ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠤᠷᠠᠨ ᠵᠣᠬᠢᠶᠠᠯ

2026-10-21 11:39:46

ᠵᠣᠬᠢᠶᠠᠭ᠍ᠴᠢ᠄ ᠰ·ᠪᠦᠬᠡᠴᠢᠯᠠᠭᠤ ᠣᠩᠱᠢᠭ᠍ᠰᠠᠨ ᠣᠳᠠᠭ᠎ᠠ᠄ 3

ᠶᠡᠷᠡᠨ ᠵᠢᠯ ᠢ᠋ ᠡᠷᠭᠢᠨ ᠬᠠᠷᠠᠬᠤᠶ᠎ᠠ ᠤᠷᠳᠤ ᠵᠠᠮ ᠤ᠋ᠨ ᠠᠶᠠᠨ ᠲᠠᠢᠨ ᠠ᠋ᠴᠠ ᠨᠠᠷᠠᠨ᠎ᠤ ᠭᠡᠷᠡᠯ ᠰᠠᠴᠤᠷᠠᠨ᠎ᠠ᠃ ᠬᠠᠷᠠᠩᠭᠤᠢ ᠶ᠋ᠢ ᠭᠡᠢᠬᠦᠯᠦᠭᠰᠡᠨ ᠰᠦᠨ ᠴᠠᠭᠠᠨ ᠲᠡᠷᠡ ᠭᠡᠷᠡᠯ ᠢ᠋ᠶ᠋ᠠᠷ ᠡᠭᠡ ᠤᠷᠤᠨ ᠮᠢᠨᠢ ᠠᠷᠠᠳ ᠲᠦᠮᠡᠨ ᠲᠠᠢ ᠪᠠᠨ ᠡᠷᠭᠡ ᠴᠢᠯᠦᠭᠡ ᠪᠠᠨ ᠤᠯᠵᠦ ᠡᠵᠡᠨ ᠮᠡᠳᠡᠬᠦ ᠠᠵᠠ ᠵᠢᠷᠭᠠᠯᠳᠤ ᠠᠮᠢᠳᠤᠷᠠᠯ ᠢ᠋ᠶ᠋ᠠᠨ ᠡᠭᠢᠯᠡᠭᠰᠡᠨ ᠭᠡᠳᠡᠭ ᠢ᠋ ᠲᠡᠭᠷᠢ ᠭᠠᠵᠠᠷ ᠬᠤᠶᠠᠷ ᠮᠡᠳᠡᠨ᠎ᠡ᠂ ᠲᠢᠪ ᠲᠡᠯᠡᠭᠡᠢ ᠮᠡᠳᠡᠨ᠎ᠡ᠃

ᠬᠤᠶᠠᠷ ᠲᠦᠮᠡ ᠲᠠᠪᠤᠨ ᠮᠢᠩᠭᠠᠨ ᠭᠠᠵᠠᠷ ᠢ᠋ ᠲᠤᠭᠤᠯᠵᠦ ᠦᠩᠭᠡᠷᠡᠭᠰᠡᠨ ᠤᠯᠠᠭᠠᠨ ᠴᠡᠷᠢᠭ ᠤ᠋ᠨ ᠤᠮᠤᠭ ᠵᠤᠷᠢᠭ᠋᠂ ᠠᠯᠤᠰ ᠤ᠋ᠨ ᠪᠤᠳᠤᠯ᠂ ᠢᠯᠠᠭᠳᠠᠰᠢ ᠦᠭᠡᠢ ᠢᠳᠡᠭᠡᠯ ᠢ᠋ ᠦᠨᠡᠭᠡᠷ ᠪᠢᠰᠢᠷᠡᠬᠦ ᠦᠭᠡᠢ ᠪᠠᠢᠬᠤ ᠶ᠋ᠢᠨ ᠠᠷᠭ᠎ᠠ ᠦᠭᠡᠢ᠃ 《ᠲᠦᠷᠦ ᠬᠦᠷᠦᠨ ᠢ᠋ᠶ᠋ᠠᠨ ᠴᠢᠯᠦᠭᠡᠯᠡᠵᠦ ᠬᠦᠮᠦᠨ ᠵᠤᠨ ᠢ᠋ᠶ᠋ᠠᠨ ᠡᠷᠭᠡ ᠲᠡᠭᠰᠢ ᠠᠮᠢᠳᠤᠷᠠᠭᠤᠯᠬᠤ》 ᠭᠡᠰᠡᠨ ᠡᠪ ᠬᠠᠮᠳᠤ ᠶ᠋ᠢᠨ ᠦᠵᠡᠯ ᠤᠬᠠᠮᠰᠠᠷ ᠶ᠋ᠢᠡᠷ ᠤᠢ ᠤᠬᠠᠭᠠᠨ ᠢ᠋ᠶ᠋ᠠᠨ ᠵᠠᠪᠰᠡᠭᠯᠡᠵᠦ᠂ ᠦᠷᠡᠭᠳᠡᠯ ᠰᠦᠢᠳᠦᠯ ᠠ᠋ᠴᠠ ᠠᠶᠤᠬᠤ ᠦᠭᠡᠢ ᠪᠠᠭᠠᠳᠤᠷᠯᠠᠨ ᠲᠡᠮᠡᠴᠡᠭᠰᠡᠨ ᠦᠯᠢᠭᠡᠷ ᠲᠡᠦᠭᠡ ᠶ᠋ᠢ ᠨᠢ ᠡᠷᠭᠢᠴᠡᠬᠦᠯᠦᠨ ᠲᠤᠩᠭᠠᠬᠤ ᠳ᠋ᠥ᠂ ᠦᠪᠡᠷ ᠤ᠋ᠨ ᠡᠷᠭᠡ ᠦᠭᠡᠢ ᠡᠪᠦᠭᠡ ᠮᠢᠨᠢ ᠦᠭᠡᠢᠯᠡᠭᠳᠡᠨ ᠲᠤᠷᠠᠰᠤᠭᠳᠠᠨ᠎ᠠ᠃

ᠮᠢᠨᠦ ᠡᠪᠦᠭᠡ ᠠᠷᠪᠠᠨ ᠨᠠᠢ᠍ᠮᠠᠲᠠᠢ ᠳ᠋ᠠᠭᠠᠨ ᠴᠡᠷᠢᠭ ᠲᠣ᠌ ᠤᠷᠤᠵᠦ ᠲᠠᠢᠨ ᠳ᠋ᠥ ᠡᠷᠡᠯᠭᠡᠭ ᠢ᠋ᠶ᠋ᠠᠷ ᠪᠠᠢᠯᠳᠤᠵᠦ ᠶᠠᠪᠣᠬᠰᠠᠨ ᠶᠤᠮ᠃ ᠨᠢᠭᠡᠨ  ᠤᠲᠠᠭ᠎ᠠ ᠶ᠋ᠢᠨ ᠲᠠᠢᠨ ᠳ᠋ᠦ ᠡᠪᠦᠭᠡ ᠶ᠋ᠢᠨ ᠪᠠᠷᠠᠭᠤᠨ ᠬᠦᠯ ᠨᠢ ᠫᠤᠤ ᠶ᠋ᠢᠨ ᠰᠤᠮᠤᠨ ᠳ᠋ᠥ ᠤᠨᠤᠭᠳᠠᠵᠦ ᠰᠢᠷᠬᠠᠲᠣᠬᠰᠠᠨ ᠪᠠᠢᠯ᠎ᠠ᠃ ᠡᠨᠡ ᠦᠶ᠎ᠡ ᠳ᠋ᠥ ᠲᠡᠬᠦᠨ᠎ᠤ ᠠᠷᠤ ᠳ᠋ᠦ ᠪᠠᠢᠭᠰᠠᠨ  ᠮᠡᠷᠭᠡᠨ ᠬᠠᠷᠪᠤᠭᠠᠴᠢ ᠴᠤᠯᠠ ᠲᠠᠢ ᠴᠠᠩ ᠵᠢᠶᠠᠩ  ᠭᠡᠬᠦ ᠨᠡᠷ᠎ᠡ ᠲᠠᠢ ᠰᠠᠢᠨ ᠨᠠᠢᠵᠠ ᠨᠢ ᠬᠦᠶᠦᠨ ᠢᠷᠡᠵᠦ ᠴᠡᠷᠢᠭ ᠤ᠋ᠨ ᠡᠮᠨᠡᠯᠭᠡ ᠳ᠋ᠥ ᠬᠦᠷᠭᠡᠭᠰᠡᠨ ᠭᠡᠳᠡᠭ᠃

《ᠮᠠᠨ᠎ᠤ ᠬᠤᠶᠠᠭᠤᠯᠠ ᠵᠢᠨ ᠬᠠᠷᠢᠴᠠᠭ᠎ᠠ ᠲᠡᠷᠡ ᠡᠳᠦᠷ ᠠ᠋ᠴᠠ ᠡᠭᠢᠯᠡᠭᠡᠳ ᠨᠡᠩ ᠴᠦ᠍ ᠬᠦᠨ ᠵᠤᠵᠠᠭᠠᠨ ᠬᠠᠢᠷ᠎ᠠ ᠰᠡᠳᠭᠢᠯᠭᠡ ᠲᠠᠢ ᠪᠤᠯᠤᠭᠰᠠᠨ ᠁》 ᠭᠡᠵᠦ ᠡᠪᠦᠭᠡ ᠮᠢᠨᠢ ᠤᠷᠮ᠎ᠠ ᠲᠠᠢ ᠶᠠᠷᠢᠬᠤ ᠳ᠋ᠠᠭᠠᠨ 《ᠠᠮᠢ ᠲᠠᠢ ᠪᠠᠢᠭᠰᠠᠨ ᠴᠠᠭ ᠲᠣ᠌ ᠵᠠᠪᠠᠯ ᠴᠠᠩ ᠵᠢᠶᠠᠩ ᠲᠡᠬᠦᠦ ᠪᠠᠨ ᠡᠷᠢᠵᠦ ᠠᠭᠤᠯᠵᠠᠭᠠᠳ ᠲᠡᠬᠦᠨ᠎ᠤ ᠨᠢᠭᠡᠨ ᠬᠠᠭᠤᠳᠠᠰᠤ ᠵᠠᠭᠢᠳᠡᠯ ᠢ᠋ ᠭᠠᠷᠳᠠᠭᠤᠯᠤᠨ᠎ᠠ》 ᠭᠡᠮᠡᠨ ᠠᠭᠢᠨ ᠲᠠᠭᠢᠨ ᠶᠠᠷᠢᠵᠦ ᠪᠠᠢᠬᠰᠠᠨ ᠶᠣᠮ᠃ ᠴᠠᠩ ᠵᠢᠶᠠᠩ ᠪᠠᠭ᠎ᠠ ᠡᠪᠦᠭᠡ ᠤᠳᠤ ᠴᠤᠬᠤᠮ ᠬᠠᠮᠢᠭ᠎ᠠ ᠪᠠᠢᠳᠠᠭ ᠪᠤᠯ?  ᠡᠪᠦᠭᠡ ᠲᠠᠢ ᠨᠢᠭᠤᠷᠳᠡᠨ ᠵᠤᠯᠭᠠᠶ᠎ᠠ ᠭᠡᠵᠦ ᠶᠠᠭᠤᠳᠠᠢ ᠬᠦᠰᠡᠨ ᠮᠦᠷᠦᠭᠡᠳᠴᠦ ᠪᠠᠢᠭ᠎ᠠ ᠪᠤᠯ ⁈

《ᠣᠯᠣᠰ ᠣᠷᠣᠨ ᠶ᠋ᠢᠡᠨ ᠴᠢᠯᠦᠭᠡᠯᠡᠬᠦ ᠲᠠᠢᠨ ᠳ᠋ᠥ ᠤᠷᠤᠯᠴᠠᠭᠰᠠᠨ ᠬᠤᠶᠠᠷ ᠪᠠᠢᠯᠳᠤᠭ᠍ᠴᠢ ᠶ᠋ᠢᠨ ᠬᠦᠰᠡᠯ ᠢ᠋ ᠪᠤᠤ ᠯᠡ ᠬᠦᠰᠡᠷᠳᠡᠬᠦᠯᠦᠶ᠎ᠡ》 ᠭᠡᠵᠦ ᠪᠢ ᠴᠠᠩ ᠵᠢᠶᠠᠩ ᠡᠪᠦᠭᠡ ᠶ᠋ᠢᠨ ᠵᠠᠯᠠᠭᠤ᠎ᠶᠢᠨ ᠦᠶ᠎ᠡ ᠶ᠋ᠢᠨ ᠪᠤᠳᠤᠭ ᠦᠭᠡᠢ ᠵᠢᠷᠤᠭ ᠢ᠋ ᠮᠡᠳᠡᠭᠳᠡᠯ ᠤ᠋ᠨ ᠪᠢᠴᠢᠭ ᠲᠠᠢ ᠪᠠᠨ ᠬᠠᠮᠳᠤ ᠲᠠᠷᠤᠮᠠᠯᠯᠠᠭᠠᠳ ᠵᠠᠷ ᠨᠡᠢᠳᠡᠯᠡᠵᠦ ᠭᠠᠵᠠᠷ ᠪᠤᠯᠭᠠᠨ ᠡᠴᠡ ᠡᠷᠢᠭᠰᠡᠨ ᠴᠦ᠍ ᠲᠤᠰᠠ ᠪᠤᠯᠤᠭᠰᠠᠨ ᠦᠭᠡᠢ᠃ ᠲᠡᠭᠡᠭᠡᠳ ᠠᠵᠢᠯ ᠤ᠋ᠨ ᠴᠢᠯᠦᠭᠡ ᠵᠠᠪ ᠢ᠋ᠶ᠋ᠠᠨ ᠦᠵᠡᠵᠦ ᠱᠠᠨ ᠰᠢ ᠳ᠋ᠥ ᠨᠢᠭᠡ ᠤᠳᠠᠭ᠎ᠠ ᠬᠦᠷᠦᠭᠡᠳ ᠪᠠᠷ᠎ᠠ ᠰᠤᠷᠠᠭ ᠢ᠋ ᠨᠢ ᠴᠦ᠍ ᠤᠯᠤᠭᠰᠠᠨ ᠦᠭᠡᠢ᠃ ᠬᠤᠶᠠᠳᠡᠭᠢ ᠤᠳᠠᠭ᠎ᠠ ᠬᠦᠷᠴᠦ ᠴᠡᠷᠢᠭ ᠠᠩᠭᠢ  ᠶ᠋ᠢᠨ ᠲᠠᠩᠰᠠ ᠡᠪᠭᠡᠮᠡᠯ ᠢ᠋ ᠬᠠᠮᠢᠶᠠᠷᠴᠤ ᠪᠠᠢᠭ᠎ᠠ ᠭᠠᠵᠠᠷ ᠬᠦᠷᠦᠭᠡᠳ ᠴᠠᠩ ᠵᠢᠶᠠᠩ ᠡᠪᠦᠭᠡ ᠴᠡᠷᠢᠭ ᠠ᠋ᠴᠠ ᠪᠠᠨ ᠬᠠᠯᠠᠭᠳᠠᠮᠠᠭᠴᠠ ᠲᠡᠭᠡᠳᠦ ᠱᠠᠳᠤᠨ᠎ᠤ ᠲᠤᠭᠢᠷᠠᠭᠤᠯᠭ᠎ᠠ ᠪᠠᠷ ᠰᠢᠯᠢ᠎ᠶᠢᠨ ᠭᠤᠤᠯ ᠳ᠋ᠥ ᠠᠵᠢᠯᠯᠠᠭᠰᠠᠨ ᠢ᠋ ᠮᠡᠳᠡᠪᠡ᠃

ᠪᠠᠶᠠᠷᠯᠠᠭᠰᠠᠨ ᠢ᠋ ᠶᠠᠭᠤ ᠭᠡᠯᠡᠬᠦ ᠪᠤᠢ? ᠡᠨᠡ ᠵᠤᠨ ᠲᠡᠭᠡᠭᠡᠳ ᠰᠢᠯᠢ᠎ᠶᠢᠨ ᠭᠤᠤᠯ ᠳ᠋ᠥ ᠬᠦᠷᠴᠦ ᠡᠷᠢᠯ ᠢ᠋ᠶ᠋ᠠᠨ ᠵᠠᠯᠭᠠᠪᠠ᠃ ᠠᠭᠣᠯᠵᠠᠵᠦ ᠣᠴᠠᠷᠠᠬᠰᠠᠨ ᠪᠣᠯᠭᠠᠨ ᠡᠴᠡ ᠠᠰᠠᠭᠣᠵᠦ ᠰᠣᠷᠠᠬᠯᠠᠵᠦ ᠶᠠᠪᠣᠬᠰᠠᠭᠠᠷ ᠦᠳᠡ ᠤᠢᠷᠠᠳᠴᠦ ᠵᠤᠯᠠᠢ ᠲᠡᠭᠡᠷ᠎ᠡ ᠡᠴᠡ ᠨᠠᠷᠠ ᠲᠦᠭᠡᠨᠡᠵᠦ ᠬᠠᠮᠤᠭ ᠪᠡᠶ᠎ᠡ ᠬᠦᠯᠦᠷᠡᠭᠡᠳ ᠠᠯᠬᠤᠮ ᠲᠡᠳᠦᠢ ᠣᠷᠣᠬᠰᠢᠯᠠᠬᠣ ᠠ᠋ᠴᠠ ᠪᠠᠨ ᠵᠠᠯᠬᠠᠭᠤᠷᠠᠵᠦ ᠪᠠᠢᠪᠠ᠃ ᠣᠰᠣ ᠣᠮᠲᠠ ᠣᠯᠵᠦ ᠣᠣᠭᠣᠬᠣ ᠪᠣᠲᠣᠯ ᠶ᠋ᠢᠡᠷ ᠶᠠᠪᠣᠵᠦ ᠪᠠᠢᠲᠠᠯ᠎ᠠ ᠠᠰᠢᠬᠦᠢ ᠨᠢᠭᠡᠨ ᠵᠠᠯᠠᠭᠤ ᠬᠤᠨᠢ ᠪᠠᠨ ᠤᠰᠤᠯᠠᠭᠠᠳ ᠨᠠᠭᠠᠰᠢ ᠮᠤᠲ᠋ᠤᠷ ᠶ᠋ᠢᠡᠷ ᠲᠠᠪᠭᠢᠭᠤᠯᠵᠦ ᠢᠷᠡᠬᠦ ᠨᠢ ᠬᠠᠷᠠᠬᠲᠠᠪᠠ᠃

ᠪᠢ ᠬᠠᠰᠢᠵᠦ ᠵᠤᠭᠰᠤᠭᠠᠳ ᠤᠴᠢᠷ ᠢ᠋ᠶ᠋ᠠᠨ ᠶᠠᠷᠢᠬᠤ ᠳ᠋ᠥ ᠲᠡᠷᠡ ᠵᠠᠯᠠᠭᠤ 《ᠮᠢᠨᠦ ᠡᠪᠦᠭᠡ ᠶ᠋ᠢᠨ ᠨᠡᠷ᠎ᠡ ᠴᠠᠩ ᠵᠢᠶᠠᠩ᠂ ᠴᠡᠷᠢᠭ ᠤ᠋ᠨ ᠬᠦᠮᠦᠨ ᠁》 ᠭᠡᠵᠦ ᠶᠠᠷᠢᠭ᠍ᠰᠠᠨ ᠨᠢ ᠨᠠᠳᠠ ᠳ᠋ᠥ ᠬᠤᠷᠤᠮ ᠵᠠᠭᠤᠷ᠎ᠠ ᠵᠡᠬᠦᠳᠦ ᠭᠡᠮᠡᠷ ᠰᠠᠨᠠᠭᠳᠠᠪᠠ᠃

ᠵᠠᠯᠠᠭᠤ ᠮᠠᠰᠢ ᠡᠶᠡᠯᠰᠡᠭ᠃ ᠨᠠᠮᠠᠶ᠋ᠢ ᠭᠡᠷ ᠲᠡᠭᠡᠨ ᠤᠷᠢᠵᠦ ᠣᠰᠣ ᠴᠠᠢ ᠣᠢᠷᠠᠲᠣᠭᠣᠯᠵᠦ ᠨᠢᠭᠡᠨ ᠵᠢᠷᠣᠬ ᠰᠡᠬᠦᠳᠡᠷ ᠭᠠᠷᠭᠠᠵᠦ  ᠦᠵᠡᠬᠦᠯᠪᠡ᠃

《ᠪᠠᠷᠠᠭᠤᠨ ᠲᠠᠯ᠎ᠠ ᠶ᠋ᠢᠨ ᠭᠢ ᠨᠢ ᠮᠢᠨᠦ ᠡᠪᠦᠭᠡ》

《ᠵᠡᠬᠦᠨ ᠲᠠᠯ᠎ᠠ ᠶ᠋ᠢᠨ ᠭᠢ ᠨᠢ ᠮᠢᠨᠦ ᠡᠪᠦᠭᠡ》

ᠡᠪᠦᠭᠡᠳ ᠤ᠋ᠨ ᠦᠶ᠎ᠡ ᠠ᠋ᠴᠠ ᠬᠠᠷᠢᠴᠠᠭ᠎ᠠ ᠲᠠᠢ ᠶ᠋ᠢᠨ ᠬᠢ ᠪᠤᠯᠪᠠ ᠤᠤ?  ᠪᠢᠳᠡ ᠬᠤᠶᠠᠷ ᠨᠢᠭᠡ ᠭᠡᠷ ᠤ᠋ᠨ ᠬᠦᠮᠦᠨ ᠮᠡᠳᠦ ᠵᠤᠭᠤᠭᠳᠠᠵᠦ ᠡᠭᠢᠯᠡᠪᠡ᠃

《ᠮᠢᠨᠦ ᠡᠪᠦᠭᠡ ᠦᠷᠬᠦᠯᠵᠢ ᠲᠠᠷᠬᠠᠨ ᠡᠪᠦᠭᠡ ᠶ᠋ᠢ ᠲᠤᠷᠠᠰᠤᠨ ᠶᠠᠷᠢᠨ᠎ᠠ᠃ ᠴᠡᠷᠢᠭ ᠲᠦ᠍ ᠣᠷᠣᠵᠦ ᠲᠠᠢᠲᠣᠵᠦ ᠶᠠᠪᠣᠬᠰᠠᠨ ᠲᠤᠬᠠᠢ ᠪᠠᠨ ᠲᠤᠮᠤᠭ ᠮᠡᠳᠦ ᠶᠠᠷᠢᠨ᠎ᠠ》 ᠭᠡᠵᠦ ᠵᠠᠯᠠᠭᠤ ᠮᠢᠨᠢ ᠶᠠᠷᠢᠭ᠍ᠰᠠᠨ ᠢ᠋ᠶ᠋ᠠᠨ 《ᠨᠠᠮᠠᠶ᠋ᠢ ᠭᠡᠭᠡᠷᠡᠯ ᠭᠡᠳᠡᠭ᠂ ᠡᠨᠡ ᠵᠢᠯ ᠬᠤᠷᠢᠨ ᠲᠤᠯᠤᠭ᠎ᠠ ᠲᠠᠢ》 ᠭᠡᠵᠦ ᠦᠪᠡᠷ᠎ᠢ ᠪᠠᠨ ᠲᠠᠨᠢᠯᠴᠠᠭᠤᠯᠵᠦ ᠭᠠᠷᠤᠯ᠎ᠠ᠃

ᠭᠡᠷ ᠤ᠋ᠨ ᠪᠠᠷᠠᠭᠤᠨ ᠬᠠᠨ᠎ᠠ ᠲᠦᠰᠢᠬᠦᠯᠵᠦ ᠲᠠᠯᠪᠢᠭ᠍ᠰᠠᠨ ᠬᠠᠭᠤᠴᠢᠪᠳᠤᠷ ᠮᠤᠳᠤᠨ ᠠᠪᠳᠠᠷ᠎ᠠ ᠶ᠋ᠢᠨ ᠲᠡᠭᠡᠷ᠎ᠡ ᠲᠠᠯ᠎ᠠ ᠳ᠋ᠥ ᠤᠯᠠᠭᠠᠨ ᠪᠦᠰᠡᠨ ᠳ᠋ᠥ ᠲᠡᠪᠡᠯᠡᠵᠦ ᠲᠤᠭᠳᠠᠭᠠᠬᠰᠠᠨ ᠤᠯᠠᠨ ᠵᠦᠢᠯ ᠤ᠋ᠨ ᠭᠠᠪᠢᠶᠠᠨ ᠲᠡᠮᠳᠡᠭ ᠮᠢᠨᠦ ᠠᠩᠬᠠᠷᠤᠯ ᠢ᠋ ᠲᠠᠳᠠᠪᠠ᠃ ᠪᠢ ᠬᠠᠷᠠᠬᠤ ᠲᠤᠳᠤᠮ ᠬᠦᠭᠰᠡᠬᠦ ᠳ᠋ᠡᠭᠡᠨ 《ᠪᠠᠭ᠎ᠠ ᠡᠪᠦᠭᠡ ᠬᠠᠮᠢᠭ᠎ᠠ ᠤᠴᠢᠭ᠍ᠰᠠᠨ ᠪᠤᠢ?》 ᠭᠡᠵᠦ ᠲᠡᠬᠦᠨ ᠠ᠋ᠴᠠ ᠠᠰᠠᠭᠤᠯ᠎ᠠ᠃

ᠲᠡᠷᠡ ᠨᠢᠭᠡᠨ ᠵᠡᠷᠭᠡ ᠲᠤᠭᠤᠢ ᠰᠠᠭᠤᠭᠰᠠᠨ ᠢ᠋ᠶ᠋ᠠᠨ《ᠡᠪᠦᠭᠡ ᠳ᠋ᠥ ᠶᠠᠷᠢᠬᠤ ᠤᠴᠢᠷ ᠲᠠᠢ ᠪᠤᠯ ᠨᠡᠮ᠎ᠡ ᠳ᠋ᠥ ᠶᠠᠷᠢᠴᠢᠬ᠎ᠠ!》 ᠭᠡᠰᠡᠨ ᠢ᠋ᠶ᠋ᠠᠨ 《ᠲᠠᠷᠬᠠᠨ ᠡᠪᠦᠭᠡ ᠶ᠋ᠢᠨ ᠪᠡᠶ᠎ᠡ ᠵᠦᠭᠡᠷ ᠤᠤ?》 ᠭᠡᠵᠦ ᠯᠠᠪᠯᠠᠪᠠ᠃

《ᠤᠷᠵᠢᠨᠤᠨ ᠪᠤᠷᠬᠠᠨ ᠪᠤᠯᠴᠢᠬᠠᠵᠠᠢ᠃ ᠭᠡᠬᠦ ᠳ᠋ᠡᠭᠡᠨ ᠴᠠᠩ ᠵᠢᠶᠠᠩ ᠡᠪᠦᠭᠡ ᠶ᠋ᠢᠨ ᠨᠢᠭᠡᠨ ᠵᠠᠭᠢᠳᠡᠯ ᠢ᠋ ᠬᠦᠷᠭᠡᠵᠦ ᠶᠠᠪᠤᠭ᠎ᠠ ᠁ 》ᠭᠡᠳ  ᠪᠢ ᠶᠠᠭᠤ ᠶᠠᠷᠢᠭ᠍ᠰᠠᠨ ᠢ᠋ᠶ᠋ᠠᠨ ᠦᠪᠡᠷ ᠢ᠋ᠶ᠋ᠠᠨ ᠴᠦ᠍ ᠲᠤᠳᠤᠷᠬᠠᠢ ᠮᠡᠳᠡᠬᠦ ᠦᠭᠡᠢ ᠲᠦᠳᠡᠭᠡᠯᠵᠡᠪᠡ᠃

《ᠲᠠᠢᠨ ᠲᠠᠵᠢᠨ ᠢ᠋ ᠦᠩᠭᠡᠷᠡᠬᠦᠯᠦᠭᠰᠡᠨ ᠡᠭᠡ ᠤᠷᠤᠨ᠎ᠤ ᠴᠡᠷᠢᠭ ᠬᠦᠮᠦᠨ ᠭᠡᠵᠦ ᠶᠠᠭᠠᠭᠢᠭ᠍ᠰᠠᠨ ᠠᠯᠤᠰ ᠤ᠋ᠨ ᠪᠤᠳᠤᠯ᠂ ᠠᠭᠤᠤ ᠶᠡᠭᠡ ᠬᠦᠰᠡᠯ ᠲᠠᠢ ᠪᠤᠢ? ᠨᠠᠮ ᠳ᠋ᠥ ᠤᠷᠤᠬᠤ ᠪᠠᠷ ᠭᠤᠶᠤᠴᠢᠯᠠᠭᠰᠠᠨ ᠪᠢᠴᠢᠭ ᠪᠠᠢᠯ᠎ᠠ᠃ ᠡᠪᠦᠭᠡ ᠶ᠋ᠢᠨ ᠡᠨᠡ ᠬᠦ᠌ ᠮᠦᠷᠦᠭᠡᠳᠦᠯ ᠢ᠋ ᠬᠤᠰᠢᠭᠤᠨ᠎ᠤ ᠴᠡᠷᠢᠭ ᠤ᠋ᠨ ᠬᠠᠮᠢᠶᠠᠷᠤᠯᠳᠠ ᠶ᠋ᠢᠨ ᠭᠠᠵᠠᠷ ᠬᠦᠷᠴᠦ ᠮᠡᠳᠡᠬᠦᠯᠦᠶ᠎ᠡ 》 ᠭᠡᠵᠦ ᠭᠡᠭᠡᠷᠡᠯ ᠲᠡᠬᠦᠦ ᠵᠠᠬᠢᠲᠠᠯ᠎ᠢ ᠣᠩᠰᠢᠭᠠᠳ ᠲᠣᠬᠲᠣᠯᠣᠨ ᠬᠡᠯᠡᠨ᠎ᠡ᠃

《ᠲᠡᠷᠡ ᠦᠶ᠎ᠡ ᠳ᠋ᠥ ᠤᠳᠤᠷᠢᠳᠤᠯᠭ᠎ᠠ ᠳ᠋ᠠᠭᠠᠨ ᠭᠠᠷᠳᠠᠭᠤᠯᠬᠤ ᠠ᠋ᠴᠠ ᠪᠠᠨ ᠲᠠᠲᠠᠭᠠᠯᠵᠠᠬᠰᠠᠨ ᠪᠤᠯ ᠤᠤ? ᠡᠰᠡᠬᠦᠯ᠎ᠡ ᠵᠠᠪ ᠤᠯᠳᠠᠭᠰᠠᠨ ᠦᠭᠡᠢ ᠪᠤᠯ ᠤᠤ⁈ ᠦᠨᠡᠨ ᠢ᠋ ᠭᠡᠯᠡᠬᠦ ᠳ᠋ᠥ ᠦᠵᠡᠯ ᠰᠤᠷᠳᠠᠯ ᠠᠯᠢᠪᠠ ᠲᠠᠯ᠎ᠠ ᠪᠠᠷ ᠢ᠋ᠶ᠋ᠠᠨ ᠨᠢᠭᠡᠨ ᠡᠪ ᠬᠠᠮᠳᠤ ᠨᠠᠮ ᠤ᠋ᠨ ᠭᠡᠰᠢᠬᠦᠨ ᠪᠤᠯᠵᠦ ᠪᠤᠯᠤᠨ᠎ᠠ》 ᠭᠡᠵᠦ ᠪᠢ ᠬᠦᠭᠰᠡᠨ ᠶᠠᠷᠢᠪᠠ᠃

ᠨᠠᠷᠠ ᠠᠭᠤᠯᠠᠰ ᠤ᠋ᠨ ᠴᠠᠭᠠᠨ᠎ᠠ ᠵᠢᠷᠭᠠᠬᠤ ᠠ᠋ᠴᠠ ᠯᠡ ᠡᠮᠦᠨ᠎ᠡ ᠭᠡᠭᠡᠷᠡᠯ ᠪᠢᠳᠡ ᠬᠤᠶᠠᠷ ᠤ᠋ᠨ ᠶᠠᠷᠢᠯᠴᠠᠭ᠎ᠠ ᠦᠨᠳᠦᠷᠯᠡᠪᠡ᠃ ᠪᠤᠰᠤᠳ ᠢ᠋ ᠬᠠᠪᠰᠤᠷᠤᠨ ᠲᠤᠰᠠᠯᠠᠬᠤ ᠪᠠᠷ ᠵᠢᠷᠭᠠᠯ ᠢ᠋ᠶ᠋ᠠᠨ ᠪᠤᠯᠭᠠᠵᠦ ᠶᠠᠪᠤᠭᠰᠠᠨ ᠴᠠᠩ ᠵᠢᠶᠠᠩ ᠡᠪᠦᠭᠡ ᠶ᠋ᠢᠨ ᠨᠢᠭᠤᠴᠠ ᠶ᠋ᠢ ᠴᠦ᠍ ᠤᠢᠯᠠᠭᠠᠯ᠎ᠠ᠃

ᠭᠡᠷᠡᠯ ᠰᠠᠴᠤᠷᠠᠩᠭᠤᠢ ᠤᠷᠳᠤ ᠵᠠᠮ ᠤ᠋ᠨ ᠠᠶᠠᠨ ᠲᠠᠢᠨ ᠭᠡᠵᠦ ᠪᠢ ᠠᠮᠠᠨ ᠳ᠋ᠠᠭᠠᠨ ᠲᠦᠳᠦᠨᠡᠬᠦ ᠳ᠋ᠥ᠂ ᠲᠠᠢᠨ᠎ᠤ ᠤᠳᠤᠭ᠎ᠠ ᠪᠦᠷᠬᠦᠵᠦ᠂ ᠰᠤᠮᠤᠨ ᠮᠦᠨᠳᠦᠷ ᠪᠤᠵᠢᠭᠢᠨᠠᠭᠰᠠᠨ ᠲᠡᠷᠡ ᠤᠨ ᠵᠢᠯ ᠬᠠᠷᠠᠭᠠᠨ ᠳ᠋ᠥ ᠲᠤᠳᠤᠷᠠᠬᠤ ᠰᠢᠭ᠋ ᠪᠤᠯᠵᠦ ᠨᠠᠮᠤᠭᠲᠣ ᠲᠠᠯ᠎ᠠ᠂ ᠨᠤᠶᠠᠨ ᠰᠠᠷᠢᠳᠠᠭᠳᠤ ᠠᠭᠤᠯᠠᠰ᠂ ᠤᠢᠯᠤᠨ ᠬᠦᠷᠭᠢᠷᠡᠭᠰᠡᠨ ᠭᠤᠤᠯ ᠮᠦᠷᠡᠨ ᠢ᠋ ᠁ ᠲᠤᠭᠤᠯᠤᠭᠰᠠᠨ ᠡᠪ ᠬᠠᠮᠳᠤ ᠨᠠᠮ ᠤ᠋ᠨ ᠤᠳᠤᠷᠢᠳᠤᠯᠭ᠎ᠠ ᠲᠤᠤᠷᠠᠭᠢ ᠤᠯᠠᠭᠠᠨ ᠴᠡᠷᠢᠭ ᠤ᠋ᠨ ᠡᠷᠡᠯᠭᠡᠭ ᠪᠠᠭᠠᠳᠤᠷᠯᠢᠭ᠋᠂ ᠰᠦᠰᠦ ᠵᠤᠷᠢᠭ᠂ ᠡᠭᠡ ᠤᠷᠤᠨᠴᠢ ᠬᠠᠢᠷ᠎ᠠ ᠨᠢ ᠰᠡᠳᠭᠢᠯ ᠳ᠋ᠥ ᠮᠢᠨᠢ ᠲᠤᠶᠠᠭᠠᠷᠠᠨ᠎ᠠ᠃

ᠦᠷ ᠢ᠋ᠶ᠋ᠠᠷ ᠪᠤᠰᠴᠦ ᠭᠡᠭᠡᠷᠡᠯ ᠲᠡᠬᠦᠦ ᠲᠠᠢ ᠰᠠᠯᠬᠤ ᠶᠤᠰᠤ ᠬᠦᠢᠴᠡᠳᠭᠡᠨ ᠭᠠᠷᠴᠦ ᠢᠷᠡᠳᠡᠯ᠎ᠡ ᠰᠢᠯᠢᠩᠬᠣᠲᠠ ᠶ᠋ᠢᠨ ᠠᠭᠤᠳᠠᠮ ᠲᠠᠯᠠᠪᠠᠢ ᠠ᠋ᠴᠠ ᠦᠷᠯᠦᠭᠡ ᠶ᠋ᠢᠨ ᠠᠭᠠᠷ ᠢ᠋ ᠰᠦᠯᠡᠵᠦ ᠤᠯᠤᠰ ᠤ᠋ᠨ ᠲᠤᠭ ᠲᠠᠢᠪᠤᠩ ᠮᠠᠨᠳᠤᠬᠤ ᠨᠢ ᠬᠠᠷᠠᠭᠳᠠᠪᠠ᠃

《ᠤᠷᠳᠤ ᠵᠠᠮ ᠤ᠋ᠨ ᠠᠶᠠᠨ ᠲᠠᠢᠨ ᠳ᠋ᠥ ᠠᠯᠳᠠᠨ ᠠᠮᠢ ᠪᠠᠨ ᠦᠷᠡᠭᠳᠡᠬᠦᠯᠦᠭᠰᠡᠨ ᠨᠡᠷ᠎ᠡ ᠦᠭᠡᠢ ᠲᠡᠷᠡ ᠤᠯᠠᠨ ᠪᠠᠢᠯᠳᠤᠭ᠍ᠴᠢ ᠶ᠋ᠢᠨ ᠠᠷᠢᠭᠤᠨ ᠴᠢᠰᠦ ᠠᠭᠤᠰᠤᠨ ᠰᠢᠩᠭᠡᠭᠰᠡᠨ ᠠ᠋ᠴᠠ ᠭᠠᠯ ᠰᠢᠬ ᠤᠯᠠᠭᠠᠨ ᠦᠩᠭᠡ ᠲᠠᠢ ᠪᠤᠯᠤᠭᠰᠠᠨ ᠁》 ᠭᠡᠬᠦ ᠮᠢᠨᠦ ᠡᠪᠦᠭᠡ ᠶ᠋ᠢᠨ ᠦᠭᠡ ᠰᠤᠨᠤᠷ ᠲᠣ᠌ ᠲᠠᠭᠢᠨ ᠲᠤᠭᠤᠯᠳᠠᠬᠤ ᠰᠢᠭ᠋ ᠪᠤᠯᠤᠯ᠎ᠠ᠃

《ᠲᠡᠯᠡᠭᠡᠢ ᠳ᠋ᠥ ᠡᠩᠭᠡ ᠠᠮᠤᠭᠤᠯᠠᠩ ᠢ᠋ ᠢᠪᠡᠭᠡᠭᠰᠡᠨ ᠭᠡᠷᠡᠯ ᠰᠠᠴᠤᠷᠠᠩᠭᠤᠢ ᠤᠷᠳᠤ ᠵᠠᠮ ᠤ᠋ᠨ ᠠᠶᠠᠨ ᠲᠠᠢᠨ᠎ᠤ ᠦᠭᠭᠢᠶᠡᠮᠦᠷ ᠵᠤᠷᠢᠭ᠋ ᠰᠠᠨᠠᠭ᠎ᠠ ᠤᠷᠳᠤ ᠶ᠋ᠢᠨ ᠲᠠᠭᠤᠤ ᠰᠢᠭ᠋ ᠵᠢᠷᠦᠭᠡᠨ ᠳ᠋ᠥ ᠮᠢᠨᠢ ᠤᠶᠠᠩᠭᠠᠷᠠᠵᠦ ᠦᠶ᠎ᠡ ᠶ᠋ᠢᠨ ᠦᠶ᠎ᠡ ᠤᠯᠠᠮᠵᠢᠯᠠᠭᠳᠠᠨ᠎ᠠ ᠁》 ᠭᠡᠵᠦ ᠲᠤᠭᠳᠤᠯᠳᠠᠯ᠎ᠠ ᠮᠢᠨᠦ ᠨᠢᠭᠡᠨ ᠨᠠᠢᠵᠠ ᠰᠸᠵᠠᠪ ᠤ᠋ᠨ᠄

《ᠬᠤᠶᠠᠷ ᠲᠦᠮᠡ ᠲᠠᠪᠤᠨ ᠮᠢᠩᠭᠠᠨ ᠭᠠᠵᠠᠷ

ᠬᠤᠷᠸ᠎ᠠ ᠳ᠋ᠥ ᠭᠡᠷᠡᠯᠳᠦᠵᠦ ᠰᠠᠴᠤᠷᠠᠨ᠎ᠠ

ᠬᠤᠶᠠᠷ ᠮᠦᠷᠡᠨ᠎ᠤ ᠴᠢᠰᠤᠨ

ᠶᠢᠷᠳᠢᠨᠴᠦ ᠳ᠋ᠥ ᠠᠰᠠᠵᠦ ᠦᠯᠡᠳᠡᠨ᠎ᠡ

   ᠲᠤᠰᠤ ᠪᠠᠷ ᠤᠭᠢᠯᠠᠭᠰᠠᠨ ᠨᠢᠭᠡᠨ ᠭᠤᠤᠯ

   ᠵᠡᠬᠦᠳᠦᠨ ᠳ᠋ᠥ ᠤᠷᠤᠰᠤᠨ᠎ᠠ

   ᠲᠦᠯᠦ ᠪᠠᠷ ᠪᠤᠢᠯᠠᠭᠰᠠᠨ ᠭᠠᠬᠴᠠ ᠮᠦᠷᠡᠨ

   ᠡᠬᠦᠳᠡᠨ ᠳ᠋ᠥ ᠱᠤᠤᠭᠢᠨ᠎ᠠ

ᠪᠤᠰᠴᠦ ᠵᠤᠭᠰᠤᠬᠤ ᠳ᠋ᠣᠨᠢ

ᠪᠤᠯᠤᠳ ᠨᠢᠷᠤᠭᠤ ᠭᠡᠳᠡᠢᠨ᠎ᠡ

ᠪᠦᠯᠬᠦᠮᠳᠡᠵᠡᠭᠡᠬᠦ ᠳ᠋ᠣᠨᠢ

ᠲᠡᠮᠦᠷ ᠨᠢᠳᠤᠷᠭ᠎ᠠ ᠬᠠᠳᠠᠭᠤᠷᠠᠨ᠎ᠠ ᠡ ᠁》 ᠭᠡᠮᠡᠬᠦ ᠰᠢᠯᠦᠭ ᠤ᠋ᠨ ᠪᠠᠳᠠᠭ ᠰᠡᠷᠡᠯ ᠳ᠋ᠥ ᠴᠠᠭᠢᠯᠠᠨ ᠪᠠᠭᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面