠠᠬᠢᠭᠠᠳ ᠭᠡᠪᠡᠯ ᠪᠠᠷᠠᠭᠤᠨ ᠲᠠᠯ᠎ᠠ᠎ᠳᠤᠨᠢ ᠴᠤᠭ ᠦᠨᠳᠦᠷ ᠭᠡᠵᠦ ᠬᠦᠨᠳᠡᠯᠡᠨ ᠪᠤᠰᠤᠭ᠎ᠠ ᠳᠠᠯᠠᠩᠳᠤᠭᠰᠠᠨ ᠬᠤᠸᠠ ᠬᠠᠰᠢᠵᠦ ᠪᠠᠢᠬᠤ ᠪᠤᠯᠬᠤᠷ ᠲᠡᠷᠭᠡ ᠤᠨᠤᠭ᠎ᠠ᠎ᠶᠢ ᠪᠠᠢᠴᠢᠬ᠎ᠠ᠂ ᠶᠠᠪᠠᠭᠠᠨ ᠬᠦᠮᠦᠨ ᠶᠠᠪᠤᠭᠰᠠᠨ ᠴᠤ᠌ ᠡᠯᠢᠭᠡ᠎ᠪᠡᠨ ᠴᠠᠢᠲᠠᠯ᠎ᠠ ᠵᠢᠳᠬᠦᠬᠦ ᠦᠭᠡᠢ ᠪᠤᠯ ᠭᠤᠷᠢ ᠦᠭᠡᠢ᠃ ᠲᠡᠭᠡᠬᠦ᠎ᠪᠠᠷ᠎ᠢᠶᠠᠨ ᠡᠨᠡᠭᠦᠷ ᠦᠩᠭᠡᠷᠡᠬᠦ ᠬᠦᠮᠦᠰ ᠪᠦᠷ ᠠᠶᠠᠨᠳᠠᠭᠠᠨ ᠮᠠᠩᠬᠠᠨ ᠤᠨ᠎ᠢ᠎ᠶᠢ ᠳᠠᠭᠠᠵᠤ ᠵᠠᠮᠨᠠᠭᠰᠠᠭᠠᠷ ᠪᠠᠢᠭᠠᠳ ᠤᠳᠠᠭᠠᠨ᠎ᠳᠠᠭᠠᠨ ᠵᠤᠷᠰᠢᠯ ᠪᠤᠯᠤᠨ ᠲᠤᠭᠲᠠᠵᠠᠢ᠃ ᠭᠡᠪᠡᠴᠦ ᠵᠢᠩᠬᠢᠨᠢ ᠮᠠᠩᠬ᠎ᠠ ᠪᠤᠯ ᠵᠢᠷᠤᠭ ᠳᠡᠭᠡᠷᠡᠬᠢ ᠲᠠᠢ ᠠᠳᠠᠯᠢ ᠦᠭᠡᠢ᠂ ᠵᠢᠪᠡᠷ ᠰᠠᠯᠬᠢᠨ ᠢ᠋ ᠳᠠᠭᠠᠭᠠᠳ ᠰᠠᠷ᠎ᠠ ᠰᠠᠷ᠎ᠠ᠎ᠳᠠᠭᠠᠨ᠂ ᠵᠠᠷᠢᠮ᠎ᠳᠠᠭᠠᠨ ᠪᠦᠷ ᠭᠠᠷᠠᠭ᠎ᠤᠨ ᠳᠠᠷᠠᠭ᠎ᠠ ᠪᠠᠰᠠ ᠭᠠᠢᠬᠠᠮᠠᠷ ᠬᠤᠪᠢᠷᠠᠬᠤ ᠤᠳᠠᠭ᠎ᠠ ᠲᠠᠢ ᠪᠦᠭᠡᠳ ᠬᠡᠵᠢᠶ᠎ᠡ ᠴᠤ᠌ ᠭᠡᠳ ᠬᠦᠷᠦᠰᠦ ᠨᠢ ᠬᠠᠰᠢᠯᠠ ᠮᠠᠩᠬ᠎ᠠ ᠪᠤᠯᠬᠤᠷ ᠬᠦᠯ ᠭᠤᠳᠤᠷᠠᠭᠤᠯᠵᠤ ᠬᠦᠴᠦ ᠪᠠᠷᠠᠭᠠᠬᠤ᠎ᠨᠢ ᠪᠤᠯ ᠬᠤᠪᠢᠷᠠᠳᠠᠭ ᠦᠭᠡᠢ᠃ ᠶᠠᠭ ᠡᠨᠡ ᠮᠠᠩᠬᠠᠨ ᠳᠤᠮᠳᠠᠭᠤᠷ ᠲᠤᠭᠤᠢ᠎ᠪᠠᠨ ᠲᠦᠯᠬᠢᠨ ᠠᠯᠬᠤᠵᠤ ᠪᠠᠢᠬᠤ ᠵᠠᠭᠤᠷ᠎ᠠ ᠮᠢᠨᠦ ᠲᠡᠷᠡ ᠲᠦᠯᠦᠪᠯᠡᠭᠡ ᠬᠡᠨᠡᠳᠳᠡ ᠰᠡᠳᠬᠢᠯ᠎ᠳᠦ ᠤᠷᠭᠤᠭᠰᠠᠨ ᠶᠤᠮ᠃
ᠮᠢᠨᠦ ᠡᠨᠡ ᠲᠦᠯᠦᠪᠯᠡᠬᠡ ᠬᠢᠬᠦ᠎ᠳᠦ ᠶᠠᠮᠠᠷᠢ ᠮᠡᠳᠡᠬᠦ ᠦᠭᠡᠢ᠂ ᠬᠡᠯᠡᠬᠦ᠎ᠳᠦ ᠪᠤᠯ ᠦᠨᠡᠭᠡᠷ ᠰᠠᠢᠬᠠᠨ᠃ ᠦᠪᠡᠷ᠎ᠦᠨ ᠭᠠᠴᠠᠭ᠎ᠠ᠎ᠪᠠᠨ ᠲᠤᠭᠤᠷᠢᠭᠤᠯᠤᠭᠠᠳ ᠬᠡᠷᠡᠮ ᠰᠢᠭ ᠶᠡᠬᠡ ᠮᠤᠳᠤ ᠲᠠᠷᠢᠨ᠎ᠠ!
ᠤᠷᠲᠤ᠎ᠶᠢᠨ ᠬᠡᠮᠵᠢᠶ᠎ᠡ ᠨᠢ ᠭᠡᠪᠡᠯ ᠳᠠᠷᠤᠢ ᠡᠨᠡ ᠪᠤᠯᠠᠭ᠎ᠤᠨ ᠮᠠᠩᠬᠠᠨ᠎ᠠᠴᠠ ᠡᠬᠢᠯᠡᠭᠡᠳ ᠴᠤᠭ ᠦᠨᠳᠦᠷ᠎ᠦᠨ ᠤᠷᠢᠳᠤ ᠦᠵᠦᠭᠦᠷ᠎ᠢ ᠤᠷᠢᠶᠠᠯᠭᠠᠨ᠂ ᠪᠠᠷᠠᠭᠤᠨᠰᠢ ᠦᠯᠵᠡᠢᠮᠦᠢ᠍ᠷᠡᠨ ᠲᠤᠯᠭᠠᠭᠠᠳ ᠳᠠᠬᠢᠨ ᠭᠤᠤᠯ᠎ᠤᠨ ᠬᠦᠪᠡᠭᠡ᠎ᠶᠢ ᠳᠠᠭᠠᠭᠤᠯᠤᠨ ᠬᠤᠢᠰᠢ ᠡᠷᠭᠢᠵᠦ ᠲᠡᠨᠢᠭᠡᠷ ᠤᠪᠤᠭ᠎ᠠ ᠡᠩᠭᠡᠷᠯᠡᠨ ᠵᠡᠭᠦᠨᠰᠢ ᠮᠤᠷᠤᠢᠭᠰᠠᠨ᠎ᠢᠶᠠᠨ ᠴᠠᠭᠠᠨᠬᠣᠸᠠ ᠠᠷᠤᠯᠠᠭᠠᠳ ᠵᠡᠭᠦᠨ ᠰᠦᠪᠡᠭᠡ᠎ᠪᠡᠷ ᠨᠢ ᠤᠷᠤᠭ᠍ᠰᠢ᠎ᠪᠠᠨ ᠰᠤᠨᠤᠵᠤ᠂ ᠵᠡᠭᠡᠷᠡᠨᠲᠡᠢᠶᠢᠨ ᠰᠢᠯᠢ᠂ ᠵᠡᠯ᠎ᠡ᠎ᠶᠢᠨ ᠬᠤᠷᠮᠤᠢ ᠭᠤᠤᠯᠯᠠᠨ ᠪᠠᠷᠠᠭᠤᠨᠰᠢ ᠦᠷᠭᠦᠯᠵᠢᠯᠡᠭᠦᠯᠦᠭᠡᠳ ᠪᠤᠯᠠᠭ᠎ᠤᠨ ᠮᠠᠩᠬ᠎ᠠ ᠤᠷᠤᠲᠠᠯ᠎ᠠ ᠬᠦᠷᠢᠶᠡᠯᠡᠪᠡᠯ ᠪᠤᠯᠴᠢᠬᠠᠨ᠎ᠠ᠃
ᠦᠷᠭᠡᠨᠦ ᠬᠡᠮᠵᠢᠶ᠎ᠡ᠎ᠶᠢ ᠨᠢ ᠪᠤᠯ ᠠᠩᠬ᠎ᠠ ᠠᠯᠬᠤᠮ ᠦᠵᠡᠵᠦ ᠪᠠᠢᠭᠠᠳ ᠨᠢᠭᠡ ᠭᠠᠵᠠᠷ ᠬᠢᠷᠢᠲᠡᠢ ᠪᠤᠯ ᠬᠦᠢᠴᠡᠴᠢᠬᠡᠬᠦ ᠰᠢᠭ ᠪᠤᠳᠤᠵᠠᠢ᠃ ᠭᠠᠳᠠᠭᠤᠷ ᠨᠢ ᠦᠷᠭᠡᠰᠦ ᠲᠠᠢ ᠮᠤᠳᠤ ᠲᠠᠷᠢᠨ᠎ᠠ᠂ ᠲᠡᠭᠡᠪᠡᠯ ᠬᠦᠮᠦᠨ ᠠᠮᠢᠲᠠᠨ ᠬᠠᠯᠳᠠᠵᠤ ᠴᠢᠳᠠᠬᠤ ᠦᠭᠡᠢ᠃ ᠳᠤᠮᠳᠠᠭᠤᠷ ᠨᠢ ᠦᠨᠳᠦᠷ ᠮᠤᠳᠤ ᠲᠠᠷᠢᠨ᠎ᠠ᠂ ᠲᠡᠭᠡᠪᠡᠯ ᠬᠤᠯᠠ᠎ᠠᠴᠠ ᠦᠵᠡᠬᠦ᠎ᠳᠦ ᠬᠡᠷᠦᠢᠭᠡᠳ ᠰᠦᠷ ᠲᠠᠢ᠃ ᠲᠤᠲᠤᠭᠤᠷ ᠨᠢ ᠵᠢᠮᠢᠰ᠎ᠦᠨ ᠮᠤᠳᠤ ᠲᠠᠷᠢᠨ᠎ᠠ᠃ ᠲᠡᠭᠡᠪᠡᠯ ᠦᠵᠡᠮᠵᠢ ᠰᠠᠢᠲᠠᠢ ᠮᠦᠷᠲᠡᠭᠡᠨ ᠠᠢᠯ ᠤᠯᠠᠨ᠎ᠢᠶᠠᠷ᠎ᠢᠶᠠᠨ ᠪᠠᠰᠠ ᠵᠢᠯ ᠵᠢᠯ ᠵᠢᠮᠢᠰ᠎ᠦᠨ ᠬᠤᠳᠠᠯᠳᠤᠭᠠᠴᠢᠨ ᠢᠷᠡᠬᠦ᠎ᠶᠢ ᠨᠢᠳᠦ᠎ᠪᠡᠨ ᠴᠢᠯᠡᠲᠡᠯ᠎ᠡ ᠪᠠᠷᠠᠯᠠᠬᠤ ᠤᠴᠢᠷ ᠦᠭᠡᠢ᠃ ᠵᠠᠷᠢᠮ ᠵᠤᠭᠤᠰ ᠦᠭᠡᠢ ᠠᠢᠯ᠎ᠤᠨ ᠬᠡᠦᠬᠡᠳ᠎ᠦᠳ ᠪᠠᠰᠠ ᠬᠦᠭᠡᠷᠦᠬᠦᠢ᠂ ᠬᠦᠮᠦᠨ᠎ᠦ ᠢᠳᠡᠬᠦ᠎ᠶᠢ ᠬᠠᠷᠠᠭᠠᠳ ᠰᠢᠯᠦᠰᠦ᠎ᠪᠡᠨ ᠵᠠᠯᠬᠢᠵᠦ ᠵᠤᠭᠰᠤᠬᠤ ᠦᠭᠡᠢ ᠪᠤᠯᠴᠢᠬᠠᠨ᠎ᠠ ᠰᠢᠳᠡ᠃ ᠦᠪᠡᠷ᠎ᠦᠨ ᠨᠤᠲᠤᠭ᠎ᠲᠤ᠎ᠨᠢ ᠤᠷᠭᠤᠭᠰᠠᠨ ᠵᠢᠮᠢᠰ᠎ᠢᠶᠡᠨ ᠲᠤᠷ᠎ᠠ᠎ᠪᠠᠷ᠎ᠢᠶᠠᠨ ᠢᠳᠡᠵᠦ ᠪᠤᠯᠬᠤ ᠶᠤᠮ ᠴᠢᠨᠢ ᠁
ᠨᠢᠭ᠍ᠲᠠᠴᠠ᠎ᠶᠢᠨ ᠬᠡᠮᠵᠢᠶ᠎ᠡ ᠨᠢ ᠭᠡᠪᠡᠯ᠂ ᠨᠢᠯᠬ᠎ᠠ ᠵᠤᠷᠠᠮ᠎ᠠ ᠰᠢᠷᠭᠤᠵᠤ ᠳᠡᠢᠯᠬᠦ ᠦᠭᠡᠢ᠂ ᠨᠠᠷᠢᠨ ᠮᠤᠭᠠᠢ ᠭᠤᠯᠭᠤᠵᠤ ᠴᠢᠳᠠᠬᠤ ᠦᠭᠡᠢ ᠪᠠᠢᠬᠤ ᠬᠡᠷᠡᠭᠲᠡᠢ᠃ ᠲᠡᠭᠡᠪᠡᠯ ᠲᠦᠭᠡᠷᠢᠭᠰᠡᠨ ᠡᠯᠵᠢᠭᠡ᠂ ᠲᠡᠨᠦᠭᠰᠡᠨ ᠨᠤᠬᠠᠢ ᠤᠷᠤᠵᠤ ᠢᠷᠡᠨ᠎ᠡ ᠭᠡᠵᠦ ᠭᠤᠷᠢ᠎ᠪᠠᠨ ᠲᠠᠲᠠ ᠪᠠ᠃ ᠨᠡᠩ ᠬᠤᠯᠠᠭᠠᠢᠴᠢ ᠬᠤᠳᠠᠯᠴᠢ ᠪᠤᠯ ᠬᠤᠶᠠᠷ ᠭᠠᠷ᠎ᠢᠶᠠᠨ ᠨᠤᠬᠤᠯᠠᠭᠠᠳ᠂ ᠬᠤᠯᠤᠨ ᠲᠤᠯᠤᠭᠠᠢ᠎ᠪᠠᠨ ᠮᠠᠭᠠᠵᠢᠭᠠᠳ ᠵᠤᠭᠰᠤᠪᠠᠯ ᠲᠠᠭᠠᠷᠠᠴᠢᠬᠠᠨᠠ᠃ ᠡᠭᠦᠨ᠎ᠦ ᠵᠡᠷᠭᠡ᠎ᠪᠡᠷ ᠰᠠᠯᠬᠢ ᠰᠢᠭᠤᠷᠭ᠎ᠠ᠎ᠶᠢ ᠬᠠᠰᠢᠵᠦ ᠬᠤᠷᠢᠭ᠍ᠯᠠᠬᠤ ᠪᠤᠯᠬᠤᠷ ᠡᠪᠤᠯ᠎ᠤᠨ ᠴᠠᠭ ᠮᠠᠨ᠎ᠤ ᠭᠠᠴᠠᠭᠠᠨ᠎ᠤ ᠮᠠᠯ ᠳᠠᠭᠠᠷᠠᠬᠤ ᠦᠭᠡᠢ ᠪᠢᠰᠢ ᠤᠤ ᠳᠠ᠃ ᠡᠪᠤᠯ ᠪᠤᠯᠬᠤ᠎ᠠᠴᠠ ᠡᠮᠤᠨ᠎ᠡ ᠠᠪᠤ ᠬᠡᠵᠢᠶᠡᠳᠡ ᠲᠡᠷᠡᠰᠦ ᠪᠤᠶᠤ ᠪᠤᠷᠭᠠᠰᠤ᠎ᠪᠠᠷ ᠮᠠᠯ᠎ᠤᠨ ᠬᠠᠰᠢᠶᠠᠨ᠎ᠤ ᠭᠡᠷᠡᠮ ᠳᠡᠭᠡᠬᠦᠷ ᠵᠠᠯᠠᠭ᠎ᠠ ᠳᠠᠷᠤᠳᠠᠭ ᠪᠦᠭᠡᠳ ᠲᠡᠷᠡ ᠨᠦᠮᠦᠷᠢᠳᠦᠨᠢ ᠰᠠᠭᠤᠪᠠᠯ ᠦᠨᠡᠭᠡᠷ ᠳᠤᠯᠠᠭᠠᠨ ᠪᠠᠢᠳᠠᠭ ᠪᠢᠯᠡ᠃ ᠡᠢᠮᠦ᠎ᠡᠴᠡ ᠵᠤᠵᠠᠭᠠᠨ ᠮᠤᠳᠤᠨ ᠬᠦᠷᠢᠶ᠎ᠡ ᠲᠠᠢ ᠪᠤᠯᠴᠢᠬᠠᠪᠠᠯ ᠪᠦᠬᠦ ᠭᠠᠴᠠᠭ᠎ᠠ᠎ᠪᠠᠷ᠎ᠢᠶᠠᠨ ᠳᠤᠯᠠᠭᠠᠨ ᠪᠤᠯᠴᠢᠬᠠᠬᠤ ᠦᠭᠡᠢ ᠤᠤ ᠳᠠ ᠃
ᠭᠡᠪᠡᠴᠦ ᠪᠠᠰᠠ ᠶᠠᠭ ᠪᠢᠳᠡᠭᠦᠦ ᠵᠤᠬᠢᠶᠠᠵᠤ ᠪᠤᠯᠬᠤ ᠦᠭᠡᠢ ᠰᠢᠦ᠃ ᠲᠠᠪᠤᠨ ᠡᠭᠦᠳᠡ ᠭᠠᠷᠭᠠᠬᠤ ᠭᠡᠷᠡᠭᠲᠡᠢ᠃
ᠪᠠᠷᠠᠭᠤᠨ ᠲᠠᠯ᠎ᠠ᠎ᠳᠤᠨᠢ ᠦᠯᠵᠡᠢᠮᠦᠢ᠍ᠷᠡᠨᠦ ᠤᠯᠤᠮ᠎ᠤᠨ ᠲᠡᠨᠳᠡ ᠡᠭᠦᠳᠡ ᠭᠠᠷᠭᠠᠨ᠎ᠠ᠃ ᠪᠠᠭᠠᠷᠢᠨ᠎ᠳᠤ ᠪᠠᠢᠬᠤ ᠬᠤᠶᠠᠷ ᠠᠪᠠᠭ᠎ᠠ ᠡᠭᠡᠴᠢ᠎ᠪᠡᠨ ᠡᠷᠭᠢᠬᠦ᠎ᠪᠡᠷ ᠤᠴᠢᠬᠤ ᠬᠡᠷᠡᠭᠲᠡᠢ᠃
ᠪᠠᠭ᠎ᠠ ᠲᠡᠨᠢᠭᠡᠷ᠎ᠤᠨ ᠬᠤᠢᠭᠤᠷ ᠪᠠᠰᠠ ᠨᠢᠭᠡ ᠡᠭᠦᠳᠡ ᠭᠠᠷᠭᠠᠬᠤ᠎ᠶᠢ ᠮᠠᠷᠲᠠᠵᠤ ᠪᠤᠯᠬᠤ ᠦᠬᠡᠢ᠃ ᠤᠤᠯ ᠨᠢ ᠡᠮᠡᠭᠡ ᠡᠵᠢ᠎ᠶᠢ ᠡᠮᠴᠢ᠎ᠳᠦ ᠦᠵᠡᠬᠦᠯᠬᠦ᠎ᠪᠡᠷ ᠯᠢᠨᠳᠦᠢ᠍ᠩᠳᠦ ᠶᠠᠪᠤᠬᠤ ᠦᠶᠡᠰ ᠲᠡᠨᠡᠬᠦᠷ ᠭᠠᠷᠳᠠᠭ ᠪᠠᠢᠭᠰᠠᠨ ᠶᠤᠮ᠃ ᠪᠠᠰᠠ ᠤᠭᠤᠷᠴᠤᠭ ᠠᠭᠤᠯᠠᠨ᠎ᠠᠴᠠ ᠴᠢᠯᠠᠭᠤᠨ ᠤᠩᠭᠤᠴᠠ ᠪᠤᠶᠤ ᠲᠠᠷᠢᠶᠠᠨ ᠪᠤᠯᠤ ᠠᠪᠬᠤ᠎ᠳᠤ ᠮᠦᠨ ᠲᠡᠢᠰᠢ ᠭᠠᠷᠬᠤ ᠬᠡᠷᠡᠭᠲᠡᠢ᠃
ᠲᠡᠭᠡᠪᠡᠯ ᠪᠠ ᠹᠠᠩ᠎ᠤᠨ ᠠᠢᠯ᠎ᠤᠨ ᠤᠷᠳᠣᠭᠤᠷ ᠪᠠᠰᠠ ᠨᠢᠭᠡ ᠡᠭᠦᠳᠡ ᠭᠠᠷᠭᠠᠬᠤ ᠤᠴᠢᠷ᠎ᠲᠠᠢ᠃ ᠬᠤᠰᠢᠭᠤᠨ ᠲᠦᠪ ᠴᠢᠪᠠᠭ᠎ᠠ ᠪᠠᠯᠭᠠᠰᠤᠨ᠎ᠳᠤ ᠤᠴᠢᠬᠤ ᠳ᠋ᠠᠭᠠᠨ ᠮᠠᠨ᠎ᠤ ᠠᠢᠯ᠎ᠤᠨ ᠬᠦᠮᠦᠰ ᠪᠦᠷ ᠲᠠᠢᠰᠢ ᠠᠰᠯᠠᠵᠤ ᠶᠠᠪᠤᠳᠠᠭ ᠶᠤᠮ᠃
ᠵᠡᠭᠦᠨ ᠲᠠᠯ᠎ᠠ᠎ᠳᠤᠨᠢ ᠪᠠᠰᠠ ᠯᠠᠪᠲᠠᠢ ᠨᠢᠭᠡ ᠡᠭᠦᠳᠡ ᠭᠠᠷᠭᠠᠨ᠎ᠠ᠃ ᠲᠡᠷᠡ ᠡᠭᠦᠳᠡ᠎ᠪᠡᠷ ᠰᠢᠨ᠎ᠡ ᠬᠤᠳᠳᠤᠭ ᠭᠠᠴᠠᠭᠠᠨ᠎ᠳᠤ ᠪᠠᠢᠬᠤ ᠬᠤᠶᠠᠳᠤᠭᠠᠷ ᠨᠠᠭᠠᠴᠦ ᠡᠭᠡᠴᠢ᠎ᠪᠡᠨ ᠡᠷᠭᠢᠬᠦ ᠪᠠᠷ ᠤᠴᠢᠬᠤ ᠪᠤᠶᠤ ᠨᠠᠭᠠᠴᠤ ᠡᠭᠡᠴᠢ ᠨᠠᠩᠭᠢ ᠪᠤᠤᠪᠤ ᠠᠪᠴᠢᠷᠠᠵᠤ ᠦᠭᠭᠦ ᠦᠶᠡᠰ ᠠᠮᠠᠷᠬᠠᠨ ᠪᠢᠵᠡ ᠳᠠ᠃
ᠬᠠᠮᠤᠭ ᠰᠡᠭᠦᠯ᠎ᠳᠦᠨᠢ ᠪᠤᠯᠠᠭ᠎ᠤᠨ ᠮᠠᠩᠬᠠᠨ᠎ᠤ ᠡᠨᠳᠡ ᠬᠡᠯᠡᠯᠭᠡᠨ ᠦᠭᠡᠢ ᠨᠢᠭᠡ ᠡᠭᠦᠳᠡ ᠭᠠᠷᠭᠠᠬᠤ ᠤᠴᠢᠷ᠎ᠲᠠᠢ᠃ ᠨᠢᠭᠡ᠎ᠳᠦ᠂ ᠪᠢ ᠰᠤᠷᠭᠠᠭᠤᠯᠢ᠎ᠳᠠᠭᠠᠨ ᠶᠠᠪᠤᠨ᠎ᠠ᠃ ᠬᠤᠶᠠᠷ᠎ᠲᠤ᠂ ᠮᠠᠨ᠎ᠤ ᠠᠢᠯ᠎ᠤᠨ ᠬᠦᠮᠦᠰ ᠰᠤᠮᠤᠨ᠎ᠳᠤ ᠤᠴᠢᠬᠤ ᠤᠴᠢᠷ ᠠᠷᠪᠢᠨ᠃ ᠭᠤᠷᠪᠠ᠎ᠳᠤ᠂ ᠮᠤᠭᠠᠢᠲᠤᠳᠤ ᠪᠠᠢᠬᠤ ᠪᠠᠭ᠎ᠠ ᠨᠠᠭᠠᠴᠦ ᠡᠭᠡᠴᠢ ᠪᠤᠯᠤᠨ ᠶᠡᠬᠡ ᠪᠦᠯᠦ ᠡᠭᠡᠴᠢ ᠲᠡᠳᠡ ᠨᠠᠭᠠᠰᠢ ᠴᠠᠭᠠᠰᠢ ᠶᠠᠪᠤᠬᠤ ᠦᠭᠡᠢ ᠤᠤ ᠳᠠ᠃ ᠲᠦᠷᠪᠡ᠎ᠳᠦ᠂ ᠡᠵᠢ᠎ᠶᠢᠨ ᠮᠢᠨᠢ ᠡᠭᠡᠨᠡᠭᠰᠢᠵᠦ ᠲᠠᠰᠤᠭᠰᠠᠨ᠂ ᠮᠠᠨᠢ ᠪᠠᠰᠠ ᠲᠦᠷᠦᠭᠰᠡᠨ ᠵᠢᠭᠡ᠎ᠪᠡᠨ ᠰᠢᠭ ᠰᠠᠨᠠᠳᠠᠭ᠂ ᠪᠢᠳᠡ ᠪᠠᠰᠠ ᠨᠠᠭᠠᠴᠤ ᠡᠭᠡᠴᠢ ᠭᠡᠵᠦ ᠳᠠᠭᠤᠳᠠᠵᠤ ᠵᠠᠩᠰᠢᠭ᠍ᠰᠠᠨ ᠡᠮᠴᠢ ᠪᠠᠢᠳᠠᠭ ᠶᠤᠮ᠃ ᠲᠡᠳᠡᠨ᠎ᠦ᠎ᠳᠦ ᠪᠠᠰᠠ ᠤᠴᠢᠬᠤ ᠬᠡᠷᠡᠭᠳᠡᠢ᠃
ᠡᠨᠡ ᠪᠤᠯ ᠠᠷᠪᠠᠨ ᠲᠦᠷᠪᠡᠲᠡᠢ ᠨᠠᠳᠠ᠎ᠳᠤ ᠲᠡᠷᠡ ᠦᠶ᠎ᠡ᠎ᠶᠢᠨ ᠪᠠᠢᠳᠠᠯ ᠳ᠋ᠠᠭᠠᠨ ᠲᠠᠭᠠᠷᠠᠭᠤᠯᠵᠤ ᠪᠤᠳᠤᠭᠳᠠᠭᠰᠠᠨ ᠠᠤᠭ᠎ᠠ ᠲᠦᠯᠦᠪᠯᠡᠭᠡ ᠪᠤᠯᠤᠨ᠎ᠠ᠃ ᠶᠠᠭᠠᠬᠢᠭᠠᠳᠢ ᠮᠡᠳᠡᠬᠦ ᠦᠭᠡᠢ᠂ ᠡᠨᠡᠬᠦ ᠲᠦᠯᠦᠪᠯᠡᠭᠡ ᠮᠠᠨᠢ ᠡᠳᠦᠢ ᠪᠤᠯᠲᠠᠯ᠎ᠠ ᠰᠡᠳᠬᠢᠯ᠎ᠳᠦ ᠳᠤᠷᠠᠢᠭᠰᠠᠭᠠᠷ᠃ ᠪᠡᠶᠡᠯᠡᠭᠦᠯᠵᠦ ᠳᠡᠢᠯᠬᠦ ᠦᠭᠡᠢ᠎ᠪᠡᠨ ᠲᠤᠲᠤᠷᠬᠠᠢ ᠮᠡᠳᠡᠵᠦ ᠪᠠᠢᠪᠠᠴᠤ ᠶᠠᠭ ᠮᠠᠷᠳᠠᠵᠤ ᠳᠡᠢᠯᠬᠦ ᠦᠭᠡᠢ ᠪᠦᠭᠡᠳ ᠪᠤᠳᠤᠬᠤ ᠪᠦᠷᠢ ᠬᠡᠵᠢᠶᠡᠳᠡ ᠪᠤᠷᠤᠭᠤ ᠪᠢᠰᠢ ᠵᠦᠪ ᠰᠠᠨᠠᠭᠳᠠᠬᠤ ᠨᠢ ᠭᠠᠢᠬᠠᠮᠠᠷ᠃
ᠨᠢᠭᠡ ᠪᠤᠳᠤᠪᠠᠯ ᠪᠠᠭ᠎ᠠ ᠨᠠᠰᠤᠨ᠎ᠤ ᠰᠠᠢᠬᠠᠨ ᠪᠤᠳᠤᠯ᠎ᠢᠶᠠᠨ ᠲᠡᠨᠡᠭ ᠭᠡᠵᠦ ᠡᠯᠡᠭᠯᠡᠬᠦ᠎ᠶᠢᠨ ᠤᠷᠤᠨ᠎ᠳᠤ᠂ ᠪᠠᠬᠠᠷᠬᠠᠵᠦ ᠦᠬᠦᠭᠡᠷᠳᠦᠭᠡᠳ ᠰᠠᠨᠠᠭᠠᠯᠵᠠᠵᠤ ᠶᠠᠪᠤᠪᠠᠯ᠂ ᠶᠢᠷᠳᠢᠨᠴᠤ᠎ᠶᠢᠨ ᠲᠤᠭᠤᠰᠤᠨ᠎ᠳᠤ ᠳᠠᠷᠤᠭᠳᠠᠵᠤ ᠪᠤᠳᠤᠩᠭᠤᠢᠷᠠᠭᠰᠠᠨ ᠰᠡᠳᠬᠢᠯ᠎ᠳᠦ ᠮᠢᠨᠢ ᠦᠴᠦᠬᠡᠨ ᠴᠤ᠌ ᠬᠡᠰᠡᠨ ᠭᠡᠭᠡ ᠠᠰᠠᠵᠤ ᠴᠡᠪᠡᠷᠰᠢᠳᠡᠭ ᠴᠤ᠌ ᠶᠤᠮ ᠤᠤ?
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃