2026-11-04 11:36:16
ᠨᠠᠢᠷᠠᠭᠣᠯᠣᠬᠴᠢᠶᠢᠨ ᠦᠭᠡ᠄ ᠬᠦᠮᠦᠨ ᠤ ᠬᠣᠷᠸᠠᠶᠢᠨ ᠪᠦᠬᠦᠢᠯᠡ ᠦᠢᠯᠡ ᠠᠵᠢᠯᠯᠠᠭᠠᠶᠢ ᠠᠮᠢᠲᠣᠷᠠᠯ ᠭᠡᠬᠦ ᠭᠠᠬᠴᠠ ᠦᠭᠡᠨ ᠳ᠋ᠦ ᠬᠣᠷᠢᠶᠠᠩᠭᠣᠢᠯᠠᠵᠦ ᠪᠣᠯᠬᠣ ᠠᠲᠠᠯᠠ ᠲᠡᠷᠡ ᠣᠯᠠᠨ ᠰᠠᠯᠠᠭᠠ ᠵᠦᠷᠢᠭ᠂ ᠠᠶᠠᠯᠠᠯ ᠲᠡᠮᠡᠦᠯᠦᠯᠤᠨ ᠠᠯᠬᠣᠮ ᠪᠦᠷᠢ ᠨᠢ ᠶᠠᠷᠢᠵᠦ ᠪᠢᠴᠢᠭᠡᠳ ᠲᠠᠭᠣᠰᠣᠰᠢ ᠦᠭᠡᠢ ᠣᠶᠠᠩᠭᠠ ᠨᠠᠢᠷᠠᠬ᠂ ᠦᠯᠢᠭᠡᠷ ᠲᠣᠮᠣᠬ ᠭᠡᠯᠲᠡᠢ᠃ 《ᠠᠮᠢᠲᠣᠷᠠᠯ ᠭᠡᠲᠡᠭ ᠠᠰᠠᠭᠣᠯᠲᠠ ᠶᠣᠮ᠂ ᠠᠯᠬᠣᠮ ᠪᠦᠷᠢ ᠨᠢ ᠬᠠᠷᠢᠭᠣᠯᠲᠠ ᠶᠣᠮ》 ᠭᠡᠲᠡᠭᠴᠢᠯᠡᠨ ᠪᠢᠳᠡᠨᠤ ᠦᠵᠡᠵᠦ ᠰᠣᠨᠣᠰᠣᠬᠰᠠᠨ᠂ ᠦᠩᠭᠡᠷᠡᠬᠦᠯᠵᠦ ᠲᠣᠭᠣᠯᠣᠬᠰᠠᠨ᠂ ᠣᠬᠠᠵᠦ ᠰᠡᠳᠬᠢᠭᠰᠡᠨ ᠵᠦᠢᠯ ᠪᠦᠬᠦᠨ ᠡᠭᠡᠯ ᠪᠣᠷᠣ ᠠᠮᠢᠲᠣᠷᠠᠯᠤᠨ ᠮᠠᠨᠢ ᠦᠩᠭᠡ ᠴᠢᠮᠡᠭ᠂ ᠦᠨᠦᠷ ᠠᠮᠲᠠ᠂ ᠦᠨᠡᠳᠦ ᠦᠪ ᠪᠣᠶᠣ᠃ ᠡᠢᠨᠬᠦ ᠦᠩᠭᠡ᠂ ᠦᠨᠦᠷ᠂ ᠠᠮᠲᠠᠶᠢ ᠨᠢ ᠡᠪᠯᠡᠬᠦᠯᠵᠦ ᠨᠠᠢᠷᠠᠬᠰᠠᠨ 《ᠠᠮᠢᠲᠣᠷᠠᠯᠤᠨ ᠴᠢᠮᠡᠭ》 ᠰᠢᠷᠢᠰ ᠣᠷᠠᠨ ᠪᠦᠲᠦᠭᠡᠯ ᠶ᠋ᠢᠡᠨ ᠣᠩᠰᠢᠬᠴᠢ ᠣᠯᠠᠨ ᠤ ᠭᠡᠭᠡᠨ ᠮᠠᠯᠮᠡᠢ ᠳ᠋ᠤ ᠲᠣᠯᠢᠯᠠᠭᠣᠯᠵᠦ ᠪᠠᠢᠨᠠ᠃ ᠲᠠ ᠪᠦᠬᠦᠨ ᠲᠠᠭᠠᠯᠠᠨ ᠰᠣᠨᠢᠷᠬᠠᠮᠣ!
ᠬᠡᠷᠢᠶᠡᠶᠢᠨ ᠶᠢᠷᠲᠢᠨᠴᠦ ᠳ᠋ᠦ ᠬᠣᠨ ᠪᠣᠷᠣᠭᠣ ᠲᠠᠢ ᠭᠡᠯᠴᠡᠲᠡᠭ᠃ ᠦᠩᠭᠡ ᠵᠢᠰᠦ ᠡᠲᠡᠭᠡᠳ ᠦᠪᠡᠷᠦᠮᠰᠡᠭ ᠡᠴᠡ ᠪᠣᠯᠣᠭᠠᠳ ᠲᠡᠷᠡ ᠪᠢᠵᠠ᠃ ᠦᠩᠭᠡᠲᠦ ᠬᠣᠷᠸᠠ ᠶᠣᠮ ᠬᠣᠢᠨᠠ ᠦᠩᠭᠡᠶᠢ ᠦᠬᠦᠯᠡᠵᠦ ᠶᠠᠷᠢᠬᠣ ᠨᠢ ᠴᠦ᠍ ᠲᠦᠮᠡᠨ ᠵᠦᠪ᠃ ᠦᠭᠡᠷᠡᠶᠢ ᠬᠡᠯᠡᠬᠦ ᠦᠭᠡᠢ᠂ ᠬᠠᠷᠠ ᠦᠰᠦᠨ ᠳ᠋ᠦ ᠣᠨᠠᠬᠰᠠᠨ ᠬᠢᠷᠠᠭᠣ ᠭᠡᠮᠡᠷ ᠬᠡᠲᠦᠨ ᠰᠢᠷᠬᠡᠭ ᠴᠠᠭᠠᠨ ᠦᠰᠦ ᠮᠠᠨᠢ ᠲᠠᠩᠲᠡ ᠭᠣᠨᠢᠬ ᠪᠣᠯᠵᠦ ᠣᠩᠰᠢᠬᠲᠠᠨᠠ᠃ ᠬᠣᠷᠸᠠᠶᠢᠨ ᠵᠢᠮᠡ ᠪᠡᠷ ᠬᠠᠯᠠᠭᠣᠨ ᠵᠠᠯᠠᠭᠣ ᠨᠠᠰᠣ ᠮᠢᠨᠢ ᠬᠠᠷᠢᠵᠦ ᠪᠣᠢᠶᠢ ᠲᠡᠷᠡ ᠬᠡᠲᠦᠨ ᠰᠢᠷᠬᠡᠭ ᠦᠰᠦ ᠯᠡ ᠴᠠᠬ ᠢᠮᠠᠬᠲᠠ ᠰᠠᠨᠠᠭᠣᠯᠵᠦ ᠰᠢᠪᠡᠨᠡᠬᠦ ᠮᠡᠲᠦ᠃ ᠶᠠᠭᠠᠬᠢᠬᠣ ᠪᠣᠢ᠂ ᠦᠭᠲᠡᠭᠡᠬᠦᠤᠤ᠂ ᠡᠰᠡᠬᠦᠯᠡ ᠪᠣᠲᠣᠬᠣᠤᠤ ᠭᠡᠵᠦ ᠣᠯᠠᠨ ᠣᠲᠠᠭᠠ ᠡᠷᠡᠭᠡᠯᠵᠡᠵᠦ ᠪᠣᠲᠣᠯ ᠪᠣᠯᠵᠦ ᠦᠩᠭᠡᠷᠡᠪᠡ᠃ ᠨᠠᠰᠣᠨᠤ ᠡᠷᠬᠡ ᠪᠡᠷ ᠣᠷᠭᠣᠵᠦ᠂ ᠨᠠᠷᠡᠢᠲᠦᠯ ᠣᠳᠬᠠ ᠨᠢ ᠬᠦᠷᠲᠡᠯᠡ ᠢᠵᠢᠯᠭᠡᠨ ᠪᠠᠢᠲᠠᠬ ᠠᠲᠠᠯᠠ ᠦᠩᠭᠡᠶᠢᠨ ᠠᠲᠠᠯᠢ ᠪᠣᠰᠣ ᠡᠴᠡ ᠪᠣᠯᠵᠦ ᠦᠰᠦᠳ ᠦᠭᠡᠷᠡ ᠪᠡᠷ ᠬᠠᠨᠲᠣᠬᠣ ᠨᠢ ᠶᠠᠮᠠᠷ ᠰᠣᠨᠢᠷᠬᠠᠯᠲᠠᠢ ᠭᠡᠵᠢ⁈
ᠦᠩᠭᠡ ᠭᠡᠵᠦ ᠶᠠᠭᠣᠮᠠ ᠦᠵᠡᠭᠲᠡᠯᠤᠨ ᠭᠠᠲᠠᠭᠠᠲᠣ ᠴᠢᠨᠠᠷ ᠪᠢᠯᠡ᠃ ᠲᠡᠭᠡᠬᠦ ᠳ᠋ᠡᠭᠡᠨ ᠪᠢᠳᠡ ᠦᠩᠭᠡᠶᠢ ᠭᠠᠵᠠᠷ ᠪᠣᠯᠭᠠᠨ ᠡᠴᠡ ᠬᠠᠷᠠᠵᠦ ᠣᠩᠰᠢᠲᠠᠬ᠃ ᠬᠦᠮᠦᠨ ᠶᠠᠭᠣᠮᠠᠶᠢᠨ ᠦᠩᠭᠡ ᠲᠦᠷᠬᠦ ᠨᠢ ᠡᠩ ᠲᠡᠷᠢᠬᠦᠨ ᠳ᠋ᠦ ᠬᠦᠮᠦᠰᠤᠨ ᠬᠠᠷᠠᠭᠠᠨ ᠳ᠋ᠦ ᠲᠣᠰᠬᠣ ᠪᠦᠭᠡᠳ ᠵᠠᠯᠭᠠᠭᠠᠳ ᠬᠡᠯᠪᠡᠷᠢ ᠲᠦᠷᠰᠦ᠂ ᠬᠢᠴᠡ ᠪᠦᠲᠦᠴᠡ᠂ ᠦᠨᠳᠦᠷ ᠪᠣᠭᠣᠨᠢ ᠭᠡᠬᠦᠴᠢᠯᠡᠨ ᠣᠨᠴᠠᠯᠢᠬ ᠰᠢᠨᠵᠢᠶᠢ ᠨᠢ ᠠᠵᠢᠬᠯᠠᠨ ᠲᠣᠬᠲᠠᠭᠠᠬᠣ ᠬᠡᠪᠰᠢᠯ ᠵᠢᠷᠣᠮ ᠲᠠᠢ ᠶᠣᠮ᠃ ᠰᠠᠨᠰᠠᠷ ᠡᠴᠡ ᠬᠠᠷᠠᠬᠣ ᠳ᠋ᠦ ᠪᠢᠳᠡᠨᠤ ᠣᠷᠣᠰᠢᠨ ᠠᠮᠢᠲᠣᠷᠠᠬᠣ ᠲᠡᠯᠡᠬᠡᠢᠶᠢᠨ ᠪᠦᠮᠪᠦᠷᠴᠡᠭ ᠪᠣᠯ ᠬᠦᠬᠡ ᠴᠠᠭᠠᠨ ᠵᠣᠷᠪᠣᠰ ᠰᠦᠯᠵᠢᠯᠲᠦᠭᠰᠡᠨ ᠪᠣᠯᠣᠷ ᠲᠣᠩᠭᠠᠯᠠᠬ ᠪᠦᠮᠪᠦᠷᠴᠡᠭ ᠪᠣᠯᠵᠦ ᠬᠠᠷᠠᠭᠲᠠᠨᠠ ᠭᠡᠲᠡᠭ᠃ ᠬᠦᠬᠡ ᠣᠬᠲᠠᠷᠭᠣᠢ ᠴᠡᠯᠡᠢᠨ᠂ ᠬᠦᠪᠦᠩ ᠴᠠᠭᠠᠨ ᠡᠬᠦᠯᠡᠰ ᠬᠦᠪᠦᠯᠵᠡᠵᠦ᠂ ᠬᠦᠲᠡᠭᠡ ᠲᠠᠯᠠ ᠨᠢ ᠡᠩ ᠳ᠋ᠡᠭᠡᠨ ᠨᠣᠮᠢᠨ ᠨᠣᠭᠣᠭᠠᠨ ᠦᠩᠭᠡ ᠲᠠᠢ ᠡᠢᠮᠦᠷᠬᠦᠦ ᠪᠦᠮᠪᠦᠷᠴᠡᠭ ᠲᠦ᠍ ᠠᠵᠦ ᠲᠦᠷᠦᠵᠦ ᠪᠠᠢᠨᠠ ᠭᠡᠵᠦ ᠪᠣᠲᠣᠬᠣ ᠡᠴᠡ ᠵᠢᠷᠦᠬᠡᠨᠤ ᠣᠬ ᠡᠴᠡ ᠵᠢᠷᠭᠠᠯ ᠪᠠᠶᠠᠷ ᠣᠨᠲᠣᠷᠣᠨᠠ᠃ ᠰᠢᠨᠡ ᠨᠢᠭᠡ ᠵᠢᠯᠤᠨ ᠡᠬᠢᠯᠡᠯᠢ ᠦᠩᠭᠡ ᠪᠡᠷ ᠲᠣᠲᠣᠳᠬᠠᠵᠦ ᠦᠯᠵᠡᠢᠲᠦ ᠴᠠᠭᠠᠨ ᠰᠠᠷᠠ ᠬᠡᠮᠡᠨᠡ᠃ ᠡᠪᠦᠭᠡᠳ ᠬᠦᠭᠰᠢᠳ ᠪᠠᠰᠠ ᠴᠠᠭᠠᠨ ᠰᠠᠷᠠᠶᠢᠨ ᠰᠢᠨᠡᠶᠢᠨ ᠨᠢᠭᠡᠨᠤ ᠡᠳᠦᠷᠤᠨ ᠠᠭᠣᠷ ᠠᠮᠢᠰᠬᠣᠯ᠂ ᠡᠰᠢ ᠡᠷᠬᠡᠲᠡᠨᠤ ᠲᠣᠬᠢᠶᠠᠯᠲᠣᠯ ᠶ᠋ᠢᠡᠷ ᠨᠢᠭᠡ ᠵᠢᠯᠤᠨ ᠠᠮᠣ ᠲᠠᠷᠢᠶᠠ᠂ ᠠᠲᠣᠭᠣ ᠮᠠᠯᠤᠨ ᠦᠰᠦᠯᠲᠡ ᠣᠨᠲᠣᠷᠣᠯᠲᠠᠶᠢ ᠪᠡᠯᠭᠡᠰᠢᠶᠡᠵᠦ᠂ ᠵᠢᠯᠤᠨ ᠦᠩᠭᠡ ᠰᠢᠨᠵᠢᠲᠡᠭ ᠶᠣᠮ᠃ ᠲᠡᠬᠦᠨ ᠡᠴᠡ ᠴᠢᠨᠠᠬᠰᠢ ᠦᠭᠰᠦᠭᠡᠯᠡᠵᠦ᠂ ᠨᠣᠭᠣᠭᠠᠨ ᠵᠣᠨ᠂ ᠠᠯᠲᠠᠨ ᠨᠠᠮᠣᠷ᠂ ᠮᠦᠩᠬᠦᠨ ᠡᠪᠦᠯ ᠭᠡᠵᠦ ᠲᠦᠷᠪᠡᠨ ᠣᠯᠠᠷᠢᠯ 《ᠦᠪᠡᠷ ᠦᠪᠡᠷᠤᠨ ᠦᠩᠭᠡ ᠪᠡᠷ ᠶ᠋ᠢᠡᠨ ᠡᠭᠡᠰᠢᠭᠯᠡᠵᠦ》 ᠦᠯᠢᠭᠡᠷ ᠬᠦᠣᠷᠨᠢᠵᠦ ᠦᠵᠡᠰᠬᠦᠯᠡᠩ ᠶ᠋ᠢᠡᠨ ᠭᠠᠢᠬᠠᠭᠣᠯᠲᠠᠬ᠃ ᠬᠠᠪᠣᠷ ᠵᠣᠨ ᠨᠠᠮᠣᠷ ᠡᠪᠦᠯ ᠭᠡᠮᠡᠬᠦ ᠪᠠᠢᠭᠠᠯᠢᠶᠢᠨ ᠣᠷᠴᠢᠯ᠂ ᠣᠯᠠᠷᠢᠯᠤᠨ ᠦᠩᠭᠡ ᠨᠢ ᠮᠠᠩᠨᠠᠢ ᠳ᠋ᠦ ᠰᠢᠩᠭᠡᠵᠦ ᠦᠷᠴᠢᠯᠡᠭᠡᠰᠦ ᠠᠲᠣᠷᠢᠶᠠ ᠪᠣᠯᠵᠦ ᠲᠣᠲᠣᠷᠠᠨᠠ᠃ ᠦᠷᠴᠢᠯᠡᠭᠡᠰᠦ ᠪᠣᠯᠭᠠᠨ ᠨᠢ ᠦᠩᠭᠡᠷᠡᠵᠦ ᠣᠲᠣᠬᠰᠠᠨ ᠤᠨ ᠵᠢᠯᠤᠨ ᠮᠦᠷᠢ ᠬᠠᠲᠠᠭᠠᠯᠠᠬᠰᠠᠨ ᠪᠣᠯᠬᠣᠷ ᠴᠢᠮᠡᠯᠡᠵᠦ ᠪᠣᠯᠣᠰᠢ ᠦᠭᠡᠢ ᠨᠠᠰᠣᠨᠤ ᠦᠩᠭᠡ ᠪᠠᠢᠵᠦ ᠲᠠᠭᠠᠷᠠᠨᠠ᠃ ᠠᠯᠲᠠᠬᠣ ᠲᠣᠰᠣᠮ ᠣᠬᠠᠭᠠᠵᠢᠵᠦ᠂ ᠦᠲᠡᠯᠬᠦ ᠲᠣᠰᠣᠮ ᠬᠠᠰᠢᠷᠵᠢᠲᠠᠬᠢ ᠪᠠᠰᠠ ᠠᠮᠢᠲᠣᠷᠠᠯᠤᠨ ᠦᠩᠭᠡ ᠭᠡᠵᠦ ᠣᠢᠯᠠᠭᠠᠲᠠᠬ ᠪᠢᠯᠢᠦ ᠳ᠋ᠠ⁈
ᠬᠡᠦᠬᠡᠳ ᠨᠠᠰᠣᠨᠤ ᠣᠢ ᠲᠣᠷᠠᠰᠣᠮᠵᠢ ᠳ᠋ᠦ ᠬᠦᠬᠡ ᠦᠮᠦᠲᠦ ᠴᠠᠭᠠᠨ ᠬᠠᠨᠲᠠᠭᠠᠵᠠ ᠦᠩᠭᠡ ᠢᠯᠭᠠᠷᠠᠵᠦ ᠲᠡᠷᠪᠡᠨᠡ᠃ ᠣᠯᠠᠭᠠᠨ ᠪᠦᠴᠡᠶᠢ ᠪᠣᠯ ᠣᠨᠴᠠ ᠰᠣᠷᠲᠠᠬ ᠬᠡᠦᠬᠡᠳ ᠰᠠᠶᠢ ᠣᠷᠢᠳ ᠶ᠋ᠢᠡᠷ ᠵᠡᠬᠦᠵᠦ ᠱᠠᠬᠰᠢᠭᠣᠯᠲᠠᠬ ᠶᠣᠮᠰᠠᠨ᠃ ᠲᠡᠷᠡ ᠦᠶᠡᠶᠢᠨ ᠲᠠᠮᠢᠷᠤᠨ ᠲᠠᠯᠠᠪᠠᠢ ᠳ᠋ᠦ ᠢᠵᠢᠯᠭᠡᠨ ᠦᠩᠭᠡᠶᠢᠨ ᠬᠣᠪᠴᠠᠰᠣ ᠪᠡᠷ ᠭᠣᠶᠣᠯᠠᠵᠦ ᠣᠷᠠᠢ ᠬᠠᠰᠬᠢᠷᠣᠨ ᠦᠩᠭᠡᠷᠡᠬᠦ ᠪᠠᠭᠠᠴᠣᠳᠤᠨ ᠡᠩᠨᠡᠭᠡ ᠢᠲᠡᠷᠡᠬᠦᠨ ᠪᠦᠭᠡᠳ ᠵᠢᠪᠬᠣᠯᠠᠩᠲᠠᠢ᠃ ᠬᠦᠭᠡᠷᠦᠬᠦᠢ᠂ ᠬᠦᠲᠡᠭᠡᠶᠢᠨ ᠬᠡᠦᠬᠡᠳ ᠲᠦ᠍ ᠬᠦᠷᠲᠡᠯᠡ ᠴᠠᠬ ᠬᠣᠭᠣᠴᠠᠭᠠ ᠢᠩᠬᠢᠵᠦ ᠦᠩᠭᠡ ᠲᠦᠷᠬᠦ ᠪᠠᠨ ᠦᠯᠡᠲᠡᠭᠡᠲᠡᠭ ᠠᠵᠢ᠃
《ᠠᠯᠢᠪᠠ ᠶᠠᠭᠣᠮᠠᠨᠤ ᠵᠢᠰᠦᠶᠢ ᠦᠩᠭᠡ ᠬᠡᠮᠡᠮᠦᠢ》 ᠭᠡᠵᠦ 《ᠬᠣᠷᠢᠨ ᠨᠢᠭᠡᠲᠦ ᠲᠠᠢᠯᠪᠣᠷᠢ ᠲᠣᠯᠢ》 ᠳ᠋ᠦ ᠲᠠᠢᠯᠪᠣᠷᠢᠯᠠᠬᠰᠠᠨ ᠨᠢ ᠪᠣᠢ᠃ ᠣᠯᠠᠭᠠᠨ᠂ ᠨᠣᠭᠣᠭᠠᠨ᠂ ᠬᠦᠬᠡ᠂ ᠰᠢᠷᠠ᠂ ᠴᠠᠭᠠᠨ ᠁ ᠭᠡᠬᠦᠴᠢᠯᠡᠨ ᠦᠩᠭᠡᠶᠢ ᠠᠲᠠᠯᠢ ᠪᠣᠰᠣ ᠲᠦᠷᠦᠯ ᠳ᠋ᠦ᠍ ᠠᠩᠬᠢᠯᠠᠵᠦ ᠪᠣᠯᠬᠣ ᠪᠦᠭᠡᠳ ᠶᠢᠷᠲᠢᠨᠴᠦᠶᠢᠨ ᠲᠣᠭᠣᠰᠣ ᠬᠦᠲᠡᠯᠭᠡᠨ ᠠᠮᠢ ᠵᠢᠭᠣᠬᠣ ᠠᠮᠢᠲᠠᠨ ᠭᠣᠣᠯᠲᠠᠨ ᠡᠴᠡ ᠡᠬᠢᠯᠡᠭᠡᠳ ᠡᠭᠡᠯᠵᠢᠯᠡᠬᠦ ᠲᠦᠷᠪᠡᠨ ᠣᠯᠠᠷᠢᠯ ᠬᠦᠷᠲᠡᠯᠡ ᠣᠷᠴᠢᠨ ᠲᠣᠭᠣᠷᠢᠨ ᠲᠠᠢ ᠪᠠᠨ ᠡᠪᠯᠡᠨ ᠵᠣᠬᠢᠴᠠᠯᠲᠣᠵᠦ᠂ ᠦᠪᠡᠷ ᠦᠪᠡᠷᠤᠨᠶ᠋ᠢᠡᠨ ᠦᠩᠭᠡ ᠵᠢᠰᠦᠮ᠂ ᠦᠵᠡᠮᠵᠢ ᠪᠣᠲᠣᠬ ᠶ᠋ᠢᠡᠷ ᠢᠯᠭᠠᠷᠠᠲᠠᠬ᠃ ᠲᠡᠷᠡ ᠲᠣᠰᠣᠮ ᠶ᠋ᠢᠡᠨ ᠲᠠᠪᠣᠨ ᠦᠩᠭᠡᠶᠢᠨ ᠢᠲᠡᠭᠡ᠂ ᠲᠠᠪᠣᠨ ᠦᠩᠭᠡ ᠵᠢᠨ ᠬᠠᠳᠠᠭ ᠡᠰᠡᠭᠦᠯᠡ ᠲᠤᠯᠤᠭᠠᠨ ᠦᠩᠭᠡ ᠵᠢᠨ ᠰᠤᠯᠤᠩᠭᠠ ᠁ ᠭᠡᠵᠦ ᠦᠩᠭᠡ ᠲᠠᠢ ᠬᠣᠯᠪᠣᠵᠦ ᠦᠬᠦᠯᠡᠭᠰᠡᠨ ᠵᠦᠢᠯ ᠦᠷᠬᠦᠢ ᠣᠯᠠᠨ᠃ ᠣᠰᠣᠨ ᠣᠷᠣᠰᠬᠠᠯ ᠮᠡᠲᠦ ᠴᠣᠪᠣᠷᠠᠬᠣ ᠬᠣᠲᠠ ᠵᠡᠭᠡᠯᠢᠶᠢᠨ ᠲᠡᠷᠭᠡ ᠬᠦᠰᠭᠡᠶᠢ ᠣᠯᠠᠭᠠᠨ ᠨᠣᠭᠣᠭᠠᠨ ᠦᠩᠭᠡᠶᠢᠨ ᠲᠣᠬᠢᠶᠠᠨ ᠳ᠋ᠸᠩ ᠵᠢᠭᠠᠵᠦ ᠵᠢᠯᠣᠭᠣᠲᠣᠨᠠ᠃ ᠴᠢᠨᠠᠬᠰᠢᠯᠠᠨ ᠣᠷᠣᠰᠢᠨ ᠠᠮᠢᠲᠣᠷᠠᠬᠣ ᠬᠣᠲᠠ ᠰᠠᠭᠣᠷᠢᠨᠶ᠋ᠢᠡᠨ ᠬᠦᠷᠲᠡᠯᠡ ᠮᠠᠨᠠᠢᠬᠢᠨ ᠦᠩᠭᠡ ᠪᠣᠲᠣᠬ ᠶ᠋ᠢᠡᠷ ᠨᠡᠷᠡᠰᠢᠬᠦᠯᠵᠦ ᠲᠠᠭᠣᠲᠠᠬᠣ ᠨᠢ ᠮᠠᠰᠢ ᠰᠣᠨᠢᠷᠬᠠᠯᠲᠠᠢ ᠪᠢᠯᠡ᠃ ᠮᠢᠨᠦᠬᠢ ᠠᠮᠢ ᠵᠢᠭᠣᠵᠦ ᠠᠮᠢᠲᠣᠷᠠᠯ ᠰᠡᠬᠦᠭᠰᠡᠨ ᠬᠣᠲᠠᠶᠢ 《ᠬᠦᠬᠡᠬᠣᠲᠠ》 ᠭᠡᠵᠦ ᠨᠡᠷᠡᠯᠡᠨ ᠲᠠᠭᠣᠲᠠᠬᠣ ᠳ᠋ᠦ ᠮᠠᠨᠠᠢᠬᠢᠨᠤ ᠵᠠᠷᠢᠮ ᠨᠢ ᠪᠠᠰᠠ ᠪᠣᠷᠣᠬᠣᠲᠠ᠂ ᠣᠯᠠᠭᠠᠨᠬᠣᠲᠠ᠂ ᠤᠯᠠᠭᠠᠨᠬᠠᠳᠠ ᠭᠡᠵᠦ ᠠᠲᠠᠯᠢ ᠪᠣᠰᠣᠶᠢᠨ ᠦᠩᠭᠡ ᠪᠡᠷ ᠨᠡᠷᠡᠯᠡᠭᠰᠡᠨ ᠬᠣᠲᠠ ᠪᠠᠯᠭᠠᠳ ᠲᠦ᠍ ᠠᠵᠦ ᠲᠦᠷᠦᠲᠡᠭ᠃ ᠡᠢᠨᠬᠦ ᠨᠡᠷᠡ ᠲᠠᠭᠣᠲᠠᠯᠭᠠ ᠨᠢ ᠬᠦᠷᠲᠡᠯᠡ ᠦᠩᠭᠡ ᠵᠢᠭᠠᠬᠰᠠᠨ ᠦᠢᠮᠡᠭᠡᠨᠲᠦ ᠬᠣᠲᠠ ᠳ᠋ᠦ ᠪᠢᠳᠡ ᠦᠩᠭᠡ ᠲᠠᠢ ᠦᠭᠡᠲᠡ ᠲᠠᠢ ᠶᠠᠪᠣᠬᠣ ᠭᠡᠮᠡᠨ ᠡᠳᠦᠷ ᠡᠳᠦᠷᠤᠨ ᠨᠠᠷᠠᠶᠢ ᠣᠬᠲᠣᠵᠦ ᠵᠢᠳᠬᠦᠬᠦ ᠠᠵᠢᠶᠠᠨᠠᠮ᠃
《ᠦᠩᠭᠡ ᠴᠢᠨᠦ ᠭᠣᠷᠪᠠᠨ ᠬᠠᠪᠣᠷᠤᠨ ᠲᠣᠭᠣᠷᠤᠨ ᠴᠡᠴᠡᠭ ᠮᠡᠲᠦ᠂ ᠦᠨᠦᠷ ᠴᠢᠨᠦ ᠶᠢᠰᠦᠨ ᠨᠠᠮᠣᠷᠤᠨ ᠰᠦᠮᠡᠨ ᠡᠪᠡᠰᠦ ᠠᠲᠠᠯᠢ᠃ ᠦᠰᠦᠶᠢᠨ ᠬᠠᠷᠠ ᠡᠭᠡᠨᠡᠭᠲᠡ ᠪᠡᠬᠡᠰᠤᠨ ᠬᠠᠷᠠᠶᠢ ᠲᠠᠷᠣᠨ ᠴᠢᠲᠠᠭᠠᠳ᠂ ᠦᠨᠡᠨ ᠣᠯᠠᠭᠠᠨ ᠶᠠᠭᠠᠬᠢᠨ ᠲᠡᠬᠦᠨᠤ ᠣᠷᠣᠭᠣᠯᠤᠨ ᠣᠯᠠᠭᠠᠨᠢ ᠬᠦᠢᠴᠡᠮᠦᠢ》 ᠭᠡᠮᠡᠨ ᠲᠡᠷᠲᠡᠭᠡ ᠵᠠᠭᠣᠨᠤ ᠴᠢᠨᠠᠲᠣ ᠪᠢᠴᠢᠭᠰᠡᠨ ᠬᠦᠯᠡᠷᠡᠨᠰᠡᠶᠢᠨ ᠰᠢᠯᠦᠭᠤᠨ ᠪᠠᠲᠠᠬ ᠪᠣᠢ᠃ ᠡᠨᠲᠡ ᠰᠠᠢᠬᠠᠨ ᠭᠡᠬᠦ ᠦᠭᠡᠶᠢ ᠴᠣᠬᠣᠮ ᠭᠠᠬᠴᠠ ᠣᠲᠠᠭᠠ ᠬᠡᠷᠡᠭᠯᠡᠭᠰᠡᠨ ᠦᠭᠡᠢ ᠠᠲᠠᠯᠠ ᠦᠭᠡ ᠦᠰᠦᠭ ᠪᠣᠯᠭᠠᠨᠤ ᠴᠠᠭᠠᠨᠠ ᠦᠵᠡᠰᠬᠦᠯᠡᠩ ᠰᠠᠢᠬᠠᠨᠢ ᠦᠬᠦᠯᠡᠵᠦ ᠪᠠᠬᠠᠲᠣᠬᠰᠠᠨ ᠨᠢ ᠢᠯᠡᠬᠡᠨ᠃ ᠦᠨᠡᠨᠢ ᠦᠵᠡᠰᠬᠦᠯᠡᠩ ᠲᠠᠢ᠂ ᠦᠵᠡᠭᠲᠡᠵᠦ ᠬᠠᠷᠠᠬᠲᠠᠬᠣ ᠦᠩᠭᠡ ᠪᠣᠲᠣᠬ ᠲᠠᠢ᠂ ᠦᠨᠦᠷᠲᠦᠵᠦ ᠰᠡᠩᠬᠢᠨᠡᠬᠦ ᠦᠨᠦᠷ ᠴᠢᠮᠡᠭ ᠲᠠᠢ ᠪᠣᠯᠭᠠᠨ ᠠᠮᠢᠯᠠᠭᠣᠯᠬᠣ ᠭᠡᠵᠦ ᠪᠠᠰᠠ ᠴᠦ᠍ ᠨᠢᠭᠡ ᠶᠣᠰᠣᠨᠤ ᠡᠷᠳᠡᠮ ᠪᠣᠶᠣ᠃
ᠦᠭᠡᠨ ᠳ᠋ᠦ ᠴᠦ᠍ ᠦᠩᠭᠡ ᠪᠣᠢ ᠭᠡᠵᠦ ᠡᠷᠳᠡᠮᠲᠡᠳ ᠰᠡᠴᠡᠯᠡᠳᠡᠭ᠃ ᠣᠬᠣᠴᠢᠯᠠᠵᠦ ᠰᠦᠪᠡᠭᠴᠢᠯᠡᠪᠡᠯ ᠲᠡᠷᠡ ᠨᠢ ᠴᠣᠬᠣᠮ ᠳ᠋ᠠᠭᠠᠨ ᠰᠡᠳᠬᠢᠯᠭᠡᠶᠢᠨ ᠦᠩᠭᠡ ᠪᠣᠯᠬᠣ ᠨᠢ ᠮᠡᠳᠡᠭᠡᠵᠢ᠃ ᠡᠨᠲᠡ ᠵᠢᠭᠠᠬᠰᠠᠨ ᠦᠩᠭᠡ ᠨᠢ ᠲᠣᠲᠣᠭᠠᠲᠣ ᠴᠢᠨᠠᠷ ᠵᠦᠭ ᠰᠢᠯᠵᠢᠵᠦ᠂ ᠦᠯᠦ ᠣᠬᠠᠬᠣ ᠨᠢᠭᠣᠴᠠᠭᠠᠢ ᠪᠣᠯᠣᠬᠰᠠᠨ ᠭᠡᠯᠲᠡᠢ᠃ ᠶᠠᠬ ᠡᠢᠮᠦ ᠡᠴᠡ ᠪᠢᠳᠡ ᠦᠭᠡᠶᠢᠨ ᠦᠩᠭᠡᠶᠢ ᠣᠬᠠᠵᠦ ᠣᠢᠯᠠᠭᠠᠬᠣᠶᠢᠨ ᠲᠣᠰᠠᠲᠠ ᠵᠠᠷᠢᠮ ᠳ᠋ᠠᠭᠠᠨ ᠲᠠᠷᠢᠬᠢ ᠪᠠᠨ ᠭᠠᠰᠢᠯᠲᠠᠯᠠ ᠰᠡᠳᠬᠢᠵᠦ 《ᠦᠭᠡᠶᠢᠨ ᠲᠣᠲᠣᠷᠠᠬᠢ ᠦᠭᠡ᠂ ᠦᠨᠢᠶᠡᠨᠤ ᠲᠣᠲᠣᠷᠠᠬᠢ ᠲᠣᠭᠣᠯ》 ᠢ᠋ ᠡᠷᠢᠵᠦ ᠴᠦᠬᠦᠷᠡᠲᠡᠭ᠃ ᠦᠩᠭᠡ ᠨᠡᠮᠡᠷᠢᠯᠡᠭᠰᠡᠨᠤ ᠣᠴᠢᠷ ᠡᠴᠡ ᠦᠭᠡ ᠨᠢ ᠰᠠᠶᠢ ᠡᠯᠲᠡᠪ ᠶᠠᠩᠵᠦᠶᠢᠨ ᠰᠡᠳᠬᠢᠯᠭᠡᠶᠢ ᠢᠯᠡᠷᠡᠬᠦᠯᠬᠦ ᠪᠣᠯᠵᠦ᠂ ᠣᠴᠢᠷ ᠣᠳᠬᠠ ᠭᠡᠬᠦ ᠣᠬᠠᠬᠲᠠᠬᠣᠨ ᠡᠬᠦᠰᠦᠭᠰᠡᠨ ᠪᠠᠢᠵᠦ ᠮᠠᠭᠠᠳ᠃ ᠦᠭᠡᠶᠢᠨ ᠦᠩᠭᠡ ᠭᠡᠵᠦ ᠣᠳᠬᠠ ᠣᠬᠠᠬᠲᠠᠬᠣᠨᠤ ᠢᠯᠡᠳᠭᠡᠮᠵᠢ ᠪᠣᠯᠬᠣ ᠪᠦᠭᠡᠳ ᠡᠬᠦᠨ ᠳ᠋ᠦ ᠦᠭᠡ ᠦᠰᠦᠭ᠂ ᠦᠢᠯᠡ ᠬᠦᠲᠡᠯᠦᠯ ᠲᠡᠷᠡᠴᠢᠯᠡᠨ ᠠᠶᠠᠯᠭᠣᠶᠢᠨ ᠦᠨᠳᠦᠷ ᠨᠠᠮ᠂ ᠴᠢᠷᠠᠢᠶᠢᠨ ᠬᠣᠪᠢᠷᠠᠯ ᠭᠡᠬᠦᠴᠢᠯᠡᠨ ᠨᠢ ᠪᠦᠷ ᠦᠭᠡᠶᠢᠨ ᠦᠩᠭᠡᠶᠢ ᠲᠣᠰᠠᠯᠠᠵᠦ ᠲᠠᠮᠵᠢᠭᠣᠯᠲᠠᠬ᠃ ᠲᠡᠭᠡᠬᠦ ᠳ᠋ᠡᠭᠡᠨ ᠦᠭᠡᠶᠢᠨ ᠦᠩᠭᠡᠶᠢ ᠮᠡᠳᠡᠬᠦ ᠦᠭᠡᠢ ᠪᠣᠯ ᠴᠣᠬᠣᠮ ᠦᠭᠡᠷᠤᠨ ᠴᠢᠨᠡᠭᠡᠨ ᠦ ᠦᠰᠦᠭᠢ ᠲᠠᠨᠢᠬᠣ ᠦᠭᠡᠢ ᠯᠣᠭᠡ ᠢᠯᠭᠠᠭᠠ ᠪᠠᠢᠬᠣ ᠭᠡᠵᠢᠤᠤ⁈
ᠲᠦᠮᠡᠨ ᠪᠣᠲᠠᠰ ᠬᠠᠮᠲᠣ ᠪᠡᠷ ᠪᠠᠲᠠᠷᠠᠵᠦ ᠮᠢᠩᠭᠠᠨ ᠴᠡᠴᠡᠭᠡᠰ ᠵᠡᠷᠭᠡ ᠪᠡᠷ ᠴᠡᠴᠡᠭᠯᠡᠬᠦ ᠦᠶᠡ ᠳ᠋ᠦ ᠶᠢᠷᠲᠢᠨᠴᠦ ᠲᠡᠯᠡᠬᠡᠢ ᠦᠩᠭᠡ ᠪᠣᠲᠣᠬ ᠢᠯᠭᠠᠷᠠᠮᠠ ᠪᠣᠯᠲᠠᠬ᠃ 《ᠶᠢᠷᠲᠢᠨᠴᠦᠶᠢᠨ ᠠᠭᠣᠷ ᠠᠮᠢᠰᠬᠣᠯ ᠲᠦᠢᠯᠤᠨ ᠰᠠᠢᠬᠠᠨ ᠦᠩᠭᠡᠲᠦ ᠨᠢ ᠴᠡᠴᠡᠭ ᠠᠲᠠᠯᠠ ᠴᠡᠴᠡᠭ ᠪᠦᠷᠢ ᠠᠲᠠᠯᠢ ᠦᠭᠡᠢ᠂ ᠦᠪᠡᠷ ᠦᠪᠡᠷ ᠲᠡᠭᠡᠨ ᠨᠢᠭᠡᠨ ᠵᠦᠢᠯᠤᠨ ᠰᠠᠢᠬᠠᠨ ᠦᠩᠭᠡ ᠪᠣᠢ᠂ ᠪᠠᠰᠠ ᠶᠢᠷᠲᠢᠨᠴᠦᠶᠢᠨ ᠠᠭᠣᠷ ᠠᠮᠢᠰᠬᠣᠯᠤᠨ ᠠᠮᠲᠠᠲᠠᠢᠬᠠᠨ ᠨᠢ ᠵᠢᠮᠢᠰ ᠪᠦᠭᠡᠲᠡᠯᠡ ᠵᠢᠮᠢᠰ ᠪᠦᠷᠢ ᠠᠲᠠᠯᠢ ᠦᠭᠡᠢ᠂ ᠲᠣᠰ ᠲᠣᠰ ᠲᠠᠭᠠᠨ ᠨᠢᠭᠡᠨ ᠵᠦᠢᠯᠤᠨ ᠠᠮᠲᠠᠲᠠᠢᠬᠠᠨ ᠠᠮᠲᠠ ᠪᠣᠢ》 ᠭᠡᠵᠦ ᠶᠡᠬᠡ ᠵᠣᠬᠢᠶᠠᠯᠴᠢ ᠢᠨᠵᠠᠨᠨᠠᠰᠢ ᠠᠯᠢ ᠡᠷᠳᠡ ᠰᠡᠴᠡᠯᠡᠭᠰᠡᠨ ᠪᠣᠢᠠ᠃ ᠡᠬᠦᠨ ᠡᠴᠡ ᠴᠢᠨᠠᠬᠰᠢ ᠯᠠᠪᠰᠢᠷᠠᠭᠣᠯᠣᠨ ᠦᠩᠭᠡ ᠲᠠᠢ ᠪᠠᠢᠮᠠᠨ ᠰᠠᠶᠢ ᠠᠮᠲᠠ ᠲᠠᠢ ᠪᠣᠯᠵᠦ᠂ ᠦᠨᠦᠷ ᠠᠮᠲᠠ ᠪᠦᠷᠢᠲᠦᠲᠡᠭ ᠭᠡᠵᠦ ᠣᠷᠭᠣᠭᠣᠯᠣᠨ ᠰᠡᠳᠬᠢᠵᠦ ᠪᠣᠯᠣᠮᠠᠷ᠃
ᠦᠩᠭᠡ ᠦᠩᠭᠡ ᠪᠡᠷ ᠶ᠋ᠢᠡᠨ ᠪᠠᠢᠲᠠᠬ ᠦᠭᠡᠢ᠂ ᠡᠪᠡᠰᠦ ᠨᠣᠭᠣᠭᠠᠨ ᠶ᠋ᠢᠡᠷ ᠶ᠋ᠢᠡᠨ ᠪᠠᠢᠲᠠᠬ ᠦᠭᠡᠢ᠃ ᠰᠢᠨᠡ ᠵᠦᠢᠯ ᠬᠠᠭᠣᠴᠢᠷᠠᠵᠦ᠂ ᠣᠯᠠᠷᠢᠯ ᠤᠨ ᠵᠢᠮᠡ ᠪᠡᠷ ᠦᠩᠭᠡ ᠪᠠᠭᠣᠷᠠᠨ ᠪᠣᠲᠣᠬ ᠬᠣᠯᠲᠣᠷᠠᠬᠣᠶᠢ ᠬᠡᠨ ᠴᠦ᠍ ᠭᠡᠳ ᠡᠰᠡ ᠬᠣᠷᠢᠬᠯᠠᠵᠦ ᠴᠢᠲᠠᠨᠠ᠃ ᠬᠠᠪᠤᠷ ᠵᠤᠨ ᠨᠠᠮᠤᠷ ᠡᠪᠦᠯ ᠠᠳᠠᠯᠢ ᠪᠤᠰᠤ ᠦᠩᠭᠡ ᠲᠠᠢ᠂ ᠭᠡᠦᠭᠡᠳ ᠵᠠᠯᠠᠭᠤ ᠢᠳᠡᠷ ᠦᠳᠡᠯᠦᠭᠡ ᠠᠳᠠᠯᠢ ᠪᠤᠰᠤ ᠦᠩᠭᠡ ᠲᠠᠢ᠃ ᠲᠡᠯᠭᠡᠷ ᠵᠣᠨᠤ ᠴᠠᠬ ᠲᠦ᠍ ᠲᠡᠨᠵᠢ ᠵᠣᠶᠢ ᠪᠦᠷᠬᠦᠨ ᠣᠯᠠᠭᠠᠨ ᠶᠠᠭᠠᠨ ᠰᠢᠷᠠ ᠭᠡᠵᠦ ᠦᠩᠭᠡ ᠠᠯᠠᠬᠯᠠᠨ ᠲᠡᠯᠭᠡᠷᠡᠭᠰᠡᠨ ᠴᠡᠴᠡᠭᠡᠰ ᠨᠢᠭᠡ ᠯᠡ ᠰᠦᠨᠢᠶᠢᠨ ᠰᠠᠯᠬᠢᠨ ᠳ᠋ᠦ᠍ ᠭᠣᠨᠲᠠᠵᠦ᠂ ᠨᠠᠪᠴᠢ ᠨᠠᠮᠠᠭᠠ ᠰᠢᠷᠠᠯᠠᠨ ᠬᠣᠪᠠᠬᠠᠢᠷᠠᠬᠣᠶᠢ ᠬᠠᠷᠠᠭᠠᠳ ᠭᠣᠨᠢᠬᠯᠠᠮᠠᠷ᠃ ᠣᠷᠢ ᠵᠠᠯᠠᠭᠣ ᠨᠠᠰᠣᠨ ᠳ᠋ᠠᠭᠠᠨ ᠣᠮᠣᠬᠯᠠᠩ ᠢᠲᠡᠷᠡᠬᠦᠨ ᠭᠠᠯᠬᠢᠭᠣᠯᠵᠦ ᠶᠠᠪᠣᠬᠰᠠᠨ ᠴᠣᠬᠯᠢᠬ ᠵᠠᠯᠠᠭᠣᠰ ᠭᠣᠸᠠᠯᠢᠬ ᠬᠡᠦᠬᠡᠨᠴᠦᠳ ᠨᠢᠭᠡ ᠮᠡᠳᠡᠬᠦ ᠳ᠋ᠦ ᠦᠰᠦ ᠴᠠᠢᠵᠦ ᠵᠢᠰᠦ ᠦᠷᠴᠡᠢᠨ ᠡᠪᠦᠭᠡᠷᠡᠵᠦ ᠬᠦᠭᠰᠢᠷᠡᠬᠦ ᠨᠢ ᠪᠠᠰᠠ ᠶᠠᠭᠣᠲᠠᠢ ᠭᠣᠨᠢᠶᠠᠯᠲᠠᠢ ᠠᠵᠢ⁈ ᠦᠩᠭᠡ ᠭᠡᠵᠦ ᠣᠷᠣᠰᠢᠯᠤᠨ ᠵᠢᠰᠦ᠂ ᠣᠷᠴᠢᠯᠤᠨ ᠵᠢᠮᠠ ᠪᠣᠶᠣ᠃
ᠦᠩᠭᠡ ᠲᠠᠢ ᠦᠭᠡᠲᠡ ᠲᠠᠢ ᠶᠠᠪᠣᠬᠣ ᠳ᠋ᠦ ᠦᠵᠡᠰᠬᠦᠯᠡᠩ ᠲᠡᠬᠦᠯᠲᠡᠷ ᠲᠡᠯᠡᠬᠡᠢ᠂ ᠦᠩᠭᠡ ᠪᠠᠨ ᠠᠯᠲᠠᠵᠦ ᠪᠠᠭᠣᠷᠠᠬᠣ ᠳ᠋ᠦ ᠦᠯᠦ ᠲᠠᠨᠢᠮᠠᠷ ᠡᠷᠢᠶᠡᠨ ᠬᠣᠷᠸᠠ᠃ ᠦᠩᠭᠡ ᠪᠠᠭᠣᠷᠠᠵᠦ ᠵᠢᠰᠦ ᠭᠣᠨᠲᠠᠬᠣ ᠨᠢ ᠰᠢᠯᠵᠢᠰᠢ ᠦᠭᠡᠢ ᠦᠨᠡᠨ ᠪᠣᠯᠬᠣ ᠲᠣᠯᠠ ᠡᠷᠬᠢᠮᠯᠡᠵᠦ ᠨᠠᠨᠳᠢᠩᠨᠠᠬᠣ ᠨᠢ ᠵᠦᠢ ᠪᠣᠶᠣ᠃ ᠡᠬᠦᠨᠢ ᠡᠪᠦᠭᠡᠳᠤᠨ ᠰᠣᠷᠭᠠᠯ ᠶ᠋ᠢᠡᠷ ᠵᠢᠷᠣᠮᠯᠠᠵᠦ ᠶᠠᠷᠢᠪᠠᠯ ᠦᠩᠭᠡ ᠲᠠᠢ ᠦᠭᠡᠲᠡ ᠲᠠᠢ ᠬᠢᠯᠠᠷᠠᠭᠣᠯᠵᠦ ᠶᠠᠪᠣᠨᠠ ᠭᠡᠰᠡᠨ ᠦᠭᠡ᠃ ᠵᠣᠬᠢᠶᠠᠯᠴᠢ ᠪ · ᠪᠤᠶᠠᠨᠬᠡᠰᠢᠭ ᠨᠢᠭᠡ ᠨᠣᠮ ᠳ᠋ᠠᠭᠠᠨ 《ᠬᠦᠮᠦᠨ ᠶᠡᠷᠦ ᠨᠢ ᠡᠨᠡ ᠬᠣᠷᠸᠠ ᠳ᠋ᠦ ᠦᠪᠡᠷᠤᠨᠶ᠋ᠢᠡᠨ ᠭᠡᠬᠦ ᠣᠷᠣ ᠪᠠᠨ ᠣᠯᠣᠬᠰᠠᠨ ᠯᠡ ᠪᠠᠢᠬᠣ ᠣᠴᠢᠷᠲᠠᠢ — ᠢᠩᠬᠢᠪᠡᠯ ᠪᠢᠳᠡ ᠡᠴᠦᠰ ᠲᠡᠭᠡᠨ 〈ᠦᠩᠭᠡ ᠦᠩᠭᠡᠶᠢᠨ ᠲᠡᠭᠷᠢ〉 ᠲᠣᠣᠷᠠ ᠬᠦᠷᠴᠦ ᠴᠢᠲᠠᠨᠠ》 ᠭᠡᠵᠦ ᠪᠢᠴᠢᠭᠰᠡᠨ ᠶᠣᠮ᠃ ᠲᠡᠢᠮᠦ ᠡ᠂ ᠦᠰᠴᠦ ᠣᠷᠭᠣᠬᠣᠶᠢᠨ ᠵᠢᠮᠡ ᠪᠡᠷ ᠬᠦᠮᠦᠰ ᠦᠪᠡᠷ ᠦᠪᠡᠷᠤᠨ ᠣᠷᠣᠨ ᠪᠠᠢᠷᠢ ᠪᠠᠨ ᠣᠯᠵᠦ᠂ ᠦᠨᠳᠦᠰᠦ ᠬᠠᠳᠬᠣᠨ ᠦᠷᠡᠯᠡᠵᠦ ᠪᠣᠯᠪᠠᠰᠣᠷᠠᠬᠣ ᠬᠡᠮᠡᠨ ᠵᠢᠳᠬᠦᠬᠦ ᠳ᠋ᠦ ᠰᠠᠶᠢ ᠦᠩᠭᠡ ᠪᠦᠷᠢᠲᠦᠨ ᠦᠯᠡᠮᠵᠢᠶᠢᠨ ᠰᠠᠢᠬᠠᠨ ᠪᠣᠯᠲᠠᠬ ᠶᠣᠮ ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃