2026-11-11 10:38:16
ᠪᠢ ᠲᠡᠷᠡ ᠣᠲᠠᠭᠠ ᠬᠡᠲᠦᠢᠪᠡᠷ ᠰᠣᠬᠣᠷ ᠵᠣᠭᠣᠰ ᠦᠭᠡᠢ ᠪᠠᠢᠬᠰᠠᠨ ᠴᠦ᠍ ᠵᠢᠭᠣᠯᠴᠢᠯᠠᠯ ᠳ᠋ᠦ ᠠᠭᠣᠯᠠ ᠣᠰᠣ᠂ ᠬᠦᠮᠦᠨ ᠬᠠᠷᠠ᠂ ᠠᠮᠢᠲᠠᠨ ᠵᠢᠬᠦᠷᠲᠡᠨ᠂ ᠠᠭᠣᠷ ᠠᠮᠢᠰᠬᠣᠯ ᠪᠠ ᠨᠦᠬᠦᠳᠤᠨ ᠨᠦᠯᠦᠭᠡ ᠪᠡᠷ ᠮᠦᠨ ᠬᠢᠷᠢᠨ ᠳ᠋ᠡᠭᠡᠨ ᠯᠠ ᠲᠣᠬᠲᠣᠯᠣᠩᠭᠣᠢ᠂ ᠬᠦᠮᠦᠰᠤᠨ ᠣᠷᠮᠠ ᠲᠠᠢ ᠲᠡᠪᠵᠢᠶᠡᠨ ᠳ᠋ᠦ ᠬᠦᠯᠴᠦᠬᠦᠷᠡᠵᠦ ᠶᠠᠪᠣᠬᠰᠠᠨ ᠮᠠᠨᠢ ᠲᠠᠮᠰᠢᠶᠠᠯᠠᠵᠦ ᠪᠠᠷᠠᠬᠣ ᠦᠭᠡᠢ ᠠᠮᠲᠠᠲᠣ ᠲᠣᠷᠠᠳᠬᠠᠯ ᠪᠣᠯᠣᠬᠰᠠᠨ ᠡ᠃
1957 ᠤᠨᠤ 9 ᠳ᠋ᠣᠭᠡᠷ ᠰᠠᠷᠠᠶᠢᠨ ᠰᠡᠬᠦᠯᠴᠢ ᠪᠡᠷ ᠪᠣᠯᠣᠬᠰᠠᠨ ᠶᠠᠯᠢ ᠦᠭᠡᠢ ᠨᠢᠭᠡᠨ ᠦᠰᠦᠨ ᠲᠡᠳᠦᠢ ᠶᠠᠪᠣᠲᠠᠯ ᠨᠠᠲᠠᠲᠣ ᠨᠠᠰᠣᠨ ᠲᠣᠷᠰᠢ ᠮᠠᠷᠲᠠᠬᠲᠠᠬᠰᠠᠨ ᠦᠭᠡᠢ᠃ ᠲᠡᠷᠡ ᠦᠶᠡ ᠳ᠋ᠦ ᠪᠢ ᠶᠠᠬ ᠬᠦᠪᠡᠭᠡᠳᠦ ᠰᠢᠷᠡ ᠬᠣᠰᠢᠭᠣᠨᠤ ᠪᠠᠶᠠᠨᠲᠠᠯᠠ ᠰᠣᠮᠣᠨᠤ ᠪᠠᠭᠠ ᠰᠣᠷᠭᠠᠭᠣᠯᠢᠶᠢᠨ ᠵᠢᠷᠭᠣᠲᠣᠭᠠᠷ ᠤᠨᠤ ᠰᠣᠷᠣᠬᠴᠢ ᠪᠠᠢᠯᠠ᠃ ᠲᠡᠭᠡᠬᠦ ᠳ᠋ᠦ ᠬᠣᠰᠢᠭᠣᠨᠤ ᠲᠦᠪ ᠲᠦ᠍ ᠨᠠᠭᠠᠲᠣᠮᠤᠨ ᠬᠣᠷᠠᠯ ᠪᠣᠯᠬᠣ ᠭᠡᠵᠦ ᠪᠠᠢᠨᠠ ᠭᠡᠳ ᠬᠡᠦᠬᠡᠳᠤ᠋ᠤᠨ ᠬᠣᠭᠣᠷᠣᠨᠲᠣ ᠪᠠᠨ ᠬᠦᠭᠰᠡᠵᠦ ᠬᠦᠭᠡᠷᠦᠭᠰᠡᠨ᠂ ᠬᠦᠯ ᠨᠢ ᠬᠦᠩᠭᠡᠷᠡᠭᠡᠳ ᠪᠠᠷᠣᠬ ᠠᠯᠬᠣᠬᠣ ᠪᠠᠨ ᠮᠠᠷᠲᠠᠭᠠᠳ ᠦᠰᠦᠷᠲᠡᠭ ᠪᠣᠯᠣᠬᠰᠠᠨ ᠰᠢᠬ ᠴᠣᠪᠣᠭᠣ ᠴᠣᠯᠬᠢᠨ ᠰᠡᠳᠬᠢᠯ ᠶ᠋ᠢᠡᠷ ᠦᠨᠦᠬᠢ ᠪᠠᠨ ᠣᠴᠢᠷ ᠦᠭᠡᠢ ᠲᠣᠮᠣ ᠲᠡᠯᠡᠬᠡᠢᠶᠢ ᠲᠣᠩᠰᠣᠯᠭᠠᠬᠰᠠᠨ ᠶᠠᠪᠣᠲᠠᠯ ᠪᠣᠯᠭᠠᠨ ᠶᠠᠷᠢᠬᠣᠶᠢᠨ ᠲᠡᠳᠦᠢ ᠦᠭᠡᠢ᠂ ᠵᠠᠷᠢᠮ ᠨᠢ ᠠᠪᠣ ᠪᠠᠨ ᠲᠠᠭᠣᠲᠠᠵᠦ ᠴᠢᠯᠦᠭᠡ ᠬᠡᠯᠡᠬᠦᠯᠦᠭᠡᠳ ᠮᠣᠷᠢ ᠪᠡᠷ ᠣᠴᠢᠶᠠ ᠭᠡᠬᠦ᠂ ᠵᠠᠷᠢᠮ ᠨᠢ ᠡᠪᠦᠭᠡ ᠳ᠋ᠡᠭᠡᠨ ᠰᠡᠮᠡᠬᠡᠷᠭᠡᠨ ᠭᠣᠶᠣᠭᠠᠳ ᠲᠡᠮᠡᠬᠡ ᠪᠡᠷ ᠲᠡᠰᠢᠬᠦᠯᠦᠶᠡ ᠭᠡᠬᠦ᠂ ᠪᠠᠰᠠ ᠵᠠᠷᠢᠮ ᠨᠢ ᠮᠣᠷᠢᠨ ᠲᠡᠷᠭᠡ ᠪᠡᠷ ᠶᠠᠪᠣᠶᠠ ᠭᠡᠬᠦ᠂ ᠭᠡᠪᠡᠴᠦ ᠣᠯᠠᠩᠬᠢ ᠨᠢ ᠶᠠᠲᠠᠩᠬᠢ ᠰᠢᠦ᠂ ᠨᠠᠭᠠᠲᠣᠮ ᠦᠵᠡᠬᠦᠶᠢ ᠲᠡᠳᠡᠨ ᠡᠴᠡ ᠲᠣᠣᠷᠠ ᠦᠭᠡᠢ ᠲᠣᠷᠠᠯᠠᠵᠦ ᠪᠠᠢᠪᠠᠴᠣ ᠬᠡᠳᠦ ᠶᠡᠬᠡ ᠬᠡᠢᠷᠭᠡᠬᠦᠶᠢᠨ ᠲᠠᠷ ᠦᠭᠡᠢ ᠪᠣᠯᠬᠣᠷ ᠬᠢᠷᠢ ᠪᠠᠨ ᠮᠡᠳᠡᠭᠡᠳ ᠦᠭᠡ ᠲᠠᠭᠣ ᠦᠭᠡᠢ ᠣᠷᠣᠨ ᠳ᠋ᠠᠭᠠᠨ ᠣᠪᠣᠯᠵᠠᠵᠦ ᠪᠠᠢᠯᠠ᠃ ᠵᠢᠱᠶ᠋ᠶᠡᠯᠡᠪᠡᠯ ᠨᠠᠲᠠ ᠰᠢᠬ — ᠲᠡᠭᠷᠢ ᠳ᠋ᠦ ᠪᠠᠢᠭᠠ ᠠᠪᠣ ᠡᠵᠢ ᠡᠪᠦᠭᠡ ᠡᠮᠡᠭᠡ ᠪᠠᠨ ᠲᠠᠭᠣᠲᠠᠬᠣᠶᠢᠨ ᠠᠷᠭᠠ ᠦᠭᠡᠢ᠂ ᠵᠦᠪᠬᠡᠨ ᠡᠨᠲᠡ ᠠᠯᠲᠠᠨ ᠭᠠᠲᠠᠰᠣᠨ ᠡᠴᠡ ᠣᠶᠠᠭᠠᠲᠠᠢ ᠪᠠᠢᠭᠠ ᠰᠢᠬ ᠦᠪᠡᠷᠤᠨ ᠰᠣᠷᠭᠠᠭᠣᠯᠢᠶᠢᠨ ᠲᠠᠮᠢᠷᠤᠨ ᠣᠷᠣᠯᠲᠣᠭᠠᠨ ᠶ᠋ᠢᠡᠨ ᠬᠦᠯᠢᠶᠡᠪᠡᠯ ᠲᠡᠭᠡᠷᠡ ᠰᠢᠭ ᠪᠠᠢᠪᠠ᠃ ᠲᠡᠭᠡᠭᠰᠡᠨ ᠴᠢᠨᠢ ᠡᠯᠵᠢᠭᠡᠨ ᠲᠡᠷᠭᠡ ᠪᠡᠷ ᠶ᠋ᠢᠡᠨ ᠶᠠᠪᠣᠶᠠ ᠭᠡᠰᠨᠨ ᠪᠦᠯᠦᠭᠤᠨ ᠬᠡᠨ ᠨᠢᠭᠡ ᠨᠢ 《 ᠪᠢᠳᠡ ᠰᠣᠷᠭᠠᠭᠣᠯᠢᠶᠢᠨ ᠲᠠᠮᠢᠷᠤᠨ ᠣᠷᠣᠯᠲᠣᠭᠠᠨ ᠶ᠋ᠢᠡᠨ ᠭᠠᠬᠴᠠᠬᠠᠨ ᠮᠠᠷᠠᠰᠣᠨ ᠣᠷᠣᠯᠲᠣᠭᠠᠨ ᠪᠣᠯᠭᠠᠭᠠᠳ ᠬᠢᠴᠢᠬᠡᠪᠡᠯ 43 ᠺᠢᠯᠦᠮᠸᠲᠷ᠂ ᠶᠠᠬ ᠰᠠᠢᠬᠠᠨ ᠬᠣᠰᠢᠭᠣᠨᠤ ᠵᠡᠬᠦᠨ ᠬᠦᠲᠦᠯ ᠬᠦᠷᠴᠢᠬᠡᠨᠡ》 ᠭᠡᠵᠦ ᠲᠣᠷᠠᠲᠣᠯᠠ ᠭᠡᠲᠡᠭ᠃ ᠰᠣᠷᠭᠠᠭᠣᠯᠢᠶᠢᠨ ᠨᠠᠮᠬᠠᠢᠨᠢᠮᠪᠦᠦ ᠲᠠᠷᠣᠭᠠ ᠰᠣᠨᠣᠰᠣᠭᠠᠳ 《ᠡᠨᠡ ᠬᠠᠷᠢᠨ ᠠᠰᠢᠬᠦᠢ ᠠᠷᠭᠠ ᠪᠠᠢᠨᠠ᠂ ᠵᠦᠭᠡᠷ ᠠᠯᠬᠣᠵᠦ ᠵᠢᠭᠣᠯᠴᠢᠯᠠᠭᠠᠳ ᠣᠴᠢᠪᠠᠴᠣ ᠲᠠᠮᠢᠷᠤᠨ ᠬᠦᠲᠡᠯᠭᠡᠭᠡᠨ ᠪᠢᠰᠢ ᠶᠣᠮᠤᠤ᠃ ᠡᠢᠮᠦ ᠨᠢᠭᠡᠨ ᠰᠢᠨᠡ ᠬᠡᠯᠪᠡᠷᠢᠶᠢᠨ ᠠᠵᠢᠯ ᠬᠢᠪᠡᠯ ᠬᠡᠳᠦᠨ ᠲᠠᠯᠠᠶᠢᠨ ᠣᠳᠬᠠ ᠠᠭᠣᠯᠭᠠᠶᠢ ᠪᠦᠷᠢᠯᠲᠦᠬᠦᠯᠵᠦ ᠪᠣᠯᠣᠨᠠ!》 ᠭᠡᠳ ᠪᠦᠬᠦ ᠰᠣᠷᠭᠠᠭᠣᠯᠢ ᠪᠡᠷ ᠶ᠋ᠢᠡᠨ ᠠᠯᠬᠣᠵᠦ ᠬᠣᠰᠢᠭᠣ ᠣᠷᠣᠬᠣ ᠪᠡᠷ ᠲᠣᠬᠲᠠᠬᠰᠠᠨ ᠭᠡᠲᠡᠭ᠃ ᠲᠡᠭᠡᠬᠦᠶᠢ ᠨᠢ ᠲᠣᠬᠠᠢᠶᠢᠨ ᠴᠠᠬ ᠲᠦ᠍ ᠨᠠᠮᠵᠢᠯᠴᠠᠷᠢᠨ᠂ ᠦ᠋ ᠵᠢᠶᠦᠢ᠍ᠨ ᠶᠦᠨ᠂ ᠠᠯᠲᠠᠨᠰᠠᠩ ᠵᠡᠷᠭᠡ ᠬᠡᠳᠦᠨ ᠵᠠᠯᠠᠭᠣ ᠪᠠᠬᠰᠢ ᠨᠠᠷ ᠶᠠᠬ ᠣᠨᠢᠨ ᠲᠡᠭᠡᠷᠡ ᠨᠢ ᠬᠠᠰᠬᠢᠷᠴᠦ ᠲᠡᠮᠵᠢᠭᠰᠡᠨ ᠴᠦ᠍ ᠭᠡᠲᠡᠭ᠃ ᠵᠢᠷᠠ ᠰᠢᠬᠠᠮ ᠵᠢᠯᠤᠨ ᠡᠮᠦᠨᠡᠬᠢ ᠦᠵᠢᠷᠡᠭᠰᠡᠨ ᠶᠠᠪᠣᠲᠠᠯ ᠪᠠᠢᠬᠰᠠᠨ ᠳ᠋ᠠᠭᠠᠨ ᠲᠡᠷᠡᠤᠤ᠂ ᠰᠠᠯᠠᠭᠠ ᠨᠠᠮᠠᠭᠠ ᠨᠢ ᠬᠣᠪᠠᠬᠠᠢᠷᠠᠭᠠᠳ ᠪᠠᠯᠠᠷᠬᠠᠢ ᠪᠣᠯᠵᠠᠢ᠃ ᠵᠠ᠂ ᠶᠠᠭᠣ ᠴᠦ᠍ ᠪᠣᠯᠣᠬᠰᠠᠨ ᠮᠠᠨᠤ ᠰᠣᠷᠭᠠᠭᠣᠯᠢ ᠲᠡᠢᠮᠦ ᠨᠢᠭᠡᠨ ᠨᠡᠢᠲᠡᠶᠢᠨ ᠬᠦᠲᠡᠯᠭᠡᠭᠡᠨ ᠬᠢᠭᠰᠡᠨ ᠨᠢ ᠲᠡᠮᠦᠷ ᠮᠡᠲᠦ ᠦᠨᠡᠨ᠃
ᠪᠢᠳᠡ ᠠᠩᠬᠢ ᠠᠩᠬᠢ ᠪᠡᠷ ᠶ᠋ᠢᠡᠨ ᠴᠣᠪᠣᠷᠠᠯᠲᠣᠨ ᠡᠪᠦᠭᠡᠳ ᠬᠦᠭᠰᠢᠳ ᠰᠠᠷᠠᠪᠴᠢᠯᠠᠬᠰᠠᠨ᠂ ᠬᠡᠦᠬᠡᠳ ᠰᠢᠣᠬᠠᠳ ᠬᠦᠶᠦᠯᠲᠦᠭᠰᠡᠨ᠂ ᠨᠣᠬᠠᠢ ᠱᠣᠣᠬᠢᠬᠰᠠᠨ᠂ ᠦᠭᠡᠷ ᠮᠦᠭᠡᠷᠡᠭᠰᠡᠨ᠂ ᠬᠣᠨᠢ ᠮᠠᠢᠯᠠᠬᠰᠠᠨ᠂ ᠰᠣᠬᠲᠣᠭᠣ ᠬᠦᠮᠦᠨ ᠰᠣᠷᠲᠣᠭᠣ ᠲᠠᠢ ᠲᠠᠪᠬᠢᠬᠰᠠᠨ᠂ ᠰᠢᠪᠡᠷ ᠭᠡᠷ ᠲᠠᠢ ᠱᠠᠯᠲᠠᠩ ᠬᠡᠦᠬᠡᠳ ᠲᠠᠢ ᠠᠢᠯ ᠬᠣᠲᠠᠶᠢ ᠲᠠᠮᠵᠢᠬᠰᠠᠭᠠᠷ᠂ ᠪᠠᠭᠠ ᠪᠣᠲᠠᠨ ᠲᠡᠭᠡᠬᠦᠷ ᠬᠠᠷᠠᠢᠵᠦ᠂ ᠶᠡᠬᠡ ᠲᠡᠷᠡᠰᠦᠨ ᠲᠣᠮᠲᠠᠭᠣᠷ ᠰᠢᠪᠲᠣᠯᠣᠨ ᠬᠦᠶᠦᠭᠰᠡᠭᠡᠷ ᠬᠢᠷᠣᠬᠰᠠᠨ ᠲᠠᠣᠯᠠᠢᠶᠢ ᠪᠣᠰᠬᠠᠬᠰᠠᠨ ᠴᠦ᠍ ᠪᠣᠯᠲᠠᠬᠰᠠᠨ ᠪᠦᠵᠦᠩᠢ ᠪᠠᠷᠢᠬᠰᠠᠨ ᠦᠭᠡᠢ᠂ ᠨᠢᠭᠡᠨ ᠰᠡᠳᠬᠢᠯ ᠶ᠋ᠢᠡᠷ ᠬᠣᠰᠢᠭᠣᠨ ᠲᠦᠪᠢ ᠴᠢᠭᠯᠡᠭᠡᠳ ᠠᠯᠬᠣᠵᠦ ᠪᠠᠢᠬᠰᠠᠨ ᠶᠣᠮ᠃ ᠬᠡᠦᠬᠡᠳ ᠪᠢᠳᠡᠨᠤ ᠴᠣᠬ ᠵᠣᠯᠪᠣᠭᠠ ᠪᠠᠲᠠᠷᠠᠵᠦ ᠦᠰᠦᠷᠴᠦ ᠲᠡᠭᠲᠡᠭᠰᠡᠭᠡᠷ ᠶᠠᠪᠣᠵᠠᠭᠠᠯᠠ᠃ ᠵᠠᠮ ᠳ᠋ᠠᠭᠠᠨ ᠨᠢᠭᠡ ᠬᠣᠨᠣᠬᠰᠠᠨ᠃ ᠪᠦᠲᠦᠬᠦᠨ ᠲᠣᠭᠣᠭᠠ ᠲᠠᠢ ᠣᠰᠣᠨ ᠳ᠋ᠦ ᠴᠠᠢ ᠪᠠᠨ ᠪᠠᠯᠪᠠᠴᠢᠵᠦ ᠣᠢᠴᠢᠬᠡᠭᠡᠳ ᠢᠲᠡᠭᠡᠰᠢᠮᠡᠭᠴᠡ ᠨᠢ ᠰᠦ ᠪᠠᠨ ᠰᠢᠭᠣᠳ ᠴᠦᠯ ᠴᠦᠯ ᠴᠢᠳᠬᠣᠬᠰᠠᠨ᠃ ᠴᠠᠢᠶᠢᠨ ᠰᠢᠭᠠᠷᠣᠶᠢ ᠨᠢ ᠲᠣᠩᠭᠠᠵᠦ ᠠᠪᠬᠣ ᠦᠭᠡᠢ ᠪᠡᠷ ᠰᠦᠯᠡᠬᠦᠶᠢ ᠨᠢ ᠦᠵᠡᠭᠡᠳ ᠲᠣᠭᠣᠭᠠᠴᠢᠶᠢ ᠪᠢ ᠲᠣᠲᠣᠷᠠ ᠪᠠᠨ ᠲᠣᠭᠣ ᠶᠠᠲᠠᠬᠰᠠᠨ ᠴᠦ᠍ ᠬᠡᠭᠡᠷᠡᠶᠢᠨ ᠴᠠᠢᠶᠢᠨ ᠦᠨᠦᠷ ᠠᠮᠲᠠᠶᠢ ᠨᠢ ᠭᠠᠢᠬᠠᠭᠠᠳ᠂ ᠦᠯᠢᠶᠡᠭᠰᠡᠭᠡᠷ ᠣᠣᠭᠣᠬᠰᠠᠨ᠃ ᠨᠡᠢᠲᠡᠶᠢᠨ ᠡᠢᠮᠦᠷᠬᠦᠦ ᠢᠲᠡᠲᠡᠢ ᠢᠲᠡᠵᠦ ᠣᠣᠭᠣᠲᠠᠬ ᠠᠶᠠᠨ ᠳ᠋ᠦ ᠪᠢ ᠠᠩᠬᠠ ᠶᠠᠪᠣᠵᠦ ᠪᠠᠢᠭᠠ ᠳ᠋ᠠᠭᠠᠨ ᠲᠡᠷᠡᠤᠤ᠂ ᠲᠣᠯᠣᠭᠠᠢ ᠮᠢᠨᠢ ᠴᠣᠩᠬᠣ ᠪᠠᠨ ᠨᠡᠭᠡᠭᠡᠭᠰᠡᠨ ᠰᠢᠭ ᠲᠣᠲᠣᠷᠠ ᠰᠠᠷᠠᠭᠣᠯᠵᠢᠭᠠᠳ ᠶᠠᠪᠣᠴᠢᠬᠠᠬᠰᠠᠨ᠃ ᠵᠦᠪᠬᠡᠨ ᠬᠡᠯᠡᠬᠦ ᠡᠴᠡ ᠭᠡᠪᠡᠯ ᠠᠶᠠᠯᠠᠯ ᠵᠢᠭᠣᠯᠴᠢᠯᠠᠭᠠ ᠬᠢᠬᠦ ᠳ᠋ᠦ ᠵᠣᠭᠣᠰ ᠮᠠᠰᠢ ᠴᠢᠬᠣᠯᠠ ᠶᠣᠮ ᠪᠠᠢᠨᠠ ᠭᠡᠲᠡᠭᠢ ᠯᠡ ᠲᠠᠪᠲᠠᠨ ᠣᠢᠯᠠᠭᠠᠬᠰᠠᠨ᠃ ᠮᠠᠨᠤ ᠵᠠᠷᠢᠮ ᠨᠦᠬᠦᠳ ᠲᠣᠲᠣᠷᠠ ᠰᠠᠪᠠᠨ ᠳ᠋ᠠᠭᠠᠨ ᠬᠢᠭᠰᠡᠨ ᠬᠡᠳᠦᠨ ᠵᠣᠭᠣᠰ ᠶ᠋ᠢᠡᠨ ᠭᠡᠭᠡᠬᠦ ᠡᠴᠡ ᠬᠢᠴᠢᠶᠡᠭᠡᠳ ᠪᠠᠢᠨ ᠪᠠᠢᠨ ᠲᠡᠮᠳᠡᠷᠢᠵᠦ ᠪᠠᠢᠯᠠ᠃ ᠭᠡᠬᠦ ᠳ᠋ᠦ ᠨᠠᠲᠠᠲᠣ ᠲᠡᠢᠮᠦ ᠲᠡᠮᠲᠡᠷᠢᠮᠡᠷ ᠶᠠᠭᠣᠮᠠ ᠦᠭᠡᠢ ᠳ᠋ᠡᠭᠡᠨ ᠰᠠᠨᠠᠭᠠ ᠲᠠᠢᠪᠣᠩ᠃ ᠬᠠᠶᠠ ᠬᠠᠶᠠ ᠵᠠᠭᠠᠲᠣᠨᠠᠪᠠᠯ ᠲᠣᠣᠷᠠ ᠨᠢ ᠬᠠᠮᠢᠭᠠ ᠪᠣᠯ ᠬᠠᠮᠢᠭᠠ ᠨᠢ ᠣᠨᠣᠴᠠᠲᠠᠢ ᠦᠷᠡᠬᠦ ᠪᠣᠶᠣ ᠴᠢᠮᠬᠢᠪᠡᠯ ᠪᠣᠯᠴᠢᠬᠠᠲᠠᠬ ᠪᠠᠢᠪᠠ᠃ ᠶᠠᠬ ᠬᠡᠯᠡᠪᠡᠯ ᠵᠣᠭᠣᠰ ᠦᠭᠡᠢ ᠬᠡᠦᠬᠡᠳ ᠲᠦ᠍ ᠨᠠᠢᠷ ᠨᠠᠭᠠᠲᠣᠮ ᠭᠡᠭᠴᠢ ᠨᠢ ᠬᠣᠭᠣᠰᠣᠨ ᠦᠵᠡᠮᠵᠢ᠂ ᠰᠣᠨᠣᠰᠬᠣᠯᠠᠩ ᠪᠣᠶᠣ ᠠᠩᠬᠢᠯᠣᠮᠠᠯ ᠦᠨᠦᠷ ᠶ᠋ᠢᠡᠷ ᠵᠣᠪᠠᠭᠠᠲᠠᠬ ᠲᠣᠲᠠᠬᠲᠠᠯ ᠲᠠᠢ ᠵᠢᠷᠭᠠᠯ ᠶᠣᠮ᠃
ᠪᠢ ᠲᠡᠷᠡ ᠣᠲᠠᠭᠠ ᠬᠡᠲᠦᠢᠪᠡᠷ ᠰᠣᠬᠣᠷ ᠵᠣᠭᠣᠰ ᠦᠭᠡᠢ ᠪᠠᠢᠬᠰᠠᠨ ᠴᠦ᠍ ᠵᠢᠭᠣᠯᠴᠢᠯᠠᠯ ᠳ᠋ᠦ ᠠᠭᠣᠯᠠ ᠣᠰᠣ᠂ ᠬᠦᠮᠦᠨ ᠬᠠᠷᠠ᠂ ᠠᠮᠢᠲᠠᠨ ᠵᠢᠬᠦᠷᠲᠡᠨ᠂ ᠠᠭᠣᠷ ᠠᠮᠢᠰᠬᠣᠯ ᠪᠠ ᠨᠦᠬᠦᠳᠤᠨ ᠨᠦᠯᠦᠭᠡ ᠪᠡᠷ ᠮᠦᠨ ᠬᠢᠷᠢᠨ ᠳ᠋ᠡᠭᠡᠨ ᠯᠠ ᠲᠣᠬᠲᠣᠯᠣᠩᠭᠣᠢ᠂ ᠬᠦᠮᠦᠰᠤᠨ ᠣᠷᠮᠠ ᠲᠠᠢ ᠲᠡᠪᠵᠢᠶᠡᠨ ᠳ᠋ᠦ ᠬᠦᠯᠴᠦᠬᠦᠷᠡᠵᠦ ᠶᠠᠪᠣᠬᠰᠠᠨ ᠮᠠᠨᠢ ᠲᠠᠮᠰᠢᠶᠠᠯᠠᠵᠦ ᠪᠠᠷᠠᠬᠣ ᠦᠭᠡᠢ ᠠᠮᠲᠠᠲᠣ ᠲᠣᠷᠠᠳᠬᠠᠯ ᠪᠣᠯᠣᠬᠰᠠᠨ ᠡ᠃ ᠬᠣᠰᠢᠭᠣᠨ ᠲᠡᠭᠡᠷᠡ ᠬᠦᠷᠦᠭᠰᠡᠨ ᠴᠢᠨᠢ ᠬᠦᠮᠦᠨᠤ ᠣᠯᠠᠨ ᠬᠦᠲᠡᠯᠲᠡᠭ ᠲᠦᠷᠢ᠂ ᠲᠠᠭᠣ ᠴᠢᠮᠡᠭᠡᠨᠤ ᠲᠣᠣᠭᠠᠷᠲᠠᠬ ᠰᠦᠷ᠂ ᠠᠶᠠᠰ ᠬᠦᠭᠵᠢᠮᠤᠨ ᠲᠣᠣᠨᠢᠲᠠᠬ ᠲᠣᠯᠬᠢᠶᠠᠨ᠂ ᠦᠩᠭᠡ ᠦᠩᠭᠡᠶᠢᠨ ᠲᠣᠬ ᠬᠬᠢᠷᠢᠶᠢᠨ ᠮᠢᠷᠠᠯᠵᠠᠭᠠᠨ᠂ ᠬᠦᠮᠦᠨᠤ ᠬᠠᠩᠬᠣᠯᠣᠭᠣᠨ ᠯᠠᠷᠵᠢᠶᠠ ᠲᠠᠢ ᠣᠷᠣᠰᠬᠠᠯᠤᠨ ᠲᠠᠪᠠᠯᠭᠠᠨ ᠳ᠋ᠦ 《ᠡᠷᠡᠬᠦᠯ》 ᠦᠯᠡᠲᠡᠭᠰᠡᠨ ᠬᠡᠦᠬᠡᠳ ᠪᠠᠢᠭᠠ ᠦᠭᠡᠢ᠂ ᠪᠢᠳᠡ ᠨᠡᠢᠲᠡ ᠪᠡᠷ ᠶ᠋ᠢᠡᠨ ᠱᠠᠯ ᠫᠠᠯ ᠰᠣᠬᠲᠣᠬᠰᠠᠨ᠃ ᠬᠠᠶᠠᠭᠠ ᠬᠠᠶᠠᠭᠠ ᠪᠠᠨ ᠲᠠᠷᠣᠵᠦ ᠪᠠᠭᠣᠵᠠᠭᠠᠬᠰᠠᠨ ᠴᠡᠴᠡᠷ ᠮᠠᠢᠬᠠᠨᠤ ᠪᠠᠷᠠᠭᠠ ᠲᠠᠸᠠᠷᠤᠨ ᠭᠠᠢᠬᠠᠮᠰᠢᠬ ᠲᠦ᠍ ᠦᠪᠡᠷᠤᠨ ᠡᠷᠬᠡ ᠦᠭᠡᠢ ᠨᠢᠲᠦ ᠪᠣᠯᠢᠶᠠᠬᠲᠠᠨ ᠣᠬᠠᠭᠠᠨ ᠠᠯᠲᠠᠬᠰᠠᠨ ᠳ᠋ᠠᠬ᠃ ᠣᠷᠴᠢᠨ ᠲᠣᠭᠣᠷᠢᠨᠤ ᠦᠩᠭᠡ ᠦᠵᠡᠮᠵᠢᠶᠢᠨ ᠰᠠᠢᠬᠠᠨ ᠳ᠋ᠦ ᠬᠦᠯ ᠲᠠᠮᠢᠷᠵᠢᠭᠠᠳ ᠫᠦᠷᠱ ᠲᠠᠢ ᠶᠣᠮᠰᠢᠬ ᠪᠣᠯᠵᠦ ᠨᠢᠭᠡ ᠡᠳᠦᠷ ᠰᠣᠨᠲᠠᠯᠠ ᠠᠯᠬᠣᠭᠠᠳ ᠶᠠᠲᠠᠷᠠᠬᠰᠠᠨ ᠮᠠᠨᠢ ᠣᠷᠣ ᠦᠭᠡᠢ ᠮᠠᠷᠲᠠᠬᠲᠠᠭᠠᠳ ᠬᠠᠮᠢᠭᠠᠰᠢ ᠪᠠᠨ ᠬᠠᠷᠠᠪᠠᠴᠣ ᠰᠣᠯᠣᠩᠭᠠᠷᠠᠭᠠᠳ ᠬᠠᠷᠠᠬᠣ ᠲᠣᠰᠣᠮ ᠬᠠᠷᠠᠶᠠ ᠭᠡᠵᠦ ᠪᠣᠲᠣᠭᠠᠳ ᠪᠠᠢᠬᠣ ᠶᠣᠮ ᠪᠢᠯᠡ᠃ ᠲᠣᠷᠭᠠᠨ ᠲᠡᠪᠡᠯᠲᠡᠨ᠂ ᠲᠣᠭᠣᠮᠠᠷ ᠨᠢᠲᠦᠲᠡᠨ᠂ ᠲᠣᠰᠣᠨ ᠣᠷᠣᠭᠣᠯᠲᠠᠨ᠂ ᠬᠦᠩᠬᠢᠨᠡᠮᠡ ᠶᠠᠷᠢᠬᠴᠢᠳ᠂ ᠬᠠᠲᠠᠭᠠᠨᠠᠲᠠᠯᠠ ᠢᠨᠢᠶᠡᠭᠴᠢᠳ ᠮᠢᠷᠠᠰ ᠮᠢᠷᠠᠰ ᠢᠯᠡᠷᠡᠭᠰᠡᠨ ᠴᠦ᠍ ᠪᠠᠢᠵᠠ ᠭᠡᠬᠦᠶᠢᠨ ᠠᠮᠵᠢᠯ ᠦᠭᠡᠢ ᠪᠡᠷ ᠪᠠᠯᠠᠷᠠᠵᠦ ᠰᠣᠯᠢᠬᠲᠠᠲᠠᠬ ᠭᠠᠢᠬᠠᠮᠰᠢᠬ ᠲᠠᠢ ᠦᠯᠢᠭᠡᠷᠤᠨ ᠶᠠᠭᠣᠮᠠ ᠰᠢᠬ ᠰᠣᠨᠢᠨ ᠬᠠᠴᠢᠨ ᠬᠦᠲᠡᠯᠭᠡᠭᠡᠨᠲᠦ ᠬᠦᠷᠦᠭ ᠵᠢᠷᠣᠬ ᠰᠢᠬ ᠦᠵᠡᠭᠲᠡᠯᠢ ᠭᠠᠢᠬᠠᠵᠦ ᠪᠠᠷᠠᠬᠣ ᠦᠭᠡᠢ ᠶᠠᠪᠣᠲᠠᠯᠠ ᠡᠭᠴᠡ ᠡᠮᠦᠨᠡ ᠡᠴᠡ ᠮᠠᠨᠤ ᠨᠣᠲᠣᠬᠤᠨ ᠲᠦᠸᠷᠵᠢ ᠭᠡᠲᠡᠭ ᠲᠣᠰᠠᠮᠠᠷᠴᠢ ᠶᠠᠲᠠᠭᠣ ᠬᠦᠮᠦᠨ ᠲᠡᠭᠷᠢ ᠡᠴᠡ ᠭᠡᠨᠡᠳᠲᠡ ᠪᠠᠭᠣᠬᠰᠠᠨ ᠮᠡᠲᠦ ᠲᠣᠲᠣᠷᠠᠯᠠ᠃ ᠮᠢᠨᠦ ᠲᠡᠷᠡ ᠪᠠᠶᠠᠷᠯᠠᠬᠰᠠᠨ ᠭᠡᠵᠢ ᠡ᠃ ᠨᠣᠲᠣᠬᠤᠨ ᠲᠣᠮᠣᠭᠠᠲᠠᠨ᠂ ᠲᠡᠭᠡᠬᠦ ᠮᠦᠷᠲᠡᠭᠡᠨ ᠲᠡᠷᠡ ᠯᠡ ᠬᠦᠮᠦᠨ ᠰᠢᠦ᠃ ᠡᠨᠡᠷᠢᠯᠲᠦ ᠡᠵᠢᠶᠢᠨ ᠮᠢᠨᠢ ᠶᠠᠰᠣᠶᠢ ᠪᠠᠷᠢᠯᠴᠠᠬᠰᠠᠨ ᠠᠴᠢᠲᠣ ᠬᠦᠮᠦᠨ ᠶᠣᠮ᠃ ᠪᠢ ᠲᠡᠷᠡ ᠬᠦᠣᠬᠡ ᠳ᠋ᠦ ᠠᠮᠣᠷ ᠡᠷᠢᠯᠡ᠃ ᠲᠡᠷᠡ ᠭᠣᠸᠠᠢ ᠪᠠᠰᠠ ᠬᠠᠷᠢᠭᠣ ᠮᠡᠨᠲᠦ ᠮᠡᠳᠡᠭᠡᠳ ᠬᠠᠯᠠᠭᠣᠨ ᠴᠢᠷᠠᠢ ᠪᠡᠷ ᠬᠠᠯᠠᠮᠵᠢᠯᠠᠬᠰᠠᠨ ᠡᠯᠢᠭᠡᠲᠡᠢ ᠬᠡᠳᠦᠨ ᠦᠭᠡ ᠠᠰᠠᠭᠣᠬᠰᠠᠨ ᠶ᠋ᠢᠡᠨ ᠲᠦᠲᠡᠭᠡᠯᠵᠡᠯ ᠦᠭᠡᠢ ᠪᠡᠷ ᠬᠠᠷᠮᠠᠨ ᠡᠴᠡ ᠪᠠᠨ ᠨᠢᠭᠡ ᠲᠦᠬᠦᠷᠢᠭ ᠭᠠᠷᠭᠠᠭᠠᠳ ᠨᠠᠲᠠᠲᠣ 《ᠶᠠᠭᠣᠮᠠ ᠠᠪᠴᠣ ᠢᠲᠡ》 ᠭᠡᠳ ᠶᠠᠭᠣ ᠬᠡᠦ ᠦᠭᠡᠢ ᠰᠢᠭᠣᠳ ᠪᠠᠷᠢᠭᠣᠯᠪᠠ᠃ ᠶᠠ ! ᠪᠦᠬᠦᠯᠢ ᠨᠢᠭᠡ ᠲᠦᠬᠦᠷᠢᠭ ᠰᠢᠦ᠂ ᠠᠷᠪᠠᠨ ᠮᠦᠩᠬᠦ ᠪᠢᠰᠢ᠂ ᠪᠢᠴᠢᠬᠠᠨ ᠰᠢᠷᠠ ᠵᠠᠭᠣᠨ ᠮᠦᠩᠬᠦ ᠪᠡᠷ ᠪᠦᠷᠢᠯᠲᠦᠭᠰᠡᠨ ᠨᠢᠭᠡ ᠲᠦᠬᠦᠷᠢᠭ᠃ ᠠᠷᠪᠠᠨ ᠮᠦᠩᠬᠦ ᠭᠡᠬᠦ ᠳ᠋ᠦ ᠯᠠ ᠨᠢᠭᠡ ᠠᠳᠬᠣ ᠰᠢᠬᠢᠷ ᠰᠢᠦ᠂ ᠲᠠ ᠪᠣᠳᠣᠯ ᠳ᠋ᠠ᠂ ᠡᠨᠡ ᠴᠣᠬᠣᠮ ᠶᠠᠭᠣ ᠪᠣᠯᠵᠦ ᠪᠠᠢᠨᠠ ᠪᠣᠢ! ᠪᠢ ᠬᠠᠴᠢᠨᠲᠠᠢ ᠪᠠᠶᠠᠷᠯᠠᠬᠰᠠᠨ᠃ ᠲᠡᠭᠡᠭᠡᠳ ᠶᠡᠷᠦ ᠨᠢ ᠮᠢᠨᠦ ᠬᠡᠦᠬᠡᠳ ᠨᠠᠰᠣᠨ ᠳ᠋ᠠᠭᠠᠨ ᠲᠣᠰᠣᠬᠰᠠᠨ ᠴᠣᠷᠢᠶᠢᠨ ᠭᠠᠬᠴᠠ ᠲᠡᠦᠬᠡᠲᠦ ᠨᠠᠨᠳᠢᠨ ᠪᠡᠯᠡᠭ ᠨᠢ ᠲᠡᠷᠡ ᠶᠣᠮ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃