ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠤᠷᠠᠨ ᠵᠣᠬᠢᠶᠠᠯ

2026-10-21 11:24:46

ᠵᠣᠬᠢᠶᠠᠭ᠍ᠴᠢ᠄ ᠪᠢ᠊·ᠳᠠᠮᠳᠢᠨᠰᠦ᠋ᠷᠦᠩ ᠣᠩᠱᠢᠭ᠍ᠰᠠᠨ ᠣᠳᠠᠭ᠎ᠠ᠄ 3

ᠨᠠᠢᠷᠠᠭᠣᠯᠣᠬᠴᠢ᠎ᠶᠢᠨ ᠦᠭᠡ᠄ 10 ᠰᠠᠷ᠎ᠠ᠎ᠶᠢᠨ 22 ᠤ᠋ᠨ ᠡᠳᠦᠷ ᠪᠣᠯ ᠲᠣᠮᠲᠠᠲᠣ ᠣᠯᠣᠰ᠎ᠤᠨ ᠠᠵᠢᠯᠴᠢᠨ ᠲᠠᠷᠢᠶᠠᠴᠢᠨ᠎ᠤ ᠣᠯᠠᠭᠠᠨ ᠴᠡᠷᠢᠭ᠎ᠤᠨ ᠣᠷᠲᠣ ᠵᠠᠮ᠎ᠤᠨ ᠠᠶᠠᠨ ᠲᠠᠢᠨ ᠢᠯᠠᠯᠲᠠ ᠣᠯᠣᠬᠰᠠᠨ 90 ᠵᠢᠯ᠎ᠤᠨ ᠣᠢ ᠪᠣᠯᠣᠨ᠎ᠠ᠃ 《ᠣᠯᠠᠭᠠᠨ ᠴᠡᠷᠢᠭ ᠠᠶᠠᠨ ᠲᠠᠢᠨ᠎ᠤ ᠪᠡᠷᠬᠡᠰᠢᠶᠡᠯ ᠡᠴᠡ ᠠᠶᠣᠬᠣ ᠦᠭᠡᠢ᠂ ᠠᠭᠣᠯᠠ ᠣᠰᠣᠨ᠎ᠤ ᠲᠦᠮᠡᠨ ᠪᠠᠷᠲᠠᠭ᠎ᠠ᠎ᠶᠢ ᠠᠵᠢᠬ ᠦᠭᠡᠢ ᠲᠣᠭᠣᠯᠣᠮᠣᠢ》 ᠭᠡᠵᠦ ᠠᠭᠣᠣ ᠬᠦᠮᠦᠨ᠎ᠤ ᠰᠢᠯᠦᠭᠯᠡᠭᠰᠡᠨ ᠰᠢᠭ ᠶ᠋ᠢᠡᠷ᠂ ᠦᠪᠡᠷ᠎ᠢ ᠪᠠᠨ ᠦᠷᠡᠭᠲᠡᠬᠦᠯᠵᠦ ᠰᠢᠷᠭᠠᠭᠣ ᠬᠠᠲᠠᠭᠣᠵᠢᠯᠲᠠᠢ ᠲᠡᠮᠡᠴᠡᠬᠦ ᠣᠷᠲᠣ ᠵᠠᠮ᠎ᠤᠨ ᠠᠶᠠᠨ ᠲᠠᠢᠨ᠎ᠤ ᠵᠣᠷᠢᠬ ᠰᠠᠨᠠᠭ᠎ᠠ ᠣᠨ ᠵᠢᠯ᠎ᠤᠨ ᠣᠷᠲᠣ᠎ᠶᠢ ᠲᠣᠭᠣᠯᠣᠨ ᠦᠶ᠎ᠡ ᠦᠶ᠎ᠡ᠎ᠶᠢᠨ ᠬᠦᠮᠦᠰ᠎ᠢ ᠵᠣᠷᠢᠬᠵᠢᠭᠣᠯᠣᠬᠰᠠᠭᠠᠷ᠃ ᠤᠷᠳᠤ ᠵᠠᠮ᠎ᠤᠨ ᠠᠶᠠᠨ ᠲᠠᠢᠨ᠎ᠤ ᠵᠤᠷᠢᠭ ᠰᠠᠨᠠᠭ᠎ᠠ ᠵᠢ ᠦᠷᠬᠦᠯᠵᠢᠯᠡᠨ ᠪᠠᠳᠠᠷᠠᠭᠤᠯᠵᠦ᠂ ᠰᠡᠷᠭᠦᠨ ᠮᠠᠨᠳᠤᠯᠳᠠ ᠵᠢᠨ ᠠᠶᠠᠨ᠎ᠳᠤ ᠡᠷᠡᠯᠬᠡᠭᠯᠡᠨ ᠤᠷᠤᠭᠰᠢᠯᠠᠵᠦ᠂ ᠰᠢᠨ᠎ᠠ ᠴᠠᠭ ᠦᠶ᠎ᠡ ᠵᠢᠨ ᠵᠠᠯᠠᠭᠤ ᠨᠠᠰᠤᠨ᠎ᠤ ᠤᠷᠳᠤ ᠵᠠᠮ᠎ᠤᠨ ᠠᠶᠠᠨ ᠲᠠᠢᠨ᠎ᠤ ᠲᠦᠷᠦᠭᠡ ᠵᠢ ᠴᠢᠩᠭᠠᠯᠠᠬᠤ ᠵᠢ ᠵᠤᠷᠢᠵᠦ᠂ 《ᠲᠠᠯ᠎ᠠ᠎ᠶᠢᠨ ᠲᠣᠶᠠᠭ᠎ᠠ》 ᠣᠷᠠᠨ ᠵᠣᠬᠢᠶᠠᠯ᠎ᠤᠨ ᠬᠡᠪᠯᠡᠯ ᠣᠷᠲᠣ ᠵᠠᠮ᠎ᠤᠨ ᠠᠶᠠᠨ ᠲᠠᠢᠨ᠎ᠤ ᠢᠯᠠᠯᠲᠠ ᠣᠯᠣᠬᠰᠠᠨ 90 ᠵᠢᠯ᠎ᠤᠨ ᠣᠢ᠎ᠶᠢ ᠲᠤᠷᠠᠰᠬᠠᠨ ᠲᠡᠮᠳᠡᠭᠯᠡᠭᠰᠡᠨ ᠲᠣᠰᠬᠠᠢ᠎ᠳᠤᠭᠠᠷ ᠪᠡᠯᠡᠳᠭᠡᠯ᠎ᠡ᠃ ᠲᠠ ᠪᠦᠬᠦᠨ ᠲᠠᠭᠠᠯᠠᠨ ᠰᠣᠨᠢᠷᠬᠠᠮᠣ!



ᠪᠠᠷᠠᠭᠠᠨ ᠡᠭᠦᠯᠡᠰ ᠳᠠᠪᠬᠤᠷᠯᠠᠨ ᠨᠡᠳᠦᠢᠵᠦ

ᠪᠠᠷᠴᠢᠳ ᠪᠦᠬᠦᠨ ᠵᠠᠮ ᠬᠦᠨᠳᠡᠯᠢᠰᠴᠦ

ᠳᠠᠢᠰᠤᠨ ᠤ᠋ ᠪᠦᠰᠡᠯᠡᠯᠲᠡ ᠬᠦᠮᠦᠰᠭᠡ ᠰᠢᠲᠠᠭᠠᠮ᠎ᠠ ᠭᠱᠠᠨ ᠳ᠋ᠥ

ᠳᠠᠢᠴᠢᠨ ᠤᠯᠠᠭᠠᠨ ᠲᠤᠭ ᠵᠠᠮ ᠵᠢᠭᠠᠭᠰᠠᠨ ᠶᠤᠮ


ᠬᠤᠶᠠᠷ ᠲᠦᠮᠡ ᠲᠠᠪᠤᠨ ᠮᠢᠩᠭᠠᠨ ᠭᠠᠵᠠᠷ ᠠᠶᠠᠯᠠᠵᠤ

ᠬᠤᠷᠢᠨ ᠲᠦᠷᠪᠡᠨ ᠭᠤᠤᠯ ᠮᠦᠷᠡᠨ᠎ᠢ ᠭᠠᠳᠤᠯᠵᠦ

ᠬᠠᠬᠢᠷ ᠬᠦᠢᠳᠡᠨ ᠴᠠᠰᠤᠳᠤ ᠠᠭᠤᠯᠠ ᠵᠢ ᠲᠠᠪᠠᠵᠦ

ᠬᠠᠳᠠᠭᠤ ᠪᠡᠷᠬᠡᠰᠢᠶᠡᠯᠳᠤ ᠨᠠᠮᠤᠭ ᠲᠠᠯ᠎ᠠ ᠵᠢ ᠲᠤᠭᠤᠯᠵᠦ


ᠬᠦᠨᠳᠡᠯᠡᠨ ᠭᠤᠯᠳᠤ ᠠᠷᠪᠠᠨ ᠲᠦᠷᠪᠡᠨ ᠮᠤᠵᠢ ᠶ᠋ᠢ ᠲᠤᠭᠤᠯᠵᠤ

ᠬᠦᠨᠳᠦ ᠪᠡᠷᠬᠡᠰᠢᠶᠡᠯ ᠲᠠᠢ ᠳᠠᠢᠨ ᠢ᠋ ᠵᠢᠷᠭᠤᠭᠠᠨ ᠵᠠᠭᠤ ᠭᠠᠷᠤᠢ ᠬᠢᠵᠦ

ᠡᠪᠡᠰᠦᠨ ᠱᠠᠬᠠᠢ᠂ ᠲᠠᠩ ᠬᠤᠪᠴᠠᠰᠤ ᠪᠠᠷ

ᠡᠳᠦᠷ ᠰᠦᠨᠢ ᠢᠯᠭᠠᠯ ᠦᠭᠡᠢ ᠬᠤᠶᠠᠷ ᠵᠢᠯ ᠢ᠋ ᠦᠩᠭᠡᠷᠡᠭᠦᠯᠦᠭᠰᠡᠨ ᠶᠤᠮ


ᠰᠢᠶᠠᠩᠵᠢᠶᠠᠩ ᠮᠦᠷᠡᠨ ᠳ᠋ᠥ ᠴᠢᠰᠤ ᠤᠷᠤᠰᠬᠠᠨ ᠪᠠᠢᠯᠲᠣᠵᠦ

ᠼᠦᠨ  ᠢ ᠶ᠋ᠢᠨ ᠠᠭᠤᠤ ᠶᠡᠬᠡ ᠬᠤᠷᠠᠯ ᠢ᠋ ᠬᠤᠷᠠᠯᠳᠤᠵᠤ

ᠵᠢᠨ ᠱᠠ ᠵᠢᠶᠠᠩ ᠮᠦᠷᠡᠨ ᠢ᠋ ᠤᠷᠠᠨ ᠠᠷᠭ᠎ᠠ ᠪᠠᠷ ᠭᠡᠲᠦᠯᠵᠦ

ᠳᠠ ᠳᠦ ᠾᠧ ᠭᠤᠤᠯ ᠤ᠋ᠨ ᠬᠦᠭᠦᠷᠭᠡ ᠪᠠᠷ ᠡᠷᠡᠯᠭᠡᠭᠯᠡᠨ ᠣᠷᠣᠬᠰᠢᠯᠠᠬᠰᠠᠨ ᠶᠤᠮ


ᠯᠠ ᠽᠢ ᠺᠧᠦ ᠪᠠᠷ ᠱᠠᠨᠰᠢ ᠭᠠᠨᠰᠤ ᠳ᠋ᠥ ᠨᠡᠪᠲᠡᠷᠡᠵᠦ

ᠯᠧᠦ ᠱᠠᠨ ᠭᠤᠸᠠᠨ ᠢ᠋ᠶ᠋ᠠᠷ ᠲᠡᠦᠬᠡᠲᠦ ᠡᠷᠭᠢᠯᠲᠡ ᠶ᠋ᠢᠨ ᠬᠦᠰᠢᠭᠡ ᠢᠷᠡᠵᠦ

ᠯᠢᠦ ᠫᠠᠨ ᠱᠠᠨ ᠢ᠋ᠶ᠋ᠠᠷ ᠤᠮᠠᠷᠠᠰᠢᠯᠠᠬᠤ ᠢᠯᠠᠯᠲᠠ ᠶ᠋ᠢᠨ ᠵᠠᠮ ᠢ᠋ ᠳᠡᠪᠢᠰᠴᠦ

ᡂᠢ ᠱᠦᠢ ᠭᠤᠤᠯ ᠢ᠋ ᠳᠦᠷᠪᠡᠨᠲᠡ ᠭᠠᠲᠤᠯᠤᠭᠰᠠᠨ ᠶᠤᠮ


ᠢᠯᠠᠭᠣᠬᠰᠠᠨ ᠠᠮᠵᠢᠯᠳᠠ ᠪᠠᠷ ᠬᠤᠪᠢᠰᠬᠠᠯ᠎ᠤᠨ ᠭᠤᠯᠤᠮᠳᠠ ᠵᠢ ᠪᠠᠳᠠᠷᠠᠭᠠᠵᠦ

ᠢᠲᠡᠭᠡᠯ ᠪᠢᠰᠢᠷᠡᠯ ᠪᠠ ᠬᠦᠰᠡᠯᠡᠩ ᠢ᠋ᠶ᠋ᠠᠨ ᠪᠠᠲᠤᠳᠬᠠᠪᠠ

ᠦᠷᠡᠭᠳᠡᠯ ᠰᠦᠢᠳᠦᠯ ᠠ᠋ᠴᠠ ᠦᠯᠦ ᠰᠦᠷᠲᠡᠨ ᠪᠡᠷᠬᠡᠰᠢᠶᠡᠯ ᠢ᠋ ᠲᠠᠪᠠᠵᠦ

ᠦᠢ ᠲᠦᠮᠡᠨ ᠠᠷᠠᠳ ᠡᠷᠬᠡ ᠮᠡᠳᠡᠵᠦ ᠡᠵᠡᠨ ᠰᠠᠭᠤᠬᠤ ᠵᠢ ᠪᠠᠳᠤᠯᠠᠪᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面