2026-11-25 11:19:24
1972 ᠤᠨᠤ 11 ᠰᠠᠷᠠᠶᠢᠨ 19 ᠤ᠋ ᠡᠳᠦᠷᠤᠨ 《ᠦᠪᠦᠷ ᠮᠣᠩᠭᠣᠯᠤᠨ ᠡᠳᠦᠷᠤᠨ ᠰᠣᠨᠢᠨ》 ᠤ᠋ 《ᠲᠠᠯᠠᠶᠢᠨ ᠲᠣᠶᠠᠭᠠ》 ᠪᠣᠯᠣᠩ
ᠡᠳᠣᠨᠰᠠᠡᠭ᠌ᠪᠣ ᠵᠢᠨ 《ᠲᠠᠯᠠ ᠵᠢᠨ ᠲᠤᠶᠠᠭᠠ》 ᠳ᠋ᠦ ᠨᠡᠢᠳᠡᠯᠡᠭᠦᠯᠦᠭ᠌ᠰᠡᠨ ᠰᠢᠯᠦᠭ
ᠡᠳᠦᠨᠰᠠᠩᠪᠣ᠂ ᠵᠣᠬᠢᠶᠠᠯᠴᠢ᠂ ᠰᠢᠯᠦᠭᠴᠢ᠂ ᠬᠢᠨᠠᠨ ᠨᠠᠢᠷᠠᠭᠣᠯᠣᠬᠴᠢ᠂ ᠲᠣᠮᠲᠠᠲᠣ ᠣᠯᠣᠰᠤᠨ ᠵᠣᠬᠢᠶᠠᠯᠴᠢᠳᠤᠨ ᠡᠪᠯᠡᠯᠤᠨ ᠭᠡᠰᠢᠬᠦᠨ᠃ 1949 ᠤᠨᠤ 9 ᠰᠠᠷᠠᠶᠢᠨ 24 ᠳ᠋ᠦ ᠪᠠᠭᠠᠷᠢᠨ ᠪᠠᠷᠠᠭᠣᠨ ᠬᠣᠰᠢᠭᠣᠨ ᠳ᠋ᠦ ᠲᠦᠷᠦᠵᠡᠢ᠃ ᠦᠪᠦᠷ ᠮᠣᠩᠭᠣᠯᠤᠨ ᠶᠡᠬᠡ ᠰᠣᠷᠭᠠᠭᠣᠯᠢᠶᠢᠨ ᠮᠣᠩᠭᠣᠯ ᠬᠡᠯᠡ ᠣᠳᠬᠠ ᠵᠣᠬᠢᠶᠠᠯᠤᠨ ᠰᠠᠯᠪᠣᠷᠢ ᠡᠴᠡ ᠰᠣᠷᠣᠯᠭᠠ ᠲᠡᠬᠦᠰᠴᠡᠢ᠃ ᠣᠷᠢᠳ ᠬᠣᠵᠢᠳ ᠲᠣᠯᠣᠲᠣᠭᠠᠷ ᠬᠣᠭᠣᠴᠠᠭᠠᠨᠤ ᠲᠣᠮᠲᠠᠲᠣ ᠣᠯᠣᠰᠤᠨ ᠲᠣᠣ ᠹᠸᠨ ᠨᠡᠷᠡᠮᠵᠢᠲᠦ ᠬᠡᠪᠯᠡᠯᠤᠨ ᠱᠠᠩᠨᠠᠯᠲᠠᠨ᠂ ᠪᠦᠬᠦ ᠣᠯᠣᠰᠤᠨ ᠰᠣᠨᠢᠨ ᠮᠡᠳᠡᠭᠡ ᠬᠡᠪᠯᠡᠯᠤᠨ ᠰᠢᠰᠲ᠋ᠸᠮᠤᠨ ᠲᠡᠷᠢᠬᠦᠨᠤ ᠠᠵᠢᠯᠲᠠᠨ᠂ ᠰᠢᠨᠡ ᠲᠣᠮᠲᠠᠲᠣ ᠣᠯᠣᠰᠤᠨ 60 ᠵᠢᠯᠤᠨ ᠵᠠᠭᠣᠨ ᠰᠢᠯᠢᠲᠡᠭ ᠬᠡᠪᠯᠡᠯᠤᠨ ᠵᠢᠳᠬᠦᠯᠲᠡᠨ᠂ ᠦᠪᠦᠷ ᠮᠣᠩᠭᠣᠯᠤᠨ ᠦᠪᠡᠷᠲᠡᠭᠡᠨ ᠵᠠᠰᠠᠬᠣ ᠣᠷᠣᠨᠤ ᠬᠦᠲᠡᠯᠮᠦᠷᠢᠶᠢᠨ ᠵᠢᠱᠶ᠋ᠶᠡᠴᠢᠵᠡᠷᠭᠡ ᠢᠷᠠᠭᠣ ᠠᠯᠲᠠᠷ ᠬᠦᠷᠲᠡᠵᠡᠢ᠃ ᠲᠣᠭᠣᠵᠢ 《ᠰᠢᠪᠠᠭᠣᠳ ᠪᠣᠴᠠᠬᠣ ᠦᠶᠡ》᠂ ᠦᠬᠦᠯᠡᠯᠭᠡ 《ᠪᠠᠲᠣᠲᠣᠯᠭᠠ》 ᠨᠢ ᠦᠪᠦᠷ ᠮᠣᠩᠭᠣᠯᠤᠨ ᠦᠪᠡᠷᠲᠡᠭᠡᠨ ᠵᠠᠰᠠᠬᠣ ᠣᠷᠣᠨᠤ ᠣᠳᠬᠠ ᠵᠣᠬᠢᠶᠠᠯᠤᠨ ᠵᠣᠬᠢᠶᠠᠨ ᠪᠦᠲᠦᠭᠡᠯᠭᠡᠶᠢᠨ 《ᠰᠣᠯᠣᠩᠭᠠ》 ᠱᠠᠩᠨᠠᠯ ᠬᠦᠷᠲᠡᠵᠦ᠂ ᠲᠣᠭᠣᠵᠢ 《ᠠᠷᠪᠠᠨ ᠭᠣᠷᠪᠠᠨ ᠣᠯᠣᠮ》 ᠨᠢ 《ᠠ᠊·ᠣᠳᠼᠠᠷ ᠨᠡᠷᠡᠮᠵᠢᠲᠦ ᠣᠳᠬᠠ ᠵᠣᠬᠢᠶᠠᠯᠤᠨ ᠱᠠᠩᠨᠠᠯ》 ᠬᠦᠷᠲᠡᠵᠦ᠂ ᠦᠬᠦᠯᠡᠯᠭᠡ 《ᠲᠣᠯᠣᠭᠠᠢ ᠦᠭᠡᠢ ᠮᠣᠣᠷ》᠂ 《ᠰᠡᠳᠬᠢᠯᠤᠨ ᠰᠦᠮᠪᠦᠷ ᠠᠭᠣᠯᠠ》᠂ 《ᠠᠨᠢᠶᠠ》 ᠵᠡᠷᠭᠡ ᠨᠢ 《ᠦᠨᠢᠷ ᠴᠡᠴᠡᠭ》 ᠱᠠᠩᠨᠠᠯ ᠬᠦᠷᠲᠡᠵᠡᠢ᠃ 《ᠬᠠᠪᠣᠷᠤᠨ ᠬᠠᠯᠢᠶᠠ》᠂ 《ᠨᠣᠷᠲᠣᠬ ᠬᠦᠷᠭᠡᠨ ᠠᠬᠠ》᠂ 《ᠲᠠᠯᠠᠶᠢᠨ ᠴᠡᠩᠭᠡᠷ ᠭᠣᠷᠣᠬᠠ》 ᠵᠡᠷᠭᠡ ᠦᠬᠦᠯᠡᠯᠭᠡ ᠨᠢ ᠲᠣᠮᠲᠠᠲᠣ ᠰᠣᠷᠭᠠᠭᠣᠯᠢᠶᠢᠨ ᠬᠢᠴᠢᠶᠡᠯᠤᠨ ᠪᠢᠴᠢᠭ ᠲᠦ᠍ ᠰᠣᠩᠭᠣᠬᠲᠠᠨ ᠣᠷᠣᠵᠦ᠂ ᠣᠯᠠᠨ ᠲᠣᠭᠣᠵᠢ᠂ ᠦᠬᠦᠯᠡᠯᠭᠡ ᠨᠢ ᠬᠢᠲᠡᠳ ᠬᠡᠯᠡᠨᠡ ᠣᠷᠴᠢᠭᠣᠯᠣᠬᠲᠠᠵᠠᠢ᠃
ᠲᠦᠯᠦᠭᠡᠯᠡᠬᠦ ᠪᠦᠳᠣᠭᠡᠯ
《 ᠣᠳᠠᠨ ᠤ᠋ ᠨᠣᠭᠣᠭᠠᠨ ᠨᠠᠪᠴᠢ》 (ᠦᠭᠦᠯᠡᠯᠭᠡ ᠶ᠋ᠢᠨ ᠲᠡᠭᠦᠪᠣᠷᠢ)
《 ᠲᠠᠯᠠ ᠶ᠋ᠢᠨ ᠴᠡᠡᠭᠭᠡᠷ ᠭᠣᠷᠣᠬᠠ》 (ᠦᠬᠦᠯᠡᠯᠭᠡ ᠶ᠋ᠢᠨ ᠲᠡᠭᠦᠪᠣᠷᠢ)
《 ᠨᠠᠮᠣᠷ ᠤ᠋ᠨ ᠰᠠᠯᠬᠢ ᠰᠡᠷᠴᠢᠬᠢᠨᠡᠨᠡ》 (ᠦᠭᠦᠯᠡᠯᠭᠡ ᠲᠣᠭᠣᠵᠢ ᠶ᠋ᠢᠨ ᠲᠡᠬᠦᠪᠣᠷᠢ)
《 ᠠᠷᠪᠠᠨ ᠭᠣᠷᠪᠠᠨ ᠣᠯᠣᠮ》 (ᠦᠬᠦᠯᠡᠯᠭᠡ ᠲᠣᠭᠣᠵᠢ ᠶ᠋ᠢᠨ ᠲᠡᠭᠦᠪᠣᠷᠢ)
《 ᠡᠳᠣᠨᠰᠠᠡᠭ᠌ᠪᠣ ᠶ᠋ᠢᠨ ᠵᠣᠬᠢᠶᠠᠯ ᠤ᠋ᠨ ᠲᠡᠬᠦᠪᠣᠷᠢ》 (1— 6 ᠪᠣᠳᠢ )
《 ᠰᠦᠡᠭ ᠣᠯᠣᠰ ᠤ᠋ᠨ ᠲᠠᠭᠣᠯᠠᠯ ᠭᠣᠷᠪᠠᠨ ᠵᠠᠭᠣᠨ ᠪᠠᠳᠠᠭ》 (ᠣᠷᠴᠢᠭᠣᠯᠭᠠ)
《 ᠨᠠᠮᠣᠷ ᠤ᠋ᠨ ᠴᠠᠯᠵᠠᠭᠠ ᠴᠠᠷᠭᠢᠨᠠ》 (ᠦᠭᠦᠯᠡᠯᠭᠡ ᠶ᠋ᠢᠨ ᠲᠡᠭᠦᠪᠣᠷᠢ᠂ ᠬᠢᠳᠠᠳ ᠭᠡᠪᠯᠡᠯ)
ᠨᠠᠶᠠ ᠶ᠋ᠢᠨ ᠲᠠᠪᠠᠭᠠᠨ ᠤ᠋ ᠰᠠᠯᠬᠢ
《ᠲᠠᠯᠠ ᠶ᠋ᠢᠨ ᠲᠣᠶᠠᠭᠠ》 ᠮᠢᠨᠢ ᠭᠡᠪᠯᠡᠯ ᠡᠬᠢᠯᠡᠭᠰᠡᠨ ᠨᠠᠶᠠᠨ ᠵᠢᠯ ᠤ᠋ᠨ ᠣᠢ ᠪᠡᠨ ᠲᠡᠮᠳᠡᠭᠯᠡᠨ ᠲᠣᠷᠠᠰᠬᠠᠵᠣ᠌ ᠪᠠᠢᠨᠠ᠃ ᠡᠨᠡᠬᠦ ᠦᠯᠵᠡᠢ ᠪᠡᠯᠭᠡᠳᠣ᠌ ᠡᠷᠢᠨ ᠳ᠋ᠤ᠌ ᠡᠪᠣᠭᠡᠨ ᠪᠢ ᠴᠣ᠌ ᠣᠷᠢᠯᠭᠠ ᠬᠦᠯᠢᠶᠡᠭᠰᠡᠨ ᠳ᠋ᠡᠭᠡᠨ ᠣᠷᠮᠠᠳᠠᠢ ᠪᠣᠢ᠃ ᠨᠠᠢᠷᠠᠭ ᠲᠣ᠌ ᠨᠠᠮᠠᠶ᠋ᠢ ᠬᠦᠭᠯᠡᠭᠰᠡᠨ ᠨᠠᠷᠠᠨ ᠤ᠋ ᠨᠠᠯᠠᠭᠠᠷ ᠲᠣᠶᠠᠭᠠ ᠶᠣᠮ ᠡ᠂ ᠨᠠᠰᠣᠨ ᠪᠠᠭᠠ ᠶ᠋ᠢ ᠲᠣᠷᠠᠰᠣᠭᠣᠯᠣᠮᠠ ᠨᠠᠶᠠ ᠶ᠋ᠢᠨ ᠲᠠᠪᠠᠭᠠᠨ ᠤ᠋ ᠰᠠᠯᠬᠢ ᠶᠣᠮ ᠡ᠃ ᠡᠨᠡ ᠰᠠᠯᠬᠢ᠂ ᠡᠨᠡ ᠲᠣᠶᠠᠭᠠ ᠪᠣᠯ ᠢᠯᠴᠢ ᠪᠠ ᠭᠡᠷᠡᠯ ᠢ᠋ ᠪᠡᠶᠡ ᠳ᠋ᠡᠭᠡᠨ ᠠᠴᠢᠶᠠᠯᠠᠭᠰᠠᠨ᠂ ᠢᠳᠡᠭᠡᠯ ᠪᠠ ᠬᠦᠨᠳᠣᠳᠬᠡᠯ ᠢ᠋ ᠰᠡᠳᠬᠢᠯ ᠳ᠋ᠡᠭᠡᠨ ᠨᠡᠪᠴᠢᠬᠦᠯᠦᠭᠰᠡᠨ ᠣᠷᠢᠬᠠᠨ ᠬᠠᠪᠣᠷ ᠤ᠋ᠨ ᠡᠯᠴᠢ ᠶᠣᠮ᠃ ᠰᠠᠢᠬᠠᠨ ᠵᠦᠢᠯ ᠲᠠᠡᠭ᠌ᠳᠠ ᠬᠦᠮᠣᠨ ᠢ᠋ ᠰᠠᠢᠨ ᠵᠦᠭ ᠲᠣ᠌ ᠲᠠᠭᠠᠭᠣᠯᠳᠠᠭ ᠣᠴᠢᠷᠳᠡᠢ ᠪᠢᠯᠡ᠃
ᠣᠰᠣ᠌ ᠶ᠋ᠢ ᠨᠢ ᠣᠣᠭᠣᠪᠠᠯ ᠡᠬᠢ ᠶ᠋ᠢ ᠨᠢ ᠪᠣᠣ ᠮᠠᠷᠳᠠ ᠭᠡᠳᠡᠭ᠃ ᠮᠢᠨᠣ᠌ ᠪᠠᠭᠠ ᠵᠠᠯᠠᠭᠣ᠌ ᠨᠠᠰᠣᠨ ᠤ᠋ ᠬᠠᠮᠣᠭ ᠰᠠᠢᠬᠠᠨ ᠲᠣᠷᠠᠰᠣᠮᠵᠢ ᠭᠡᠪᠡᠯ 《ᠲᠠᠯᠠ ᠶ᠋ᠢᠨ ᠲᠣᠶᠠᠭᠠ》 ᠲᠡᠭᠡᠷᠡ ᠲᠠᠰᠣᠭ ᠪᠣᠰᠠᠭ ᠪᠠᠳᠠᠭ ᠬᠣᠯᠪᠣᠵᠣ᠌ ᠡᠬᠢᠯᠡᠭᠰᠡᠨ ᠣᠷᠠᠨ ᠵᠣᠬᠢᠶᠠᠯ ᠤ᠋ᠨ ᠠᠡᠭ᠌ᠬᠠᠨ ᠤ᠋ ᠭᠠᠷᠣᠭᠠ ᠪᠠᠢᠯᠠ᠃ 《ᠲᠠᠯᠠ ᠶ᠋ᠢᠨ ᠲᠣᠶᠠᠭᠠ》 ᠲᠡᠭᠡᠵᠣ᠌ ᠮᠢᠨᠣ᠌ ᠣᠷᠠᠨ ᠵᠣᠬᠢᠶᠠᠯ ᠤ᠋ᠨ ᠣᠷᠮᠠ ᠰᠡᠳᠬᠢᠯᠬᠡ ᠶ᠋ᠢ ᠬᠠᠮᠣᠭ ᠠᠡᠭ᠌ᠬᠠ ᠬᠦᠭᠵᠢᠭᠡᠵᠣ᠌᠂ ᠣᠳᠬᠠ ᠶ᠋ᠢᠨ ᠲᠠᠪᠠᠭᠠᠨ ᠦᠭᠡᠲᠡ ᠣᠯᠣᠡᠭ ᠴᠢᠡᠭ᠌ᠭᠠᠯᠠᠵᠣ᠌ ᠮᠣᠷᠳᠠᠭᠣᠯᠣᠭᠰᠠᠨ ᠶᠣᠮ᠃ ᠲᠡᠢᠮᠣ᠌ ᠪᠡᠷ ᠢ᠋ᠶ᠋ᠠᠨ ᠨᠠᠰᠣᠨ ᠤ᠋ ᠨᠠᠮᠣᠷ ᠪᠣᠯᠣᠭᠰᠠᠨ ᠴᠣ᠌ ᠮᠠᠷᠳᠠᠬᠣ᠌ ᠶ᠋ᠢᠨ ᠠᠷᠭᠠ ᠦᠭᠡᠢ ᠡ᠃ ᠲᠡᠭᠡᠷᠡ ᠵᠠᠭᠣᠨ ᠤ᠋ ᠲᠠᠯᠠᠨ ᠬᠣᠶᠠᠷ ᠣᠨ ᠤ᠋ ᠠᠷᠪᠠᠨ ᠨᠢᠭᠡᠨ ᠰᠠᠷᠠ ᠪᠠᠢᠭᠰᠠᠨ᠃ ᠲᠡᠷᠡ ᠦᠶᠡᠰ ᠪᠢ ᠦᠪᠣᠷ ᠮᠣᠡᠭ᠌ᠭᠣᠯ ᠤ᠋ᠨ ᠶᠡᠭᠡ ᠰᠣᠷᠭᠠᠭᠣᠯᠢ ᠶ᠋ᠢᠨ ᠮᠣᠡᠭ᠌ᠭᠣᠯ ᠬᠡᠯᠡ ᠣᠳᠬᠠ ᠵᠣᠬᠢᠶᠠᠯ ᠤ᠋ᠨ ᠰᠠᠯᠪᠣᠷᠢ ᠳ᠋ᠣ᠌ ᠰᠣᠷᠣᠯᠴᠠᠵᠣ᠌ ᠪᠠᠢᠯᠠ᠃ ᠲᠡᠷᠡ ᠡᠪᠣᠯ ᠶᠠᠭᠠᠭᠢᠭᠠᠳ ᠴᠣ᠌ ᠶᠣᠮ᠂ ᠶᠡᠬᠡᠯᠡ ᠴᠠᠰᠣᠳᠠᠢ ᠡᠪᠣᠯ ᠪᠠᠢᠭᠰᠠᠨ᠃ ᠬᠠ ᠶᠠ ᠦᠭᠡᠢ ᠨᠣᠳᠣᠭ ᠣᠰᠣ᠌᠂ ᠭᠡᠷ ᠣᠷᠣᠨ ᠢ᠋ᠶ᠋ᠠᠨ ᠰᠠᠨᠠᠭᠠᠯᠵᠠᠨ ᠣᠭᠳᠠᠷᠭᠣᠢ ᠶ᠋ᠢᠨ ᠬᠢᠵᠠᠭᠠᠷ ᠢ᠋ ᠪᠠᠷᠠᠯᠠᠬᠣ᠌ ᠳ᠋ᠣ᠌ ᠲᠠᠯᠠᠨ ᠬᠠᠷᠠ ᠠᠭᠣᠯᠠ ᠮᠦᠡᠭᠭᠦᠨ ᠴᠠᠭᠠᠨ ᠬᠣᠶᠠᠭ ᠭᠡᠳᠣᠷᠴᠢᠬᠡᠭᠰᠡᠨ ᠬᠦᠡᠭᠭᠦᠢᠨ ᠰᠦᠨᠳᠡᠷᠯᠡᠵᠣ᠌ ᠬᠠᠷᠠᠭᠳᠠᠳᠠᠭ ᠪᠠᠢᠯᠠ᠃ ᠭᠡᠨᠡᠳᠳᠡᠭᠡᠨ ᠲᠡᠭᠦᠨ ᠠ᠋ᠴᠠ ᠬᠣᠷᠴᠠ ᠰᠡᠷᠡᠯ ᠲᠦᠷᠣᠭ᠌ᠳᠡᠭᠰᠡᠨ ᠴᠣ᠌ ᠪᠣᠯᠪᠠ ᠤᠤ ᠪᠣᠣ ᠮᠡᠳᠡ᠂ 《ᠠᠪᠣᠷᠭᠣ᠌ ᠬᠢᠡᠭ᠌ᠭᠠᠨ ᠠ᠋ᠴᠠ ᠰᠠᠯᠪᠣᠷᠢᠯᠠᠭᠰᠠᠨ ᠬᠢᠵᠠᠭᠠᠷ ᠤ᠋ᠨ ᠨᠢᠭᠡᠨ ᠨᠢᠷᠣᠭᠣ᠌᠂ ᠠᠯᠳᠠᠨ ᠬᠢᠯᠢ ᠳ᠋ᠣ᠌ ᠦᠵᠣᠭᠦᠷᠯᠡᠭᠡᠳ ᠴᠠᠰᠣᠳᠣ᠌ ᠣᠷᠭᠢᠯ ᠨᠢ ᠴᠠᠢᠷᠠᠨᠠ》 ᠭᠡᠵᠣ᠌ ᠬᠣᠶᠠᠷ ᠮᠦᠷ ᠰᠢᠯᠦᠭ ᠰᠢᠣᠬᠠᠨ ᠶᠠᠭᠣᠮᠠ ᠬᠣᠯᠪᠣᠴᠢᠬᠠᠭᠠᠳ ᠭᠡᠳᠣᠨ ᠡᠳᠣᠷ ᠣᠯᠵᠠᠷᠬᠠᠭᠰᠠᠨ ᠪᠠᠢᠭᠰᠠᠨ ᠵᠢᠡᠨ《ᠬᠢᠯᠢ ᠶ᠋ᠢᠨ ᠬᠠᠷᠠᠭᠣᠯ ᠤ᠋ᠨ ᠪᠠᠢᠯᠳᠣᠭ᠍ᠴᠢ》 ᠭᠡᠮᠡᠬᠦ ᠭᠠᠷᠴᠠᠭ ᠢ᠋ᠶ᠋ᠠᠷ ᠲᠠᠪᠣᠨ ᠪᠠᠳᠠᠭ ᠪᠣᠯᠭᠠᠭᠠᠳ 《ᠦᠪᠣᠷ ᠮᠣᠡᠭ᠌ᠭᠣᠯ ᠤ᠋ᠨ ᠡᠳᠣᠷ ᠤ᠋ᠨ ᠰᠣᠨᠢᠨ》 ᠳ᠋ᠣ᠌ ᠭᠣᠪᠢᠭᠣᠯᠵᠣ᠌ ᠶᠠᠪᠣᠭᠣᠯᠪᠠ᠃ ᠲᠡᠷᠡ ᠣᠨᠴᠠᠭᠠᠢ ᠴᠠᠭ ᠦᠶᠡᠰ 《ᠲᠠᠯᠠ ᠶ᠋ᠢᠨ ᠲᠣᠶᠠᠭᠠ》 ᠪᠣᠯᠣᠡᠭ ᠮᠢᠨᠢ 《ᠣᠮᠠᠷᠠᠳᠣ᠌ ᠣᠷᠣᠨ ᠤ᠋ ᠦᠡᠭᠭᠡ ᠦᠵᠡᠮᠵᠢ》 ᠬᠡᠮᠡᠬᠦ ᠨᠡᠷᠡ ᠪᠡᠷ ᠭᠡᠪᠯᠡᠬᠦᠯᠦᠭᠳᠡᠵᠣ᠌ ᠪᠠᠢᠪᠠ᠃ ᠢᠯᠡᠭᠡᠬᠦ ᠶ᠋ᠢ ᠢᠯᠡᠭᠡᠭᠰᠡᠨ ᠪᠣᠯᠪᠠᠴᠣ᠌ ᠢᠳᠡᠭᠡᠯ ᠶᠡᠷᠣᠨᠢ ᠲᠣᠨᠳᠠᠭᠣᠷ ᠪᠠᠢᠭᠰᠠᠨ᠃ ᠣᠴᠢᠷ ᠨᠢ ᠡᠨᠡ ᠪᠣᠯ ᠮᠢᠨᠣ᠌ ᠠᠡᠭ᠌ᠬᠠᠨ ᠤ᠋ ᠣᠷᠣᠯᠳᠣᠯᠭᠠ ᠪᠣᠯᠬᠣᠷ ᠣᠯᠳᠣᠢ ᠭᠡᠳᠡᠭ ᠨᠢ ᠠᠷᠭᠠ ᠦᠭᠡᠢ᠃ ᠭᠡᠪᠡᠴᠣ᠌ ᠶᠠᠭᠠᠭᠢᠬᠣ᠌ ᠪᠣᠢ᠂ ᠭᠣᠣᠯ ᠲᠠᠰᠣᠷᠠᠳᠠᠯᠠ ᠭᠣᠷᠢᠳᠠᠯᠭᠠ ᠲᠠᠰᠣᠷᠠᠬᠣ᠌ ᠦᠭᠡᠢ ᠭᠡᠭᠴᠢ ᠪᠡᠷ ᠡᠳᠣᠷ ᠡᠳᠣᠷ ᠣᠡᠭ᠌ᠰᠢᠯᠭᠠ ᠶ᠋ᠢᠨ ᠲᠠᠰᠣᠭ ᠢ᠋ᠶ᠋ᠠᠷ ᠡᠷᠭᠢᠴᠡᠵᠣ᠌ 《ᠦᠪᠣᠷ ᠮᠣᠡᠭ᠌ᠭᠣᠯ ᠤ᠋ᠨ ᠡᠳᠣᠷ ᠤ᠋ᠨ ᠰᠣᠨᠢᠨ》 ᠢ᠋ ᠣᠷᠪᠠᠭᠣᠯᠬᠣ᠌ ᠪᠡᠨ ᠶᠡᠷᠣᠨᠢ ᠮᠠᠷᠳᠠᠳᠠᠭ ᠦᠭᠡᠢ᠃ ᠭᠣᠷᠪᠠᠨ ᠭᠠᠷᠠᠭ ᠬᠢᠷᠢᠳᠡᠢ ᠬᠠᠢᠭᠠᠳ ᠪᠠᠷᠠ ᠰᠣᠷᠠᠭ ᠦᠭᠡᠢ ᠪᠣᠯᠬᠣᠷ ᠰᠡᠳᠬᠢᠯ ᠨᠢᠭᠡᠮᠣᠰᠣᠨ ᠴᠦᠬᠦᠵᠣ᠌᠂ ᠣᠡᠭ᠌ᠰᠢᠯᠭᠠ ᠶ᠋ᠢᠨ ᠲᠠᠰᠣᠭ ᠲᠣ᠌ ᠣᠴᠢᠬᠣ᠌ ᠪᠡᠨ ᠴᠣ᠌ ᠪᠣᠯᠢᠪᠠ᠃ ᠨᠢᠭᠡ ᠣᠷᠣᠢ ᠲᠣᠡᠭ ᠣᠷᠮᠠ ᠦᠭᠡᠢ ᠪᠠᠢᠷᠢ ᠳ᠋ᠠᠭᠠᠨ ᠬᠡᠪᠳᠡᠵᠣ᠌ ᠪᠠᠢᠳᠠᠯᠠ ᠮᠠᠨ ᠤ᠋ ᠵᠡᠷᠭᠡᠯᠡᠳᠡᠭᠡ ᠪᠠᠢᠷᠢ ᠶ᠋ᠢᠨ ᠬᠠᠮᠳᠣ᠌ ᠰᠣᠷᠣᠭ᠍ᠴᠢ ᠣᠷᠣᠵᠣ᠌ ᠢᠷᠡᠭᠡᠳ᠄ 《ᠬᠦᠶᠢ! ᠰᠢᠯᠦᠭ ᠴᠢᠨᠢ ᠰᠣᠨᠢᠨ ᠲᠡᠭᠡᠷᠡ ᠭᠠᠷᠴᠢᠬᠠᠵᠠᠢ ᠰᠢᠣ》 ᠭᠡᠵᠣ᠌ ᠪᠠᠶᠠᠷ ᠤ᠋ᠨ ᠴᠢᠮᠡᠭᠡ ᠭᠡᠯᠡᠵᠣ᠌ ᠦᠭ᠌ᠴᠠᠢ᠃ ᠲᠡᠷᠡ ᠪᠠᠶᠠᠷᠯᠠᠭᠰᠠᠨ ᠭᠡᠳᠡᠭ ᠢ᠋ ᠴᠣᠬᠣᠮ ᠪᠣᠣ ᠲᠣᠷᠠᠰ ᠡ᠂ ᠬᠡᠪᠳᠡᠵᠣ᠌ ᠪᠠᠢᠭᠰᠠᠨ ᠣᠷᠣᠨ ᠠ᠋ᠴᠠ ᠪᠠᠨ ᠰᠣᠭᠣ᠌ ᠦᠰᠦᠷᠣᠨ ᠪᠣᠰᠴᠣ᠌᠂ ᠣᠡᠭ᠌ᠰᠢᠯᠭᠠ ᠶ᠋ᠢᠨ ᠲᠠᠰᠣᠯᠭᠠ ᠣᠷᠣᠭᠣ᠌ ᠬᠦᠶᠣᠪᠡ᠃ ᠡᠪᠣᠯ ᠤ᠋ᠨ ᠡᠳᠣᠷ ᠣᠬᠣᠷ ᠪᠣᠯᠬᠣᠷ ᠭᠠᠳᠠᠨᠠ ᠬᠡᠳᠣᠢᠨ ᠬᠠᠷᠠᠡᠭ᠌ᠭᠣᠢ ᠪᠣᠯᠴᠢᠬᠠᠵᠠᠢ᠃ ᠰᠣᠷᠣᠭ᠍ᠴᠢᠳ ᠤ᠋ᠨ ᠪᠠᠢᠷᠢ ᠠ᠋ᠴᠠ ᠭᠣᠣᠯ ᠠᠰᠠᠷ ᠬᠦᠷᠳᠡᠯᠡ ᠵᠠᠭᠣᠭᠠᠳ ᠯᠠ ᠮᠸᠲᠷ ᠤ᠋ᠨ ᠵᠠᠢᠳᠠᠢ ᠳᠠ᠃ ᠪᠢ ᠬᠠᠭᠠᠰ ᠬᠦᠶᠣᠳᠡᠯ ᠬᠠᠭᠠᠰ ᠠᠯᠬᠣᠭᠠ ᠪᠡᠷ ᠭᠣᠣᠯ ᠠᠰᠠᠷ ᠲᠣ᠌ ᠬᠦᠷᠴᠣ᠌᠂ ᠱᠠᠳᠣ᠌ ᠶ᠋ᠢᠨ ᠲᠡᠭᠳᠡᠷ ᠢ᠋ ᠬᠣᠶᠠᠷ ᠬᠣᠶᠠᠷ ᠢ᠋ᠶ᠋ᠠᠷ ᠠᠯᠴᠠᠮᠯᠠᠭᠰᠠᠭᠠᠷ ᠭᠣᠷᠪᠠᠳᠣᠭᠠᠷ ᠲᠠᠪᠬᠣᠷᠯᠢᠭ᠋ ᠤ᠋ᠨ ᠣᠡᠭ᠌ᠰᠢᠯᠭᠠ ᠶ᠋ᠢᠨ ᠲᠠᠰᠣᠬ ᠲᠦ᠍ ᠬᠦᠷᠣᠭᠡᠳ ᠣᠴᠢᠯᠠ᠃ ᠡᠭᠦᠳᠡᠨ ᠳ᠋ᠣᠨᠢ ᠵᠢᠭᠠᠬᠠᠨ ᠵᠣᠭᠭᠢᠵᠣ᠌ ᠠᠮᠢᠰᠬᠣᠭᠠ ᠪᠡᠨ ᠲᠠᠷᠣᠴᠢᠬᠠᠭᠠᠳ ᠣᠷᠣᠬᠣ᠌ ᠳ᠋ᠣ᠌ ᠳ᠋ᠸᠡᠭ ᠤ᠋ᠨ ᠭᠡᠷᠡᠯ ᠲᠣᠯᠠᠢᠵᠣ᠂ ᠬᠦᠮᠣᠰ ᠨᠠᠮ ᠵᠢᠮ ᠰᠠᠭᠣᠭᠠᠳ ᠰᠣᠷᠣᠯᠴᠠᠵᠣ᠌ ᠪᠠᠢᠪᠠ᠃ ᠪᠢ ᠬᠦᠡᠭᠭᠡᠨ ᠬᠦᠡᠭᠭᠡᠨ ᠠᠯᠬᠣᠭᠰᠠᠭᠠᠷ ᠰᠣᠨᠢᠨ ᠤ᠋ ᠵᠢᠶᠠᠰᠠᠨ ᠳ᠋ᠣ᠌ ᠬᠦᠷᠴᠣ᠌ ᠡᠯᠭᠦᠭᠡᠰᠣᠳᠡᠢ 《ᠦᠪᠣᠷ ᠮᠣᠡᠭ᠌ᠭᠣᠯ ᠤ᠋ᠨ ᠡᠳᠣᠷ ᠤ᠋ᠨ ᠰᠣᠨᠢᠨ》 ᠤ᠋ ᠮᠣᠡᠭ᠌ᠭᠣᠯ ᠬᠡᠪᠯᠡᠯ ᠢ᠋ ᠰᠢᠬᠦᠷᠡᠭᠡᠳ ᠠᠪᠣᠯᠠ᠃ ᠬᠣᠷᠳᠣᠬᠠᠨ ᠰᠠᠭᠣᠳᠠᠯ ᠣᠯᠵᠣ᠌ ᠰᠠᠭᠣᠭᠠᠳ ᠬᠠᠭᠣᠳᠠᠰᠣ᠌ ᠲᠠᠷᠠᠭᠠᠯᠠᠨ ᠡᠷᠭᠢᠬᠦᠯᠵᠣ᠌ ᠪᠠᠢᠳᠠᠯᠠ 1972 ᠣᠨ ᠤ᠋ 11 ᠰᠠᠷᠠ ᠶ᠋ᠢᠨ19 ᠤ᠋ ᠡᠳᠣᠷ ᠤ᠋ᠨ ᠨᠢᠭᠣᠷ ᠲᠠᠭᠡᠷᠡ ᠮᠢᠨᠣ᠌ ᠰᠢᠯᠦᠭ ᠨᠡᠢᠳᠡᠯᠡᠭᠳᠡᠴᠢᠬᠡᠭᠡᠳ ᠪᠠᠢᠪᠠ᠃ ᠮᠦᠨ ᠡ᠂ ᠶᠠᠭ ᠮᠢᠨᠣ᠌ ᠰᠢᠯᠦᠭ ᠳᠠ! 《ᠬᠢᠯᠢ ᠶ᠋ᠢᠨ ᠬᠠᠷᠠᠭᠣᠯ ᠤ᠋ᠨ ᠪᠠᠢᠯᠳᠣᠭ᠍ᠴᠢ》 ᠬᠡᠮᠡᠬᠦ ᠭᠠᠷᠴᠠᠭ ᠲᠠᠢ ᠲᠠᠪᠣᠨ ᠪᠠᠳᠠᠭ ᠰᠢᠯᠦᠭ ᠢ᠋ ᠮᠢᠨᠢ ᠬᠠᠰᠣᠭᠠᠳ ᠲᠦᠷᠪᠡᠨ ᠪᠠᠳᠠᠭ ᠨᠡᠢᠳᠡᠯᠡᠭᠰᠡᠨ ᠪᠠᠢᠪᠠ᠃ ᠰᠣᠨᠢᠨ ᠤ᠋ ᠬᠠᠭᠣᠳᠠᠰᠣᠨ ᠲᠡᠭᠡᠷᠡ ᠨᠡᠢᠳᠡᠯᠡᠴᠢᠬᠡᠭᠰᠡᠨ ᠴᠢᠨᠢ ᠣᠪᠣᠭᠠ ᠰᠠᠢᠬᠠᠨ ᠬᠠᠷᠠᠭᠳᠠᠵᠣ᠌ ᠪᠠᠢᠯᠠ᠃ ᠪᠢ ᠠᠬᠢᠨ ᠲᠠᠬᠢᠨ ᠣᠡᠭ᠌ᠰᠢᠵᠣ᠌ ᠦᠵᠡᠯᠡ᠃ ᠶᠠᠮᠠᠷ ᠪᠠᠢᠭᠰᠠᠨ ᠴᠣ᠌ ᠡᠨᠡ ᠪᠣᠯ ᠮᠢᠨᠣ᠌ ᠣᠷᠠᠨ ᠵᠣᠬᠢᠶᠠᠯ ᠤ᠋ᠨ ᠵᠠᠮ ᠢ᠋ ᠡᠯᠬᠦᠵᠣ᠌ ᠠᠪᠣᠭᠰᠠᠨ ᠣᠣᠭᠠᠨ ᠪᠦᠳᠣᠭᠡᠯ᠂ ᠣᠷᠮᠠ ᠵᠣᠷᠢᠭ᠋ ᠢ᠋ ᠲᠠᠢᠴᠢᠯᠠᠵᠣ᠌ ᠦᠭᠭᠦᠭᠰᠡᠨ ᠡᠬᠢᠯᠡᠯᠳᠡ ᠶ᠋ᠢᠨ ᠴᠡᠭ ᠪᠠᠢᠪᠠ᠃ ᠨᠢᠭᠡ ᠵᠦᠢᠯ ᠤ᠋ᠨ ᠡᠷᠴᠢ ᠬᠦᠴᠣ᠌ ᠬᠠᠮᠣᠭ ᠪᠡᠶᠡ ᠳ᠋ᠣ᠌ ᠨᠡᠪᠳᠡᠷᠡᠵᠣ᠌᠂ ᠨᠢᠭᠡᠨ ᠵᠣᠷᠪᠣᠰ ᠭᠡᠷᠡᠯ ᠭᠡᠭᠡ ᠰᠡᠳᠬᠢᠯ ᠤ᠋ᠨ ᠭᠡᠭᠡᠪᠴᠢ ᠪᠡᠷ ᠲᠣᠰᠣᠭᠰᠠᠨ ᠰᠢᠭ᠋ ᠪᠣᠯᠣᠭᠰᠠᠨ᠃ ᠲᠡᠷᠡ ᠭᠡᠷᠡᠯ ᠭᠡᠭᠡ ᠪᠣᠯ 《ᠲᠠᠯᠠ ᠶ᠋ᠢᠨ ᠲᠣᠶᠠᠭᠠ》᠂ ᠲᠡᠷᠡ ᠡᠷᠴᠢ ᠬᠦᠴᠣ᠌ ᠪᠣᠯ ᠨᠠᠮᠠᠶ᠋ᠢ ᠲᠠᠭᠣᠳᠠᠨ ᠰᠡᠷᠡᠭᠡᠭᠰᠡᠨ ᠣᠳᠬᠠ ᠶ᠋ᠢᠨ ᠲᠠᠪᠠᠭᠠ ᠶ᠋ᠢᠨ ᠣᠶᠠᠬᠠᠨ ᠰᠠᠯᠬᠢ ᠪᠠᠢᠭᠰᠠᠨ ᠶᠣᠮ᠃
ᠡᠨᠡ ᠪᠢᠴᠢᠬᠠᠨ ᠶᠠᠪᠣᠳᠠᠯ ᠦᠡᠭᠭᠡᠷᠡᠭᠡᠳ 54 ᠵᠢᠯ ᠪᠣᠯᠵᠣ᠌ ᠪᠠᠢᠪᠠᠴᠣ᠌ ᠨᠠᠳᠠᠳᠣ᠌ ᠦᠴᠣᠭᠡᠳᠣᠷᠬᠡᠨ ᠤ᠋ ᠶᠣᠮᠰᠢᠭ᠋ ᠣᠭᠣᠷᠠᠭ ᠲᠠᠷᠢᠬᠢᠨ ᠳ᠋ᠣ᠌ ᠲᠣᠳᠣᠬᠠᠨ᠃ ᠲᠡᠢᠨ ᠮᠦᠷᠳᠡᠭᠡᠨ ᠨᠠᠶᠠ ᠶ᠋ᠢᠨ ᠲᠠᠪᠠᠭᠠ ᠦᠨᠳᠣᠷ ᠪᠠᠢᠭᠰᠠᠨ ᠴᠣ᠌ ᠶᠠᠭᠠᠭᠢᠮᠠᠢ᠂ ᠨᠠᠰᠣ᠌ ᠪᠡᠨ ᠡᠭᠦᠷᠴᠣ᠌ ᠪᠢ ᠮᠦᠨ ᠬᠦ᠌ ᠮᠠᠴᠣᠭᠰᠠᠭᠠᠷ᠃ ᠡᠳᠣᠢ ᠵᠢᠯ ᠤ᠋ᠨ ᠲᠣᠷᠰᠢ 《ᠦᠪᠣᠷ ᠮᠣᠡᠭ᠌ᠭᠣᠯ ᠤ᠋ᠨ ᠡᠳᠣᠷ ᠤ᠋ᠨ ᠰᠣᠨᠢᠨ》 ᠮᠢᠨᠢ ᠮᠡᠬᠦᠰ ᠮᠢᠨᠣ᠌ ᠣᠯᠳᠣᠢ ᠰᠢᠯᠦᠭ ᠵᠣᠬᠢᠶᠠᠯ ᠢ᠋ ᠬᠠᠷᠠᠭᠠᠯᠵᠠᠨ ᠦᠵᠡᠵᠣ᠌ ᠨᠡᠢᠳᠡᠯᠡᠭᠰᠡᠭᠡᠷ ᠢᠷᠡᠭᠰᠡᠨ ᠲᠡᠳᠣᠢ ᠦᠭᠡᠢ᠂ ᠵᠠᠷᠢᠮ ᠵᠣᠬᠢᠶᠠᠯ ᠢ᠋ ᠮᠢᠨᠢ ᠬᠠᠭᠣᠳᠠᠰᠣ᠌ ᠬᠠᠢᠷᠠᠯᠠᠯ ᠦᠭᠡᠢ ᠪᠦᠬᠦᠯᠢ ᠨᠢᠭᠣᠷ ᠡᠵᠡᠯᠡᠬᠦᠯᠣᠨ ᠨᠡᠢᠳᠡᠯᠡᠵᠣ᠌ ᠦᠭ᠌ᠴᠣ᠌ ᠪᠠᠢᠭᠰᠠᠨ ᠬᠠᠯᠠᠭᠣᠨ ᠬᠠᠯᠠᠮᠵᠢ ᠶ᠋ᠢ ᠶᠠᠭᠠᠭᠢᠨ ᠮᠠᠷᠳᠠᠬᠣ᠌ ᠪᠢᠯᠡ ᠳᠠ᠃ 《ᠲᠠᠯᠠ ᠶ᠋ᠢᠨ ᠲᠣᠶᠠᠭᠠ》 ᠶ᠋ᠢᠨ ᠬᠢᠨ ᠪᠣᠯ ᠶᠡᠷᠣ ᠨᠢ ᠲᠠᠯᠠ ᠪᠡᠨ ᠰᠢᠭ᠋ ᠠᠭᠣᠳᠠᠮ ᠰᠡᠳᠬᠢᠯ ᠲᠠᠢ᠂ ᠲᠡᠨᠢᠬᠣ᠌ ᠦᠭᠡᠢ ᠬᠡᠮᠡᠨ ᠭᠠᠳᠠᠭᠣᠷᠬᠠᠬᠣ᠌ ᠦᠭᠡᠢ ᠲᠦᠪ ᠭᠣᠣᠯᠴᠢ ᠬᠦᠮᠣᠰ ᠶᠣᠮ᠃ ᠲᠡᠳᠡᠨᠣᠰ ᠮᠣᠡᠭ᠌ᠭᠣᠯ ᠰᠢᠨᠡ ᠣᠷᠠᠨ ᠵᠣᠬᠢᠶᠠᠯ ᠤ᠋ᠨ ᠦᠷᠨᠢᠯ ᠬᠦᠭᠵᠢᠯᠳᠡ᠂ ᠮᠣᠡᠭ᠌ᠭᠣᠯ ᠵᠣᠬᠢᠶᠠᠯᠴᠢᠳ ᠤ᠋ᠨ ᠡᠡᠭᠨᠡᠭᠡ ᠶ᠋ᠢᠨ ᠦᠰᠣᠨ ᠪᠣᠢᠵᠢᠯᠳᠡ ᠳ᠋ᠣ᠌ ᠦᠪᠡᠷ ᠤ᠋ᠨ ᠭᠣᠶᠠᠴᠢ ᠦᠭᠡᠢ ᠬᠣᠪᠢ ᠨᠡᠮᠡᠷᠢ ᠪᠡᠨ ᠡᠷᠭᠦᠭᠰᠡᠭᠡᠷ ᠢᠷᠡᠭᠰᠡᠨ ᠢ᠋ ᠨᠠᠶᠠᠨ ᠵᠢᠯ ᠤ᠋ᠨ ᠲᠡᠣᠬᠡ ᠭᠡᠷᠡᠴᠢᠯᠡᠵᠣ᠌ ᠪᠠᠢᠨᠠ᠃ ᠡᠳᠣᠭᠡ ᠪᠣᠯᠬᠣ᠌ ᠳ᠋ᠣ᠌ ᠨᠠᠶᠠ ᠶ᠋ᠢᠨ ᠲᠠᠪᠠᠭᠠᠨ ᠤ᠋ ᠣᠷᠢᠬᠠᠨ ᠰᠠᠯᠬᠢ ᠮᠢᠨᠢ ᠨᠠᠷᠠᠰᠣ᠌ ᠮᠠᠢᠯᠠᠰᠣᠨ ᠴᠢᠮᠡᠭ ᠲᠠᠢ᠂ ᠨᠠᠢ᠍ᠮᠠᠨ ᠰᠢᠷᠭᠠ ᠶ᠋ᠢᠨ ᠦᠣᠷᠰᠡᠭᠡᠨ ᠲᠠᠢ ᠪᠡᠷ ᠨᠠᠢᠷᠳᠠᠢ ᠬᠠᠢᠷᠠᠳᠠᠢ ᠦᠶᠡᠯᠵᠡᠵᠣ᠌᠂ ᠦᠣᠭᠡ ᠲᠡᠣᠭᠡ ᠪᠡᠨ ᠲᠡᠮᠳᠡᠭᠯᠡᠵᠣ᠌᠂ ᠢᠷᠡᠬᠦ ᠮᠠᠷᠭᠠᠰᠢ ᠪᠡᠨ ᠣᠭᠳᠣᠵᠣ᠌ ᠪᠠᠢᠨᠠ᠃
ᠲᠡᠢᠮᠣ᠌ ᠡ᠂ ᠨᠠᠶᠠ ᠶ᠋ᠢᠨ ᠲᠠᠪᠠᠭᠠᠨ ᠤ᠋ ᠰᠠᠯᠬᠢ ᠨᠠᠢᠷᠠᠭ ᠰᠣᠪᠢᠨ ᠰᠡᠪᠢᠯᠵᠡᠭᠰᠡᠭᠡᠷ᠂
ᠨᠠᠰᠣ᠌ ᠪᠡᠨ ᠲᠠᠭᠠᠭᠠᠬᠣ᠌ ᠦᠭᠡᠢ ᠨᠠᠮᠠᠶ᠋ᠢ ᠴᠣ᠌ ᠨᠠᠭᠠᠰᠢ ᠪᠡᠨ ᠭᠡᠵᠣ᠌ ᠲᠠᠯᠠᠯᠣᠭᠰᠠᠭᠠᠷ ᠁
ᠲᠡᠭᠡᠨᠡ᠂ ᠦᠷ ᠤ᠋ᠨ ᠭᠡᠭᠡ ᠪᠡᠷ ᠰᠦᠯᠡᠭᠰᠡᠨ 《ᠲᠠᠯᠠ ᠶ᠋ᠢᠨ ᠲᠣᠶᠠᠭᠠ》 ᠮᠢᠨᠢ ᠦᠶᠡ ᠶ᠋ᠢᠨ ᠦᠶᠡ ᠦᠷᠨᠢᠨ ᠪᠠᠳᠠᠷᠠᠬᠣ᠌ ᠶᠣᠰᠣᠳᠠᠢ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃