> ᠲᠤᠰᠬᠠᠢ ᠮᠡᠳᠡᠭᠡᠯᠡᠯ

2026-11-13 16:58:52

ᠵᠣᠬᠢᠶᠠᠭ᠍ᠴᠢ᠄ ᠯᠢ ᠰᠠᠷᠠᠭᠤᠯ ᠭᠦᠨᠪᠢᠯᠢᠭ ᠭᠦᠭᠵᠢᠯᠳᠦ ᠲᠡᠭᠦᠰᠪᠢᠯᠢᠭ ᠬᠠᠢ ᠯᠢ ᠶᠠᠨ ᠼᠠᠢ ᠬᠤᠡᠭ ᠣᠩᠱᠢᠭ᠍ᠰᠠᠨ ᠣᠳᠠᠭ᠎ᠠ᠄ 3

ᠬᠠᠮᠢᠶ᠎ᠠ ᠪᠦᠬᠦᠢ ᠬᠤᠯᠪᠤᠭᠠᠰᠦ ᠄

ᠨᠠᠷᠠᠨᠨᠠᠭᠤᠷ ᠪᠣᠯ ᠪᠠᠶᠠᠨᠨᠠᠭᠤᠷ ᠬᠣᠲᠠ ᠵᠢᠨ ᠳ᠋ᠸᠩᠺᠸᠤ ᠰᠢᠶᠠᠨ ᠤ᠋ ᠪᠠᠶᠠᠨᠭᠤᠤᠯ ᠪᠠᠯᠭᠠᠰᠤᠨ ᠳ᠋ᠤ ᠪᠠᠢᠭ᠎ᠠ ᠵᠣᠬᠢᠶᠠᠮᠠᠯ ᠨᠠᠭᠤᠷ ᠪᠣᠯᠤᠨ᠎ᠠ᠂ ᠡᠮᠦᠨᠡᠰᠢ ᠤᠮᠠᠷᠠᠰᠢ ᠪᠠᠨ ᠪᠠᠷᠤᠭ 10 ᠺᠢᠯᠣᠮᠧᠲ᠋ᠷ᠂ ᠵᠡᠭᠦᠨᠰᠢ ᠪᠠᠷᠠᠭᠤᠨᠰᠢ ᠪᠠᠨ ᠪᠠᠷᠤᠭ 5 ᠺᠢᠯᠣᠮᠧᠲ᠋ᠷ ᠪᠠᠢᠳᠠᠭ ᠨᠠᠷᠠᠨᠨᠠᠭᠤᠷ ᠤ᠋ᠨ ᠤᠰᠤᠨ ᠴᠠᠷᠠᠭ᠎ᠠ ᠵᠢᠨ ᠲᠠᠯᠠᠪᠠᠶ 21 ᠲᠡᠭᠰᠢ ᠳᠥᠷᠪᠡᠯᠵᠢᠨ ᠺᠢᠯᠣᠮᠧᠲ᠋ᠷ ᠬᠦᠷᠴᠦ᠂ ᠤᠰᠤ ᠬᠠᠳᠠᠭᠠᠯᠠᠬᠤ ᠬᠡᠮᠵᠢᠶ᠎ᠡ ᠨᠢ 0.6 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲ᠋ᠷ ᠲᠦ᠍ ᠲᠤᠭᠳᠠᠪᠤᠷᠢᠵᠢᠨ᠂ ᠤᠰᠤᠨ ᠤ᠋ ᠬᠠᠳᠠᠭᠠᠯᠠᠭᠳᠠᠴᠠ ᠨᠢ ᠬᠠᠮᠤᠭ ᠤ᠋ᠨ ᠶᠡᠬᠡ ᠳ᠋ᠡᠬᠡᠨ 2 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲ᠋ᠷ ᠲᠦ᠍ ᠭᠥᠷᠴᠦ ᠦᠩᠬᠡᠷᠡᠵᠠᠢ᠃ ᠨᠠᠷᠠᠨᠨᠠᠭᠤᠷ ᠨᠢ ᠠᠭᠤᠷ ᠠᠮᠢᠰᠬᠤᠯ ᠢ᠋ ᠵᠣᠬᠢᠴᠠᠭᠤᠯᠬᠤ ᠂ ᠤᠰᠤᠨ ᠤ᠋ ᠡᠬᠢ ᠰᠤᠷᠪᠤᠯᠵᠢ ᠵᠢ ᠬᠠᠳᠠᠭᠠᠯᠠᠬᠤ᠂ ᠤᠰᠤᠨ ᠤ᠋ ᠴᠢᠨᠠᠷ ᠢ᠋ ᠴᠡᠪᠡᠷᠰᠢᠭᠦᠯᠬᠦ᠌ ᠵᠡᠷᠭᠡ ᠠᠮᠢ ᠠᠬᠤᠶ ᠵᠢᠨ ᠴᠢᠳᠠᠮᠵᠢ ᠲᠠᠶ ᠪᠠᠶ᠋ᠢᠵᠤ᠂ ᠤᠯᠠᠭᠠᠨᠪᠤᠬ᠎ᠠ ᠵᠢᠨ ᠡᠯᠡᠰᠦ ᠵᠢᠨ ᠵᠡᠭᠦᠨᠰᠢ ᠲᠦᠷᠢᠬᠦ᠌ ᠵᠢ ᠬᠤᠷᠢᠭᠯᠠᠬᠤ ᠴᠢᠬᠤᠯᠠ ᠬᠠᠯᠬᠠᠪᠴᠢ ᠪᠣᠯᠵᠠᠢ᠃




ᠤᠳᠤᠳᠤ ᠳᠡᠭᠷᠢ ᠤᠷᠴᠢᠵᠦ᠂ ᠤᠷᠴᠢᠯᠡᠡᠭ ᠳᠡᠯᠡᠭᠡᠢ ᠵᠢᠮ᠎ᠠ ᠪᠡᠷ ᠵᠢᠠᠨ ᠡᠷᠭᠢᠯᠳᠤᠨ᠂ ᠠᠭᠤᠯᠠ ᠤᠰᠤ ᠲᠦᠮᠠ ᠮᠢᠡᠭᠭᠠᠨ ᠵᠢᠯ ᠤ᠋ᠨ ᠦᠤᠭᠡ ᠳᠡᠤᠭᠡ ᠵᠢ ᠭᠦᠤᠷᠨᠢᠨ᠎ᠠ ᠁

ᠬᠠᠲᠤᠨ ᠭᠣᠣᠯ — ᠮᠢᠩᠭ᠎ᠠ ᠮᠢᠡᠭᠭᠠᠨ ᠵᠢᠯ ᠤ᠋ᠨ ᠳᠡᠤᠭᠡ ᠳᠠᠢ ᠡᠵᠢ ᠭᠣᠣᠯ᠂ ᠪᠠᠶᠠᠨᠬᠠᠷ᠎ᠠ ᠬᠠᠢᠷᠬᠠᠳ ᠡᠴᠡ ᠡᠭᠢ ᠠᠪᠴᠦ ᠮᠢᠡᠭᠭᠠᠨ ᠭᠠᠵᠠᠷ ᠢ᠋ ᠡᠪᠭᠡᠨ ᠤᠷᠤᠰᠬᠤ ᠳ᠋ᠠᠭᠠᠨ ᠦᠨᠳᠦᠷ ᠰᠦᠷᠯᠢᠭ ᠠᠯᠠᠱᠠ ᠠᠭᠤᠯᠠ ᠵᠢᠨ ᠡᠡᠭᠭᠡᠷ ᠲᠦ᠍ ᠳᠤᠯᠤᠨ ᠭᠤᠯᠳᠤᠷᠢᠯ ᠵᠢᠠᠨ ᠰᠣᠯᠢᠬᠤ ᠵᠢᠨ ᠭᠱᠠᠨ ᠳ᠋ᠤ ᠮᠢᠡᠭᠭᠠᠨ ᠵᠢᠯ ᠮᠠᠨᠠᠭᠰᠠᠨ ᠵᠡᠭᠦᠳᠦ ᠪᠡᠨ ᠪᠠᠶᠠᠨᠨᠠᠭᠤᠷ ᠤ᠋ᠨ ᠡᠬᠡ ᠭᠠᠵᠠᠷ ᠳᠡᠭᠡᠷ᠎ᠡ ᠠᠯᠭᠤᠷᠬᠠᠨ ᠲᠠᠯᠪᠢᠯ᠎ᠠ᠃

— ᠦ ᠭᠦᠪᠡᠭᠦᠳ ᠮᠢᠨᠢ᠂ ᠡᠵᠢ ᠨᠢ ᠡᠨᠳᠠ ᠭᠤᠯᠳᠤᠷᠢᠯ ᠵᠢᠡᠨ ᠰᠤᠯᠢᠯ᠎ᠠ᠃ ᠡᠨᠡ ᠤᠰᠤᠨ ᠰᠤᠳᠠᠯ ᠢ᠋ ᠲᠠ ᠨᠠᠷ ᠲᠦ᠍ ᠨᠠᠶ᠋ᠢᠳᠠᠶ᠎ᠠ ᠁

ᠬᠠᠲᠤᠨ ᠭᠤᠤᠯ ᠬᠠᠯᠭᠢᠯᠠᠨ ᠴᠠᠯᠭᠢᠯᠠᠵᠤ᠂ ᠣᠨ ᠰᠠᠷ᠎ᠠ ᠵᠢ ᠠᠯᠤᠰᠯᠠᠨ ᠳᠦᠮᠠᠳ ᠤ᠋ᠨ ᠳᠠᠯ᠎ᠠ ᠤᠷᠤᠭᠤ ᠭᠦᠷᠴᠢᠭᠢᠨᠡᠡᠭᠭᠡᠨ ᠤᠳᠤᠨ᠎ᠠ᠃

— ᠡᠵᠢ ᠡ᠂ ᠰᠠᠨᠠᠭ᠎ᠠ ᠵᠤᠪᠡᠯᠳᠠ ᠦᠭᠡᠢ᠂ ᠲᠠᠨ ᠤ᠋ ᠶᠠᠪᠤᠵᠤ ᠢᠷᠡᠭᠰᠡᠨ ᠮᠦᠷ ᠢ᠋ ᠪᠢᠳᠠ ᠪᠦᠷ ᠴᠡᠭᠡᠵᠢᠯᠡᠵᠦ᠍ ᠪᠠᠶ᠋ᠢᠨ᠎ᠠ᠃ ᠡᠨᠡ ᠭᠠᠵᠠᠷ ᠰᠢᠷᠤᠢ ᠪᠢᠳᠠᠨ ᠤ᠋ ᠡᠭᠡ ᠨᠤᠳᠤᠭ ᠪᠤᠯᠤᠯ᠎ᠠ᠂ ᠡᠨᠡ ᠭᠠᠵᠠᠷ ᠤᠰᠤᠨ ᠤ᠋ ᠠᠮᠢᠳᠠᠨ ᠭᠤᠤᠯᠳᠠᠨ᠂ ᠭᠠᠵᠠᠷ ᠰᠢᠷᠤᠢ ᠵᠢ ᠨᠢ ᠤᠮᠳᠠᠯᠠᠵᠤ ᠶᠠᠪᠤᠬᠤ ᠪᠤᠯᠤᠨ᠎ᠠ ᠪᠢᠳᠠ ᠁

ᠭᠤᠤᠯ ᠤ᠋ᠨ ᠤᠰᠤᠨ ᠶᠠᠪᠤᠵᠤ ᠦᠡᠭᠭᠡᠷᠡᠭᠰᠡᠨ ᠮᠦᠷ ᠲᠡᠭᠡᠷ᠎ᠠ ᠠᠯᠢ ᠤᠯᠠᠨ ᠳᠤᠨᠤᠮᠠᠯ ᠨᠠᠭᠤᠷ ᠨᠡᠯᠦᠢᠨ ᠮᠠᠡᠭᠬᠠᠨ ᠳᠠᠯᠠᠢ ᠵᠢᠨ ᠳᠤᠮᠳᠠ ᠭᠢᠯᠠᠯᠵᠠᠵᠦ᠂ ᠡᠵᠢ ᠭᠤᠤᠯ ᠤ᠋ᠨ ᠶᠠᠪᠤᠵᠤ ᠤᠳᠤᠭᠰᠠᠨ ᠵᠦᠭ ᠳᠠᠯᠠᠯᠤᠨ ᠬᠤᠴᠤᠷᠤᠨ᠎ᠠ᠃

ᠬᠠᠳᠤᠨ ᠭᠤᠤᠯ ᠭᠤᠯᠳᠤᠷᠢᠯ ᠵᠢᠡᠨ ᠥᠭᠡᠷᠡᠴᠢᠯᠡᠨ ᠠᠯᠤᠰ ᠢ᠋ ᠵᠤᠷᠢᠪᠡ᠂《ᠵᠠᠭᠤᠨ ᠨᠠᠭᠤᠷ》ᠤᠷᠤᠰᠬᠠᠯ ᠤ᠋ᠨ ᠵᠠᠮ ᠳ᠋ᠤ ᠢᠡᠭᠭᠢᠵᠦ ᠮᠡᠨᠳᠦᠯᠡᠨ᠂ ᠴᠠᠢᠯᠠᠯᠵᠠᠨ ᠳᠤᠭᠰᠢᠷᠠᠭᠰᠠᠨ ᠤᠯᠠᠭᠠᠨᠪᠤᠬ᠎ᠠ ᠵᠢᠨ ᠡᠯᠡᠰᠦ ᠳᠠᠢ ᠤᠷᠴᠢᠯᠳᠤᠨ ᠳᠤᠯᠤᠯᠳᠤᠵᠤ᠂ ᠭᠡᠳᠦᠨ ᠵᠠᠭᠤᠨ ᠢ᠋ ᠡᠯᠡᠭᠡᠪᠠ ᠁

《ᠵᠠᠭᠤᠨ ᠨᠠᠭᠤᠷ ᠤ᠋ᠨ ᠨᠤᠳᠤᠭ》 ᠭᠡᠮᠡᠭᠳᠡᠭᠰᠡᠨ ᠳ᠋ᠸᠡᠭᠺᠸᠦ ᠰᠢᠶᠠᠨ ᠤ᠋ ᠪᠠᠶᠠᠨᠭᠤᠤᠯ ᠪᠠᠯᠭᠠᠰᠦ ᠵᠢᠨ ᠰᠠᠯᠠᠭᠠᠮᠤᠳᠤ ᠭᠠᠴᠠᠭᠠᠨ ᠳ᠋ᠤ᠂ ᠠᠯᠢ ᠡᠷᠳᠡᠨ ᠤ᠋ ᠳᠡᠷᠡ ᠭᠦ᠌ ᠵᠠᠭᠤᠨ ᠨᠠᠭᠤᠷ ᠤ᠋ᠨ ᠤᠷᠤ ᠪᠠᠷ᠎ᠠ ᠠᠯᠠᠭ᠎ᠠ ᠪᠤᠯᠵᠠᠢ᠃ ᠬᠠᠷᠢᠨ ᠳᠡᠭᠦᠨ ᠤ᠋ ᠤᠷᠤᠨ ᠳᠡᠭᠡᠷ᠎ᠠ ᠭᠦᠮᠦᠨ ᠤ᠋ ᠭᠦᠴᠦ ᠪᠡᠷ ᠡᠭᠦᠰᠭᠡᠨ ᠪᠠᠢᠭᠤᠯᠤᠭᠰᠠᠨ《ᠨᠠᠷᠠᠨᠨᠠᠭᠤᠷ》 ᠭᠢᠯᠠᠯᠵᠠᠨ ᠰᠤᠪᠤᠳᠷᠠᠵᠦ᠂ ᠰᠢᠨ᠎ᠠ ᠴᠠᠭ ᠦᠶ᠎ᠠ ᠵᠢᠨ ᠠᠮᠢ ᠠᠬᠤᠢ ᠵᠢᠨ ᠰᠡᠷᠭᠦᠯᠳᠡ ᠵᠢᠨ ᠠᠮᠢᠨ ᠰᠠᠭᠢᠶ᠎ᠠ ᠪᠤᠯᠵᠦ᠂ ᠡᠨᠡ ᠨᠤᠳᠤᠭ ᠤ᠋ᠨ ᠬᠦᠮᠦᠨ ᠠᠷᠠᠳ ᠤ᠋ᠨ ᠪᠡᠶᠠᠵᠢᠯ ᠴᠢᠨᠡᠭᠡᠯᠢᠭᠵᠢᠯ ᠤ᠋ᠨ ᠪᠠᠳᠦ ᠳᠦᠰᠢᠭ ᠪᠤᠯᠵᠠᠢ᠃



ᠨᠠᠷᠠᠨᠨᠠᠭᠤᠷ ᠤ᠋ᠨ ᠠᠮᠢᠳᠤ ᠰᠠᠭᠢᠶ᠎ᠠ —  ᠤᠢ ᠬᠠᠮᠠᠭᠠᠯᠠᠭᠴᠢ ᠵᠢᠨ ᠳᠦᠴᠢᠨ ᠵᠢᠯ ᠤ᠋ᠨ ᠪᠠᠷᠢᠮᠳᠠᠯᠠᠯ

ᠵᠢᠨ ᠵᠧᠨ ᠶᠦᠨ ᠪᠣᠯ ᠡᠨᠡ ᠨᠤᠲᠤᠭ ᠤ᠋ᠨ ᠬᠠᠮᠤᠭ ᠤ᠋ᠨ 《ᠵᠥᠷᠢᠭᠦᠳ》 ᠠᠮᠢᠳᠦ ᠰᠠᠭᠢᠶ᠎ᠠ᠃ ᠳᠠᠷᠠ ᠠᠪᠤ ᠵᠢᠠ ᠵᠢᠠᠨ ᠤᠢ ᠬᠠᠮᠠᠭᠠᠯᠠᠬᠤ ᠪᠤᠤᠭᠢᠶ᠎ᠠ ᠵᠢ ᠵᠠᠯᠭᠠᠵᠤ ᠠᠪᠬᠤ ᠳ᠋ᠠᠭᠠᠨ᠂ ᠡᠨᠡ ᠨᠤᠳᠤᠭ ᠤ᠋ᠨ ᠰᠠᠭᠤᠷᠢ ᠮᠤᠳᠦ ᠰᠢᠷᠭᠡᠭ ᠡᠪᠡᠰᠦ ᠵᠢ ᠭᠦᠷᠳᠠᠯ᠎ᠠ ᠰᠠᠭᠢᠨ ᠬᠠᠮᠠᠭᠠᠯᠠᠬᠤ ᠬᠠᠳᠠᠭᠤ ᠵᠠᠬᠢᠶ᠎ᠠ ᠵᠢ ᠦᠷᠦᠴᠠ ᠴᠡᠭᠡᠵᠢᠨ ᠳ᠋ᠡᠭᠡᠨ ᠰᠢᠡᠭᠭᠡᠭᠡᠵᠠᠢ᠃

ᠤᠳᠤ ᠡᠴᠡ ᠪᠠᠷᠤᠭ ᠳᠦᠴᠢᠨ ᠵᠢᠯ ᠤ᠋ᠨ ᠡᠮᠦᠨ᠎ᠠ᠂ ᠠᠪᠤ ᠨᠢ ᠣᠢ ᠬᠠᠮᠠᠭᠠᠯᠠᠬᠤ ᠪᠤᠤᠭᠢᠶ᠎ᠠ ᠵᠢ ᠲᠡᠭᠦᠨ ᠤ᠋ ᠭᠠᠷ ᠲᠦ᠍ ᠳᠠᠮᠵᠢᠭᠤᠯᠤᠭᠰᠠᠨ ᠲᠡᠷᠡ ᠡᠳᠦᠷ᠄ 《ᠡᠨᠡ ᠬᠡᠰᠡᠭ ᠣᠢ᠂ ᠡᠨᠡ ᠬᠡᠰᠡᠭ ᠡᠯᠡᠰᠦ ᠵᠢ ᠴᠢᠮ᠎ᠠ ᠳ᠋ᠤ ᠲᠤᠰᠢᠶᠠᠯ᠎ᠠ᠃ ᠭᠡᠳᠦᠢᠪᠡᠷ ᠨᠢᠴᠦᠭᠦᠨ ᠮᠠᠡᠭᠬ᠎ᠠ ᠳᠡᠢᠯᠦᠡᠭᠭᠢ ᠪᠠᠢᠭᠰᠠᠨ ᠴᠦ᠍ ᠭᠡᠵᠢᠶ᠎ᠠ ᠨᠢᠭᠡ ᠡᠳᠦᠷ ᠨᠤᠮᠢᠨ ᠳᠠᠪᠠᠯᠭ᠎ᠠ ᠬᠠᠶᠠᠯᠠᠬᠤ ᠴᠠᠭ ᠪᠤᠢ᠂ ᠮᠠᠨᠠᠢ ᠡᠨᠡ ᠭᠠᠵᠠᠷ ᠤ᠋ᠨ ᠭᠠᠵᠠᠷ ᠳᠤᠤᠷᠠᠭᠢ ᠤᠰᠤᠨ ᠳᠦᠪᠰᠢᠨ ᠦᠨᠳᠤᠷ᠂ ᠭᠡᠵᠢᠶ᠎ᠠ ᠨᠢᠭᠡ ᠡᠳᠦᠷ ᠨᠠᠭᠤᠷ ᠪᠦᠷᠢᠳᠦ ᠳᠤᠭᠳᠠᠬᠤ ᠪᠠᠢᠵᠦ ᠴᠦ᠍ ᠪᠤᠯᠬᠤ ᠶᠤᠮ᠃ ᠭᠦᠦ ᠮᠢᠨᠢ᠂ ᠦᠪᠡᠷ ᠤ᠋ᠨ ᠭᠦᠴᠦ ᠳᠡᠡᠭᠭᠡᠭᠡ ᠵᠢᠠ ᠵᠢᠠᠨ ᠭᠢᠷᠢᠨ ᠳ᠋ᠤ ᠰᠠᠢᠳᠤᠷ ᠬᠠᠮᠠᠭᠠᠯᠠᠵᠤ ᠶᠠᠪᠤᠭᠠᠷᠠᠢ》 ᠭᠡᠵᠦ ᠭᠡᠯᠡᠭᠰᠡᠨ ᠭᠡᠨ᠎ᠠ᠃ ᠡᠨᠡ ᠭᠦ᠌ ᠪᠤᠤᠭᠢᠶ᠎ᠠ ᠵᠢ ᠲᠤᠰᠴᠤ᠌ ᠠᠪᠤᠭᠰᠠᠨ ᠡᠳᠦᠷ ᠡᠴᠡ ᠬᠣᠶ᠋ᠢᠰᠢ ᠵᠢᠨ ᠵᠧᠨ ᠶᠦᠨ ᠳᠠᠭᠢᠵᠦ ᠯᠠ ᠳᠠᠢᠪᠤᠡᠭ ᠰᠠᠭᠤᠵᠦ ᠦᠡᠭᠭᠡᠷᠡᠭᠡ ᠦᠭᠡᠢ᠃

ᠤᠢ ᠬᠠᠮᠠᠭᠠᠯᠠᠭᠴᠢ ᠴᠦ᠍ ᠭᠡᠵᠦ ᠳ᠋ᠸ᠂ ᠴᠠᠭᠠᠨ ᠴᠠᠭᠠᠨ ᠨᠢᠴᠦᠭᠦᠨ ᠮᠠᠡᠭᠬᠠᠨ ᠤ᠋ ᠳᠤᠮᠳᠠᠭᠢ ᠵᠢᠵᠢᠭᠭᠡᠨ ᠭᠦᠨᠳᠡᠢ ᠭᠠᠵᠠᠷ ᠵᠢᠠᠷ ᠬᠠᠶᠠ ᠳᠠᠭᠠᠷᠠᠯᠳᠤᠬᠤ ᠭᠡᠳᠦᠨ ᠪᠤᠳᠠ ᠪᠤᠷᠭᠠᠰᠦ ᠵᠢ  ᠬᠠᠮᠠᠭᠠᠯᠠᠬᠤ ᠳᠡᠳᠦᠢ ᠪᠠᠢᠭᠰᠠᠨ ᠶᠤᠮ᠃ ᠭᠡᠰᠡᠨ ᠴᠦ᠍ ᠳᠠᠷᠠ ᠡᠨᠡ ᠯᠠ ᠶᠤᠮ ᠤ᠋ᠤ ᠳᠠ ᠭᠡᠵᠦ ᠬᠤᠢᠷᠭᠤᠰᠢᠭ᠎ᠠ ᠦᠭᠡᠢ᠃

ᠲᠡᠷᠡ ᠦᠶ᠎ᠡ ᠵᠢᠨ ᠵᠢᠨ ᠵᠧᠨ ᠶᠦᠨ ᠬᠣᠷᠢ ᠭᠠᠷᠴᠤ᠌ ᠪᠠᠶ᠋ᠢᠭᠰᠠᠨ ᠵᠠᠯᠠᠭᠤ ᠭᠦᠮᠦᠨ᠂ ᠨᠢᠳᠦ ᠠᠯᠳᠠᠮ᠎ᠠ ᠡᠯᠡᠰᠦᠨ ᠴᠥᠯ ᠢ᠋ ᠳᠠᠷᠠ ᠬᠤᠶᠠᠷ ᠭᠦᠯ ᠤ᠋ᠨ ᠵᠢᠠᠨ ᠭᠦᠴᠦ ᠪᠡᠷ ᠭᠡᠴᠢᠨᠡᠨ ᠴᠦ᠍ ᠳᠤᠭᠤᠯᠵᠤ ᠪᠠᠢᠭᠰᠠᠨ ᠢ᠋ ᠪᠤᠤ ᠮᠡᠳᠠ᠃ ᠬᠠᠭᠤᠴᠢᠨ ᠳᠡᠪᠦᠷ᠎ᠡ ᠪᠡᠨ ᠡᠭᠦᠷᠴᠦ᠍᠂ ᠬᠠᠭᠤᠷᠠᠢ ᠬᠦᠨᠡᠰᠦ ᠪᠡᠨ ᠡᠪᠦᠷᠯᠡᠨ᠂ ᠨᠠᠷᠠ ᠭᠠᠷᠤᠭᠰᠠᠨ ᠡᠴᠡ ᠨᠠᠷᠠ ᠰᠢᠩᠭᠡᠬᠦ᠌ ᠬᠦᠷᠲᠡᠯ᠎ᠡ᠂ ᠡᠨᠡ ᠡᠯᠡᠰᠦᠨ ᠳᠣᠪᠣᠴᠠᠭ ᠡᠴᠡ ᠨᠦᠬᠦᠭᠡ ᠮᠠᠡᠭᠬᠠᠨ ᠤᠷᠤᠢ ᠬᠦᠷᠲᠡᠯ᠎ᠡ ᠮᠦᠷ ᠵᠢᠠᠨ ᠳᠠᠮᠠᠭᠠᠯᠠᠵᠠᠢ᠃ ᠨᠠᠷᠠᠨᠨᠠᠭᠤᠷ᠎ᠬᠠᠷᠠᠬᠠᠨ ᠱᠠᠯᠪᠠᠭ ᠳᠠᠳᠤᠢ ᠪᠠᠢᠭᠰᠠᠨ ᠲᠡᠳᠡᠭᠡᠷ ᠵᠢᠯ ᠤ᠋ᠳ ᠲᠦ᠍᠂ ᠲᠡᠬᠦᠨ ᠤ᠋ ᠭᠢᠰᠭᠢᠭᠰᠡᠨ ᠮᠦᠷ ᠵᠢᠠᠷ ᠰᠢᠷ᠎ᠠ ᠮᠠᠡᠭᠬ᠎ᠠ ᠯᠠ ᠭᠡᠢᠰᠴᠦ᠂ ᠰᠠᠯᠬᠢ ᠭᠦᠳᠡᠯᠪᠡᠯ ᠲᠩᠷᠢ ᠭᠠᠵᠠᠷ ᠬᠠᠷᠠᠩᠭᠤᠢᠯᠠᠨ᠂ ᠨᠢᠳᠦ ᠪᠡᠨ ᠨᠡᠭᠡᠭᠡᠵᠦ᠍ ᠳᠡᠶ᠋ᠢᠯᠬᠦ᠌ ᠥᠬᠡᠶ᠂ ᠠᠮᠨ ᠬᠠᠮᠠᠷ ᠲᠦ᠍ᠨᠢ ᠡᠯᠡᠰᠦ ᠰᠢᠷᠤᠢ ᠤᠷᠤᠴᠢᠬᠠᠳᠠᠭ ᠪᠠᠢᠯ᠎ᠠ ᠭᠡᠳᠡᠭ᠃

ᠮᠥᠨ ᠲᠡᠳᠡᠭᠡᠷ ᠣᠨ ᠵᠢᠯ ᠤ᠋ᠳ ᠲᠦ᠍᠂ ᠵᠢᠨ ᠵᠧᠨ ᠶᠦᠨ ᠰᠠᠭᠠᠬᠠᠯᠳᠠ ᠵᠡᠷᠭᠡᠯᠡᠳᠡᠭᠡ ᠪᠤᠯᠤᠭᠰᠠᠨ ᠮᠠᠯᠴᠢᠨ ᠲᠠᠷᠢᠶᠠᠴᠢᠨ ᠲᠠᠶ ᠪᠡᠨ ᠪᠠᠭ᠎ᠠ ᠦᠭᠡᠢ ᠨᠢᠭᠤᠷ ᠤᠯᠠᠶ᠋ᠢᠯᠴᠡᠵᠦ ᠦᠡᠭᠭᠡᠷᠡᠵᠠᠢ᠃ ᠤᠯᠠᠨ ᠳᠦᠮᠠᠨ ᠤ᠋ ᠠᠮᠢ ᠠᠬᠤᠶ ᠵᠢᠨ ᠤᠬᠠᠮᠰᠠᠷ ᠬᠠᠷᠠᠬᠠᠨ ᠪᠠᠭᠤᠷᠠᠶ ᠪᠠᠶ᠋ᠢᠭᠰᠠᠨ ᠲᠠᠷᠠ ᠴᠠᠭ ᠦᠶ᠎ᠡ ᠳ᠋ᠤ᠂ ᠵᠠᠷᠢᠮ ᠮᠠᠯᠴᠢᠳ ᠬᠡᠳᠦᠨ ᠮᠠᠯ ᠵᠢᠠᠨ ᠢᠯᠡᠭᠦᠦ ᠵᠢᠭᠠᠬᠠᠨ ᠬᠠᠷᠢᠭᠤᠯᠬᠤ ᠵᠢᠨ ᠲᠥᠯᠥᠭᠡ ᠪᠠᠢᠰᠬᠢᠭᠡᠳ ᠯᠠ ᠪᠡᠯᠴᠢᠭᠡᠷᠯᠡᠭᠦᠯᠬᠦ᠌ ᠵᠢ ᠴᠠᠭᠠᠵᠠᠯᠠᠬᠤ ᠣᠷᠣᠨ ᠳ᠋ᠤ ᠣᠷᠣᠴᠢᠬᠠᠬᠤ ᠭᠡᠳ ᠪᠠᠢᠳᠠᠭ ᠭᠡᠨ᠎ᠠ᠃ ᠨᠢᠭᠡ ᠤᠳᠠᠭ᠎ᠠ᠂ ᠵᠢᠨ ᠵᠸᠨ ᠶᠦᠨ ᠮᠠᠡᠭᠬᠠᠨ ᠤᠷᠤᠢ ᠳᠡᠭᠡᠷ᠎ᠠ ᠰᠠᠭᠤᠨ ᠳᠤᠷᠠᠨᠳᠠᠵᠤ ᠪᠠᠢᠳᠠᠯ᠎ᠠ᠂ ᠨᠠᠭᠤᠷ ᠤ᠋ᠨ ᠭᠦᠪᠡᠭᠡᠨ ᠳ᠋ᠡᠭᠢ ᠬᠤᠯᠤᠰᠤ ᠪᠤᠷᠭᠠᠰᠤ ᠵᠢᠨ ᠲᠤᠮᠳᠠ ᠴᠠᠢᠷᠠᠨ ᠬᠠᠷᠠᠭᠳᠠᠬᠤ ᠨᠢ ᠢᠮᠠᠭ᠎ᠠ ᠰᠢᠭ᠋ ᠯᠠ᠂ ᠨᠠᠷᠢᠪᠴᠢᠯᠠᠨ ᠬᠠᠷᠠᠪᠠᠯ ᠦᠨᠡᠭᠡᠷ ᠨᠢᠭᠡ ᠬᠦᠮᠦᠨ ᠢᠮᠠᠭ᠎ᠠ ᠪᠡᠨ ᠳᠠᠭᠤᠨ ᠪᠤᠷᠭᠠᠰᠤᠨ ᠰᠢᠭᠤᠢ ᠳ᠋ᠤ ᠪᠡᠯᠴᠢᠭᠡᠷᠯᠡᠭᠦᠯᠵᠦ ᠪᠠᠢᠯ᠎ᠠ᠃ ᠵᠢᠨ ᠵᠧᠨ ᠶᠦᠨ ᠳᠠᠷᠠ ᠳᠠᠷᠤᠢᠬᠠᠨ ᠭᠦᠯ ᠤ᠋ᠨ ᠬᠤᠷᠳᠦ ᠪᠡᠷ ᠮᠠᠡᠭᠬᠠᠨ ᠤᠷᠤᠢ ᠵᠢ ᠬᠤᠯᠪᠤᠭᠤᠯᠤᠨ ᠭᠦᠶᠦᠵᠦ ᠭᠦᠷᠦᠭᠡᠳ᠄《ᠡᠨᠳᠠ ᠪᠡᠯᠴᠢᠭᠡᠷᠯᠡᠭᠦᠯᠬᠦ᠌ ᠵᠢ ᠴᠠᠭᠠᠵᠠᠯᠠᠵᠤ ᠪᠠᠢᠬᠤ ᠵᠢ ᠮᠡᠳᠡᠵᠤ ᠪᠠᠢᠳᠠᠯ᠎ᠠ ᠶᠠᠭᠠᠭᠢᠭᠠᠳ ᠪᠠᠰᠠ ᠮᠠᠯ ᠵᠢᠠᠨ ᠪᠡᠯᠴᠢᠭᠡᠵᠦ ᠪᠠᠢᠭ᠎ᠠ ᠶᠤᠮ ᠪᠤᠢ? ᠢᠮᠠᠭᠠᠳ ᠴᠢᠨᠢ ᠡᠨᠡ ᠨᠢᠯᠬ᠎ᠠ ᠪᠤᠷᠭᠠᠰᠤᠨ ᠤ᠋ ᠰᠠᠯᠠᠭ᠎ᠠ ᠨᠠᠮᠠᠭ᠎ᠠ ᠵᠢ ᠲᠤᠵᠢᠢᠳᠠᠯ᠎ᠠ ᠮᠦᠯᠵᠢᠴᠢᠬᠡᠨ᠎ᠠ᠂ ᠢᠡᠭᠭᠢᠭᠡᠳ ᠪᠠᠢᠪᠠᠯ ᠡᠨᠡ ᠮᠠᠡᠭᠬ᠎ᠠ ᠭᠡᠵᠢᠶᠠᠳᠠ ᠮᠠᠡᠭᠬ᠎ᠠ ᠪᠡᠷ ᠵᠢᠠᠨ ᠦᠯᠡᠳᠡᠨ᠎ᠠ ᠰᠢᠦ》 ᠭᠡᠵᠦ ᠶᠤᠰᠤ ᠤᠴᠢᠷ ᠦᠭᠦᠯᠡᠪᠡ᠃《ᠪᠢ ᠮᠠᠯ ᠵᠢᠠᠨ ᠢᠡᠭᠭᠢᠵᠦ ᠬᠠᠷᠢᠭᠤᠯᠬᠤ ᠦᠭᠡᠢ᠂ ᠨᠢᠭᠡ ᠭᠡᠷ ᠤ᠋ᠨ ᠬᠥᠭᠰᠢᠨ ᠨᠢᠯᠬ᠎ᠠ ᠶᠠᠭᠤ ᠢᠳᠡᠬᠦ᠌ ᠪᠤᠢ?ᠴᠢᠨᠦ ᠡᠨᠡ ᠮᠠᠡᠭᠬ᠎ᠠ ᠤᠢ ᠰᠢᠭᠤᠢ ᠪᠤᠯᠵᠤ ᠨᠤᠭᠤᠭᠠᠷᠠᠳᠠᠯ᠎ᠠ ᠮᠢᠨᠦ ᠡᠨᠡ ᠭᠡᠳᠦᠨ ᠢᠮᠠᠭ᠎ᠠ ᠴᠦ᠍ ᠦᠯᠡᠳᠡᠭᠦ ᠡᠴᠡ ᠴᠠᠭᠠᠰᠢ ᠪᠠᠢᠬᠤ ᠤᠤ》ᠭᠡᠮᠠᠨ ᠬᠣᠶᠠᠭᠤᠯᠠ ᠨᠢᠭᠤᠷ ᠴᠢᠷᠠᠢ᠎ᠪᠠᠨ ᠤᠯᠠᠶ᠋ᠢᠲᠠᠯ᠎ᠠ ᠪᠤᠯᠢᠶᠠᠯᠳᠤᠭᠰᠠᠨ ᠭᠡᠨ᠎ᠠ᠃

ᠲᠡᠷᠡ ᠰᠥᠨᠢ᠂ ᠵᠢᠨ ᠵᠧᠨ ᠶᠦᠨ ᠰᠦᠨᠢᠵᠢᠨ ᠤᠨᠲᠠᠵᠤ ᠣᠷᠣᠭᠰᠠᠨ ᠥᠬᠡᠶ᠃ ᠲᠡᠷᠡ ᠨᠠᠶ᠋ᠢᠷ ᠲᠠᠯ᠎ᠠ ᠬᠠᠷᠠᠬᠤ ᠵᠢ ᠮᠡᠳᠡᠭᠦ ᠦᠭᠡᠢ ᠪᠢᠰᠢ᠂ ᠲᠡᠷᠡ ᠪᠠᠰᠠ ᠮᠠᠯᠴᠢᠳ ᠤ᠋ᠨ ᠬᠦᠴᠢᠷᠳᠡᠯ ᠢ᠋ ᠮᠡᠳᠡᠨ᠎ᠡ᠂ ᠳᠠᠷᠢᠶ᠎ᠠ ᠴᠦᠭᠡᠨ᠂ ᠤᠷᠭᠤᠴᠠ ᠮᠠᠭᠤ᠂ ᠭᠡᠳᠦᠨ ᠮᠠᠯ ᠮᠠᠯᠵᠢᠵᠦ ᠤᠷᠤᠯᠭ᠎ᠠ ᠪᠠᠨ ᠨᠡᠮᠡᠭᠳᠡᠭᠦᠯᠵᠦ ᠠᠮᠢᠳᠤᠷᠠᠯ ᠵᠢᠠᠨ ᠳᠠᠳᠠᠬᠤ ᠡᠴᠡ ᠦᠭᠡᠷ᠎ᠠ ᠳᠠᠳᠠ ᠶᠠᠭᠠᠭᠢᠬᠤ ᠴᠦ᠍ ᠪᠢᠯᠠ᠃ ᠭᠡᠳᠠᠯ᠎ᠠ ᠡᠨᠡ ᠠᠵᠢᠯ ᠢ᠋ ᠬᠤᠪᠢᠳᠠᠵᠤ ᠠᠪᠤᠭᠰᠠᠨ ᠳᠠᠷᠠ ᠡᠳᠦᠷ ᠡᠴᠡ ᠡᠭᠢᠯᠡᠨ ᠳᠠᠬᠦᠨ ᠤ᠋ ᠨᠡᠡᠭ ᠢᠯᠡᠭᠦᠦ ᠤᠢᠯᠠᠭᠠᠵᠤ ᠪᠠᠢᠭ᠎ᠠ ᠨᠢ᠂ ᠳᠦᠡᠭᠭᠡᠵᠢ ᠤᠷᠭᠤᠵᠦ ᠡᠭᠢᠯᠡᠵᠤ ᠪᠠᠢᠭ᠎ᠠ ᠡᠨᠡ ᠭᠡᠰᠡᠭᠭᠡᠨ ᠤᠢ ᠵᠢ ᠮᠡᠷᠡᠭᠡᠳ ᠪᠠᠢᠪᠠᠯ ᠴᠠᠭᠠᠨ ᠮᠠᠡᠭᠬ᠎ᠠ ᠭᠡᠵᠢᠶ᠎ᠠ ᠴᠦ᠍ ᠴᠠᠭᠠᠨ ᠮᠡᠡᠭᠬ᠎ᠠ ᠪᠡᠷ ᠵᠢᠠᠨ ᠪᠠᠢᠬᠤ ᠪᠤᠯᠤᠨ᠎ᠠ᠃ ᠮᠠᠯᠴᠢᠳ ᠤ᠋ᠨ ᠠᠮᠢᠳᠤᠷᠠᠯ ᠤ᠋ᠨ ᠨᠠᠭᠠᠨ᠎ᠠ᠂ ᠡᠨᠡ ᠶᠡᠭᠡ ᠡᠯᠡᠰᠦ ᠮᠠᠡᠭᠬᠠᠨ ᠤ᠋ ᠠᠮᠢ ᠠᠬᠤᠢ ᠵᠢ ᠬᠠᠮᠠᠭᠠᠯᠠᠬᠤ ᠨᠢ ᠳᠡᠭᠦᠨ ᠤ᠋ ᠰᠡᠳᠭᠢᠯ ᠳ᠋ᠤ ᠬᠡᠵᠢᠶ᠎ᠠ ᠴᠦ᠍ ᠨᠢᠭᠡᠳᠦᠭᠡᠷ ᠪᠠᠢᠷᠢᠨ ᠳ᠋ᠤ ᠪᠠᠢᠬᠤ ᠪᠠᠨ ᠳᠠᠷᠠ ᠰᠠᠳᠭᠢᠯ ᠳ᠋ᠡᠭᠡᠨ ᠳᠠᠭᠢᠨᠳᠠ ᠪᠠᠳᠤᠳᠬᠠᠵᠠᠢ᠃

ᠳᠠᠳᠠᠭᠡᠷ ᠤᠨ ᠵᠢᠯ ᠤ᠋ᠳ ᠲᠦ᠍ ᠡᠨᠡ ᠨᠤᠳᠤᠭ ᠤ᠋ᠨ ᠮᠠᠯᠴᠢᠨ ᠳᠠᠷᠢᠶᠠᠴᠢᠨ ᠤ᠋ ᠦᠷ᠎ᠠ ᠭᠡᠤᠭᠡᠳ ᠤ᠋ᠨ ᠤᠯᠠᠡᠭᠭᠢ ᠨᠢ ᠭᠠᠳᠠᠭᠰᠢ ᠶᠠᠪᠤᠵᠤ ᠪᠢᠴᠢᠭ ᠰᠤᠶᠤᠯ ᠦᠵᠡᠨ ᠶᠡᠭᠡ ᠭᠠᠵᠠᠷ ᠵᠢᠠᠷ ᠠᠵᠢᠯᠯᠠᠵᠤ ᠠᠮᠢᠳᠤᠷᠠᠬᠤ᠂ ᠡᠰᠡᠭᠦᠯ᠎ᠡ ᠭᠦᠯᠦᠰᠦᠨ ᠠᠵᠢᠯ ᠭᠢᠵᠦ ᠶᠠᠪᠤᠵᠠᠭᠠᠭᠰᠠᠨ ᠢ᠋ ᠳᠠᠷᠠ ᠨᠢᠳᠦ ᠪᠡᠷ ᠵᠢᠠᠨ ᠦᠵᠡᠯ᠎ᠠ᠃ ᠠᠷᠭ᠎ᠠ ᠴᠦ᠍ ᠦᠭᠡᠢ ᠳ᠋ᠸ᠂ ᠳᠠᠷᠢᠶ᠎ᠠ ᠳᠦᠮᠦᠰᠦ ᠤᠷᠭᠤᠴᠠ ᠮᠠᠭᠤᠳᠠᠢ᠂ ᠮᠠᠯ ᠤᠨᠤᠭ᠎ᠠ ᠴᠦ᠍ ᠮᠠᠯᠵᠢᠬᠤ ᠳ᠋ᠤ ᠭᠦᠴᠢᠷᠳᠠᠢ ᠪᠠᠢᠭᠰᠠᠨ ᠪᠤᠯᠬᠤᠷ ᠵᠠᠯᠠᠭᠤᠴᠤᠳ ᠢ᠋ ᠭᠡᠷᠭᠢᠨ ᠦᠯᠡᠳᠡᠭᠡᠭᠦ ᠪᠤᠢ? ᠭᠡᠳᠠᠯ᠎ᠠ ᠡᠭᠦᠨ ᠳᠠᠢ ᠵᠡᠷᠭᠡᠴᠡᠭᠡ ᠪᠡᠷ ᠳᠠᠷᠠ ᠴᠠᠭᠠᠨ ᠮᠠᠡᠭᠬᠠᠨ ᠳᠤᠮᠳᠠᠭᠢ ᠪᠤᠷᠭᠠᠰᠦ ᠳᠤᠷᠯᠤᠭ ᠬᠠᠷᠢᠨ ᠠᠮᠢᠵᠢᠷᠠᠯ ᠵᠢᠠᠨ ᠤᠯᠵᠤ᠂ ᠡᠳᠦᠷ ᠡᠴᠡ ᠡᠳᠦᠷ ᠦᠷᠭᠡᠵᠢᠭᠦ ᠵᠢ ᠬᠠᠷᠠᠵᠤ ᠵᠢᠭᠠᠬᠠᠨ ᠴᠦ᠍ ᠭᠡᠰᠡᠨ ᠰᠡᠳᠬᠢᠯ ᠠᠭᠤᠵᠢᠷᠠᠨ᠎ᠠ᠂ ᠨᠠᠮ ᠵᠠᠰᠠᠭ ᠡᠴᠡ ᠠᠮᠢ ᠠᠬᠤᠢ ᠵᠢ ᠴᠢᠬᠤᠯᠠᠴᠢᠯᠠᠬᠤ ᠵᠢ ᠳᠠᠷᠢᠭᠦᠨ ᠳ᠋ᠤ ᠳᠠᠯᠪᠢᠬᠤ ᠳᠦᠷᠦ ᠵᠢᠨ ᠪᠤᠳᠤᠯᠭ᠎ᠠ ᠨᠢᠳᠦᠨ ᠳ᠋ᠤ ᠦᠵᠡᠭᠳᠡᠳᠡᠯ᠎ᠠ ᠭᠠᠷ ᠲᠦ᠍ ᠪᠠᠷᠢᠭᠳᠠᠳᠠᠯ᠎ᠠ ᠳᠤᠭᠤᠰᠢᠯᠠᠭᠤᠯᠤᠭᠳᠠᠵᠤ ᠪᠠᠢᠬᠤ ᠵᠢ ᠲᠡᠷᠡ ᠪᠡᠶ᠎ᠠ ᠪᠡᠷ ᠵᠢᠠᠨ ᠦᠡᠭᠭᠡᠷᠡᠭᠦᠯᠦᠯ᠎ᠠ᠃ ᠦᠶᠡᠷᠯᠡᠭᠦ ᠬᠤᠭᠤᠴᠠᠭᠠᠨ ᠤ᠋ ᠬᠠᠳᠤᠨ ᠭᠤᠤᠯ ᠤ᠋ᠨ ᠤᠰᠤ ᠳᠠᠳᠠᠮᠠᠯ ᠰᠤᠪᠠᠭ ᠵᠢᠠᠷ ᠨᠠᠷᠠᠨᠨᠠᠭᠤᠷ ᠤᠷᠤᠭᠤ ᠴᠢᠳᠬᠤᠯᠠᠨ᠂ ᠦᠵᠡᠵᠦ ᠬᠠᠷᠠᠵᠤ ᠪᠠᠢᠳᠠᠯ᠎ᠠ ᠳᠤᠮᠤ ᠨᠠᠭᠤᠷ ᠪᠤᠯᠤᠨ ᠨᠠᠯᠠᠢᠬᠤ ᠵᠢ ᠴᠦ᠍ ᠳᠠᠷᠠ ᠬᠠᠷᠠᠯ᠎ᠠ᠃

ᠬᠡᠳᠦᠨ ᠠᠷᠪᠠᠨ ᠵᠢᠯ ᠥᠩᠭᠡᠷᠡᠴᠢᠬᠡᠯ᠎ᠡ᠂ ᠨᠠᠷᠠᠨᠨᠠᠭᠤᠷ ᠰᠢᠷᠭᠢᠵᠦ ᠬᠠᠳᠠᠮᠠᠯ ᠤᠷᠤ ᠪᠠᠢᠭᠰᠠᠨ ᠡᠴᠡ ᠳᠤᠨᠤᠮᠠᠯ ᠤᠰᠤᠨ ᠪᠤᠯᠵᠤ᠂ ᠳᠤᠨᠤᠮᠠᠯ ᠤᠰᠤᠨ ᠡᠴᠡ ᠪᠡᠨ ᠪᠦᠷ ᠴᠦ᠍ ᠳᠤᠮᠤ ᠨᠠᠭᠤᠷ ᠪᠤᠯᠤᠨ ᠪᠦᠷᠢᠯᠳᠦᠵᠦ᠂ ᠮᠠᠡᠭᠬᠠᠨ ᠳᠤᠮᠳᠠᠭᠢ ᠰᠤᠪᠤᠳᠤᠨ ᠰᠢᠭᠢᠳᠭᠡᠭᠡ ᠪᠤᠯᠤᠨ ᠤᠢᠷ᠎ᠠ ᠬᠠᠪᠢ ᠵᠢᠨ ᠡᠯᠡᠰᠦ ᠮᠠᠡᠭᠬ᠎ᠠ ᠵᠢ ᠬᠠᠰᠢᠵᠤ᠂ ᠠᠷᠠᠳ ᠢᠷᠭᠡᠳ᠂ ᠠᠮᠢᠳᠠᠨ ᠭᠤᠤᠯᠳᠠᠨ ᠢ᠋ ᠤᠮᠳᠠᠯᠠᠵᠤ ᠪᠠᠢᠬᠤ ᠵᠢ ᠲᠡᠷᠡ ᠨᠢᠳᠦ ᠪᠡᠷ ᠵᠢᠡᠨ ᠦᠵᠡᠪᠡ᠃ ᠤᠳᠤ ᠤᠤᠯ ᠤ᠋ᠨ ᠰᠢᠭ᠋ ᠳᠡᠭᠷᠢ ᠭᠠᠵᠠᠷ ᠨᠡᠢᠯᠡᠭᠰᠡᠨ ᠡᠯᠡᠰᠤᠨ ᠰᠢᠭᠤᠷᠭ᠎ᠠ ᠵᠢ ᠤᠯᠵᠤ ᠬᠠᠷᠠᠬᠤ ᠪᠡᠨ ᠪᠤᠯᠢᠵᠠᠢ᠃ ᠭᠠᠵᠠᠷ ᠳᠣᠣᠷᠠᠬᠢ ᠤᠰᠤ ᠢᠳᠡᠭ ᠢᠳᠡᠭ ᠵᠢᠡᠷ ᠳᠡᠭᠡᠭᠰᠢᠯᠡᠭᠰᠡᠨ ᠡᠴᠡ ᠠᠮᠢ ᠠᠬᠤᠢ ᠤᠷᠴᠢᠨ ᠳᠤᠭᠤᠷᠢᠨ  ᠤᠷᠢᠳᠦ ᠪᠠᠢᠭ᠎ᠠ ᠦᠭᠡᠢ ᠰᠠᠢᠵᠢᠷᠠᠪᠠ᠃

ᠰᠡᠭᠦᠯᠡᠷ ᠨᠢ ᠤᠰᠤᠨ ᠤ᠋ ᠰᠢᠪᠠᠭᠤᠳ ᠰᠦᠷᠦᠭᠯᠡᠨ ᠢᠷᠡᠳᠡᠭ ᠪᠤᠯᠵᠤ᠂ ᠨᠠᠭᠤᠷ ᠤ᠋ᠨ ᠬᠥᠪᠡᠭᠡ ᠪᠡᠷ ᠬᠤᠯᠤᠰᠤ ᠵᠡᠭᠡᠰᠦ ᠵᠢᠭᠳᠡᠷᠡᠨ᠂ ᠪᠤᠳᠠ ᠪᠤᠷᠭᠠᠰᠦ᠂ ᠵᠠᠬ ᠤ᠋ᠨ ᠤᠢ ᠳᠤᠮᠳᠠᠭᠤᠷ ᠦᠨᠡᠭᠡ ᠳᠠᠤᠯᠠᠢ ᠭᠦᠶᠦᠯᠳᠦᠳᠡᠭ ᠪᠤᠯᠵᠠᠢ᠃ ᠡᠳᠡᠭᠡᠷ ᠬᠤᠪᠢᠷᠠᠯᠳᠠ ᠵᠢ ᠨᠢᠭᠡᠨ ᠴᠠᠭ ᠤ᠋ᠨ ᠳᠤᠳᠤᠷ᠎ᠠ ᠡᠷᠭᠢᠴᠡᠭᠦᠯᠭᠦ ᠳ᠋ᠤ ᠳᠠᠭᠦᠨ ᠤ᠋ ᠳᠤᠳᠤᠷ᠎ᠠ ᠨᠢᠯᠪᠤᠰᠤ ᠳᠠᠢ ᠪᠠᠰᠠ ᠳᠤᠭᠳᠤᠯᠤᠯ ᠳᠠᠢ᠃ ᠡᠨᠡ ᠪᠦᠭᠦ ᠵᠦᠢᠯ ᠢ᠋ ᠦᠪᠡᠷ ᠤ᠋ᠨ ᠪᠡᠶ᠎ᠠ ᠪᠡᠷ ᠵᠢᠠᠨ ᠦᠡᠭᠭᠡᠷᠡᠭᠦᠯᠦᠭᠰᠡᠨ ᠭᠦᠮᠦᠨ ᠯᠠ ᠰᠠᠶᠢ ᠳᠠᠷᠠ ᠳᠤᠭᠳᠤᠯᠤᠯ ᠢ᠋ ᠮᠡᠳᠡᠷᠡᠵᠦ ᠴᠢᠳᠠᠬᠤ ᠪᠤᠯᠪᠠᠤ ᠳᠠ᠃

《ᠤᠳᠤ ᠠᠮᠢ ᠠᠬᠤᠢ ᠰᠠᠶ᠋ᠢᠵᠢᠷᠠᠵᠤ᠂ ᠡᠨᠡ ᠭᠡᠰᠡᠭ ᠨᠤᠳᠤᠭ ᠤᠰᠤᠨ ᠳ᠋ᠤ ᠠᠮᠢᠵᠢᠷᠠᠯ ᠤ᠋ᠨ ᠦᠡᠭᠭᠡ ᠳᠦᠭᠦᠷᠡᠡᠭ ᠪᠤᠯᠤᠭᠰᠠᠨ᠃ ᠵᠠᠷᠢᠮ ᠦᠶ᠎ᠠ ᠳ᠋ᠤ ᠡᠨᠳᠠ ᠵᠤᠭᠰᠤᠭᠠᠳ ᠡᠨᠡ ᠭᠡᠰᠡᠭ ᠠᠮᠢ ᠠᠬᠤᠢ ᠵᠢᠨ ᠨᠤᠭᠤᠭᠠᠨ ᠪᠤᠳᠤᠭ ᠤ᠋ᠨ ᠵᠢᠷᠤᠭ ᠢ᠋ ᠬᠠᠷᠠᠬᠤ ᠳ᠋ᠤ ᠦᠨᠡᠭᠡᠷ ᠨᠢᠳᠦ ᠪᠡᠨ ᠢᠳᠡᠭᠡᠵᠦ ᠶᠠᠳᠠᠬᠤ ᠪᠤᠳᠤᠯ ᠳᠦᠷᠦᠭᠦᠯᠳᠡᠭ ᠰᠢᠦ᠃ ᠤᠳᠤ ᠡᠴᠡ ᠳᠦᠴᠢᠨ ᠵᠢᠯ ᠤ᠋ᠨ ᠡᠮᠦᠨ᠎ᠠ ᠪᠠᠢᠭᠰᠠᠨ ᠪᠤᠯ ᠡᠢᠮᠦ ᠭᠡᠮᠵᠢᠶᠠᠨ ᠳ᠋ᠤ ᠭᠦᠷᠦᠨ᠎ᠠ ᠭᠡᠵᠦ ᠪᠤᠳᠤᠬᠤ ᠴᠦ᠍ ᠵᠤᠷᠢᠭ ᠦᠭᠡᠢ》 ᠭᠡᠵᠦ ᠶᠠᠷᠢᠬᠤ ᠳ᠋ᠤ ᠵᠢᠨ ᠵᠸᠨ ᠶᠦᠨ ᠤ᠋ ᠨᠢᠳᠦᠨ ᠳ᠋ᠤ ᠵᠠᠢᠷ ᠮᠡᠯᠳᠡᠭᠡᠨᠡᠵᠦ ᠪᠠᠢᠭᠰᠠᠨ ᠶᠤᠮ᠃

ᠨᠠᠷᠠᠨᠨᠠᠭᠤᠷ ᠤ᠋ᠨ ᠠᠷᠢᠭᠤᠨ ᠰᠢᠮ᠎ᠠ — ᠡᠭᠡᠯ ᠳᠠᠷᠢᠶᠠᠴᠢᠨ ᠤ᠋ ᠦᠡᠭᠰᠢᠭ ᠦᠢᠯᠡᠰ

ᠰᠠᠯᠠᠭᠠᠮᠤᠳᠦ ᠭᠠᠴᠠᠭᠠᠨ ᠤ᠋ ᠯᠢᠦ ᠵᠢᠶᠠᠨ ᠫᠢᠩ ᠡᠨᠡ ᠨᠠᠰᠤᠨ ᠳ᠋ᠠᠭᠠᠨ ᠳ᠋ᠸᠩᠺᠸᠤ ᠰᠢᠶᠠᠨ ᠡᠴᠠ ᠪᠡᠨ ᠪᠠᠷᠤᠭ ᠯᠠ ᠰᠠᠯᠵᠤ ᠦᠵᠡᠭᠡ ᠥᠬᠡᠶ᠃

ᠵᠠᠯᠠᠭᠤ ᠪᠠᠭ᠎ᠠ ᠡᠴᠡ ᠪᠡᠨ ᠳᠡᠷᠡ ᠭᠡᠷ ᠤ᠋ᠨ ᠵᠢᠠᠨ ᠭᠡᠳᠦᠭᠡᠨ ᠮᠦ᠍ ᠭᠠᠵᠠᠷ ᠳᠠᠭᠠᠨ ᠡᠷᠳᠡᠯᠡᠵᠦ ᠤᠷᠤᠢᠯᠠᠨ ᠶᠠᠭᠠᠷᠠᠭᠰᠠᠨ ᠳᠠᠷᠢᠶᠠᠴᠢᠨ ᠪᠠᠢᠵᠠᠢ᠃ ᠭᠠᠵᠠᠷ ᠤ᠋ᠨ ᠭᠦᠷᠦᠰᠦ ᠨᠢᠮᠭᠡᠨ᠂ ᠰᠠᠯᠬᠢ ᠶᠡᠬᠡ᠂ ᠰᠠᠯᠬᠢᠯᠠᠭᠠᠳ ᠡᠭᠢᠯᠡᠭᠦ ᠪᠡᠷ ᠡᠯᠡᠰᠦ ᠰᠢᠷᠦᠢ ᠳᠡᠭᠷᠢ ᠭᠠᠵᠠᠷ ᠢ᠋ ᠨᠡᠢᠯᠡᠭᠦᠯᠦᠨ᠂ ᠨᠢᠯᠬ᠎ᠠ ᠴᠢᠭᠢ ᠵᠢ ᠦᠨᠳᠦᠰᠦᠨ ᠡᠴᠡ ᠨᠢ ᠦᠯᠢᠶᠡᠴᠢᠭᠡᠨ᠎ᠠ᠃ ᠳᠠᠷᠠ ᠦᠶ᠎ᠠ ᠳ᠋ᠤ ᠳᠠᠷᠢᠶ᠎ᠠ ᠳᠠᠷᠢᠬᠤ ᠨᠢ ᠵᠦᠪᠭᠡᠨ ᠠᠮᠢ ᠪᠠᠨ ᠪᠤᠷᠤᠯᠠᠭᠤᠯᠬᠤ ᠯᠠ ᠳᠠᠳᠤᠢ ᠪᠠᠢᠭᠰᠠᠨ᠃ ᠰᠡᠭᠦᠯᠡᠷ ᠨᠢ ᠯᠢᠦ ᠵᠢᠶᠠᠨ ᠫᠢᠡᠭ ᠰᠢᠶᠠᠨ ᠳ᠋ᠠᠭᠠᠨ ᠣᠷᠣᠵᠤ ᠲᠦᠷ ᠴᠠᠭ ᠤ᠋ᠨ ᠠᠵᠢᠯ ᠬᠢᠬᠦ᠌᠂ ᠲᠣᠭᠣᠰᠬ᠎ᠠ ᠵᠥᠭᠡᠭᠡᠬᠦ᠌᠂ ᠤᠭᠤᠲᠠ ᠡᠭᠦᠷᠬᠦ᠌ ᠵᠡᠷᠭᠡ ᠭᠦᠴᠦᠨ ᠤ᠋ ᠠᠵᠢᠯ ᠬᠢᠵᠦ᠍ ᠥᠵᠡᠪᠡ᠃ ᠭᠡᠲᠡᠯ᠎ᠡ ᠬᠣᠲᠠ ᠳ᠋ᠤ ᠭᠡᠳᠦᠢᠪᠡᠷ ᠠᠮᠢ ᠪᠡᠨ ᠪᠤᠷᠤᠯᠠᠭᠤᠯᠵᠤ ᠭᠡᠳᠡᠰᠦ ᠪᠡᠨ ᠴᠠᠳᠭᠠᠵᠤ ᠲᠠᠢᠯᠬᠦ ᠪᠤᠯᠪᠠᠴᠦ ᠴᠢᠨᠡᠭᠡᠯᠢᠭ ᠠᠮᠢᠳᠤᠷᠠᠯ ᠳᠡᠢᠰᠢ ᠵᠠᠮᠨᠠᠬᠤ ᠨᠢ ᠳᠡᠷᠡ ᠬᠤᠯᠠ ᠳᠡᠭᠷᠢ ᠤᠢᠷᠠᠬᠠᠨ ᠪᠠᠢᠯ᠎ᠠ᠃ 

2010 ᠤᠨ ᠡᠴᠡ ᠡᠭᠢᠯᠡᠨ ᠳ᠋ᠸᠡᠭᠺᠸᠦ ᠰᠢᠶᠠᠨ ᠤ᠋ ᠭᠢᠨ ᠬᠠᠲᠤᠨ ᠭᠤᠤᠯ ᠤ᠋ᠨ ᠰᠥᠩ ᠬᠠᠯᠢᠶ᠎ᠠ ᠦᠶᠡᠷ ᠤ᠋ᠨ ᠲᠦᠭᠰᠢᠭᠦᠷᠢ ᠵᠢ ᠨᠠᠮᠳᠠᠭᠤᠯᠵᠤ᠂ ᠤᠯᠠᠭᠠᠨᠪᠤᠬ᠎ᠠ ᠵᠢᠨ ᠡᠯᠡᠰᠦᠨ ᠴᠥᠯ ᠤ᠋ᠨ ᠵᠡᠭᠦᠨᠰᠢ ᠲᠦᠷᠢᠬᠦ᠌ ᠵᠢ ᠬᠣᠷᠢᠭᠯᠠᠵᠤ᠂ ᠲᠡᠮᠦᠷ ᠵᠠᠮ ᠪᠣᠯᠤᠨ ᠬᠠᠲᠤᠨ ᠭᠤᠤᠯ ᠤ᠋ᠨ ᠤᠰᠤᠨ ᠠᠰᠢᠭᠯᠠᠯᠲᠠ ᠵᠢᠨ ᠲᠥᠬᠥᠭᠡᠷᠦᠮᠵᠢ ᠵᠢᠨ ᠠᠮᠤᠷ ᠲᠦᠪᠰᠢᠨ ᠢ᠋ ᠬᠠᠮᠠᠭᠠᠯᠠᠬᠤ ᠵᠢᠨ ᠲᠥᠯᠥᠭᠡ᠂ ᠬᠠᠳᠤᠨ ᠭᠤᠤᠯ ᠤ᠋ᠨ ᠦᠶᠡᠷ ᠤ᠋ᠨ ᠬᠤᠭᠤᠴᠠᠭᠠᠨ ᠳ᠋ᠤ ᠰᠠᠯᠪᠤᠷᠢᠯᠠᠨ ᠭᠠᠷᠭᠠᠭᠰᠠᠨ ᠤᠰᠤ ᠵᠢ ᠳᠠᠳᠠᠮᠠᠯ ᠰᠤᠪᠠᠭ ᠵᠢᠠᠷ ᠤᠤᠯ ᠤ᠋ᠨ 《ᠵᠠᠭᠤᠨ ᠨᠠᠭᠤᠷ》 ᠤ᠋ᠨ ᠤᠷᠤᠨ ᠳ᠋ᠤ ᠳᠠᠳᠠᠨ ᠤᠷᠤᠭᠤᠯᠵᠤ᠂ ᠰᠢᠨ᠎ᠠ ᠨᠠᠭᠤᠷ ᠭᠠᠷᠭᠠᠯ᠎ᠠ᠃ ᠡᠨᠡ ᠨᠠᠭᠤᠷ ᠵᠢᠠᠨ ᠳᠡᠳᠠ ᠴᠠᠭᠠᠨ ᠮᠠᠡᠭᠬᠠᠨ ᠳᠠᠯᠠᠢ ᠳ᠋ᠤ ᠮᠠᠨᠳᠤᠭᠰᠠᠨ ᠨᠠᠷᠠ ᠪᠡᠷ ᠵᠦᠢᠷᠯᠡᠵᠤ 《ᠨᠠᠷᠠᠨᠨᠠᠭᠤᠷ》 ᠭᠡᠵᠤ ᠨᠡᠷᠡᠯᠡᠵᠠᠢ᠃

ᠡᠨᠡ ᠭᠦ᠌ ᠠᠮᠢ ᠠᠬᠤᠢ ᠵᠢᠨ ᠰᠡᠷᠭᠦᠯᠳᠡ ᠵᠢᠨ ᠳᠤᠮᠤᠬᠠᠨ ᠤᠷᠤᠰᠬᠠᠯ ᠤ᠋ᠨ ᠳᠤᠮᠳᠠ ᠯᠢᠦ ᠵᠢᠶᠠᠨ ᠫᠢᠡᠭ ᠬᠤᠷᠴᠠ ᠰᠡᠷᠭᠡᠭ ᠵᠢᠠᠷ ᠠᠮᠢ ᠠᠬᠤᠢ ᠵᠢᠨ ᠰᠡᠷᠭᠦᠯᠳᠡ ᠵᠢᠨ ᠤᠴᠢᠷ ᠵᠦᠢ ᠵᠢ ᠳᠠᠨᠢᠵᠤ᠂ ᠠᠮᠢ ᠠᠬᠤᠢ ᠵᠢ ᠬᠠᠮᠠᠭᠠᠯᠠᠬᠤ ᠵᠢᠨ ᠵᠡᠷᠭᠡ ᠪᠡᠷ ᠠᠰᠢᠭ ᠤᠷᠤᠯᠭ᠎ᠠ ᠡᠭᠦᠳᠭᠦ ᠵᠠᠮ ᠢ᠋ ᠰᠡᠳᠦᠵᠦ ᠡᠭᠢᠯᠡᠪᠡ᠃ ᠳᠤᠬᠠᠢ ᠵᠢᠨ ᠦᠶ᠎ᠠ ᠳ᠋ᠤ ᠪᠠᠢᠭᠤᠯᠤᠭᠰᠠᠨ ᠡᠨᠡ ᠭᠦ᠌ ᠨᠠᠭᠤᠷ ᠢ᠋ ᠨᠠᠷᠠᠨᠨᠠᠭᠤᠷ᠂ ᠵᠡᠭᠦᠨ ᠨᠠᠭᠤᠷ᠂ ᠡᠮᠦᠨ᠎ᠠ ᠨᠠᠭᠤᠷ ᠭᠡᠮᠡᠨ ᠬᠤᠪᠢᠶᠠᠵᠠᠢ ᠃ ᠳᠠᠷᠠ ᠵᠡᠭᠦᠨ ᠨᠠᠭᠤᠷ ᠢ᠋ ᠵᠠᠰᠠᠭ ᠤ᠋ᠨ ᠤᠷᠳᠤᠨ ᠳᠠᠢ ᠭᠡᠯᠡᠯᠴᠡᠭᠡᠷ ᠭᠢᠵᠦ ᠪᠠᠢᠭᠠᠳ ᠳᠦᠷᠢᠶᠠᠰᠦᠯᠠᠨ ᠠᠪᠴᠦ ᠵᠢᠭᠠᠰᠤᠨ ᠤ᠋ ᠦᠢᠯᠡᠰ ᠡᠷᠭᠢᠯᠠᠪᠠ᠃ ᠵᠢᠷᠠᠭᠠᠬᠠᠢ ᠲᠠᠯᠪᠢᠵᠤ ᠠᠷᠠᠴᠢᠯᠠᠨ ᠳᠤᠳᠤᠮᠳᠠᠬᠤ ᠭᠡᠭᠴᠢ ᠨᠢᠭᠡ ᠶᠤᠰᠤᠨ ᠳ᠋ᠠᠭᠠᠨ ᠭᠦᠴᠦᠨ ᠤ᠋ ᠠᠵᠢᠯ ᠭᠢᠭᠰᠡᠨ ᠡᠴᠡ ᠪᠠᠰᠠ ᠭᠦᠴᠢᠷ ᠳᠠᠢ ᠪᠠᠢᠭᠰᠠᠨ ᠴᠦ᠍ ᠬᠠᠷᠢᠨ ᠳᠡᠭᠦᠨ ᠳ᠋ᠤ ᠰᠠᠳᠭᠢᠯ ᠠᠮᠤᠷ ᠰᠠᠨᠠᠭ᠎ᠠ ᠳᠤᠭᠳᠠᠭᠤᠨ ᠰᠠᠨᠠᠭᠳᠠᠯ᠎ᠠ᠂ ᠨᠤᠳᠤᠭ ᠤ᠋ᠨ ᠵᠢᠠᠨ ᠨᠠᠭᠤᠷ ᠤᠰᠤᠨ ᠳ᠋ᠤ ᠤᠢᠷᠠᠳᠤᠵᠦ᠂ ᠳᠡᠭᠦᠨ ᠤ᠋ ᠪᠡᠨ ᠪᠤᠶᠠᠨ ᠭᠡᠰᠢᠭ ᠵᠢᠡᠷ ᠠᠮᠢᠳᠤᠷᠠᠨ᠎ᠠ ᠭᠡᠳᠡᠭ ᠳᠠᠭᠦᠨ ᠳ᠋ᠤ ᠠᠪᠴᠦ ᠭᠡᠯᠡᠪᠡᠯ ᠬᠠᠮᠤᠭ ᠡᠴᠡ ᠠᠵᠠ ᠳᠠᠢ ᠤᠴᠢᠷ ᠪᠠᠢᠯ᠎ᠠ᠃

ᠭᠡᠳᠦᠨ ᠵᠢᠯ ᠤ᠋ᠨ ᠴᠢᠷᠮᠠᠢᠯᠭ᠎ᠠ ᠪᠡᠷ ᠳᠠᠷᠠ ᠡᠨᠳᠠ ᠡᠴᠡ ᠠᠰᠢᠭ ᠭᠦᠷᠳᠡᠵᠦ ᠡᠭᠢᠯᠡᠭᠰᠡᠨ ᠵᠢᠠᠷ ᠪᠠᠷᠠᠬᠤ ᠦᠭᠡᠢ᠂ ᠵᠢᠭᠤᠯᠴᠢᠯᠠᠯ ᠡᠷᠭᠢᠯᠡᠵᠦ ᠤᠷᠤᠯᠭ᠎ᠠ ᠪᠡᠨ ᠨᠡᠮᠡᠭᠳᠡᠭᠦᠯᠭᠦ ᠡᠭᠦᠳᠠᠨ ᠡᠴᠡ ᠨᠠᠭᠤᠷ ᠤ᠋ᠨ ᠡᠮᠦᠨ᠎ᠠ ᠭᠦᠪᠡᠭᠡᠨ ᠳᠡᠭᠡᠷ᠎ᠠ ᠵᠢᠭᠤᠯᠴᠢᠯᠠᠯ ᠤ᠋ᠨ ᠴᠡᠭ ᠪᠠᠢᠭᠤᠯᠵᠤ᠂ ᠨᠠᠭᠤᠷ ᠤ᠋ᠨ ᠦᠵᠡᠮᠵᠢ ᠳ᠋ᠤ ᠳᠦᠰᠢᠭᠯᠡᠨ ᠠᠰᠢᠭ ᠤᠷᠤᠯᠭ᠎ᠠ ᠪᠡᠨ ᠨᠡᠮᠡᠭᠳᠡᠭᠦᠯᠵᠦ ᠶᠠᠪᠤᠵᠠᠢ᠃ ᠤᠨᠴᠠᠭᠠᠢᠯᠠᠨ ᠵᠢᠭᠤᠯᠴᠢᠯᠠᠯ ᠤ᠋ᠨ ᠦᠢᠯᠡᠰ ᠨᠢ ᠦᠷᠭᠡᠵᠢᠭᠦ ᠵᠢ ᠳᠠᠭᠠᠯᠳᠤᠨ ᠤᠢᠷ᠎ᠠ ᠬᠠᠪᠢ ᠵᠢᠨ ᠪᠤᠰᠤᠳ ᠠᠵᠤ ᠦᠢᠯᠡᠰ ᠢ᠋ ᠳᠠᠢᠴᠢᠯᠠᠭᠰᠠᠨ ᠳᠠᠳᠤᠢ ᠦᠭᠡᠢ᠂ ᠠᠵᠢᠯ ᠤ᠋ᠨ ᠪᠠᠢᠷᠢ ᠭᠠᠷᠭᠠᠨ ᠬᠠᠪᠢ ᠳᠦᠰᠦᠷ ᠤ᠋ᠨ ᠮᠠᠯᠴᠢᠨ ᠳᠠᠷᠢᠶᠠᠴᠢᠳ ᠳᠠᠭᠠᠨ ᠤᠷᠤᠯᠭ᠎ᠠ ᠤᠯᠭᠤᠵᠤ᠂ᠬᠠᠮᠳᠦ ᠪᠡᠷ ᠴᠢᠨᠡᠭᠡᠯᠢᠭᠵᠢᠭᠦ ᠵᠠᠮ ᠢ᠋ ᠡᠯᠭᠦᠪᠠ᠃

ᠰᠢᠶᠠ ᠢᠦᠢ ᠰᠢᠡᠭ ᠪᠣᠯ ᠨᠤᠳᠤᠭ ᠤ᠋ᠨ ᠳᠠᠷᠢᠶᠠᠴᠢᠨ ᠪᠦᠰᠡᠭᠦᠢ᠂ ᠮᠦᠨ ᠴᠦ᠍ ᠠᠵᠢᠯ ᠤ᠋ᠨ ᠰᠡᠯᠡᠭᠦᠦ ᠴᠠᠭ ᠵᠢᠠᠷ ᠡᠳᠡᠨ ᠤ᠋ ᠵᠢᠭᠤᠯᠴᠢᠯᠠᠯ ᠤ᠋ᠨ ᠭᠠᠵᠠᠷ ᠲᠦ᠍ ᠠᠵᠢᠯᠯᠠᠵᠤ ᠤᠷᠤᠯᠭ᠎ᠠ ᠪᠡᠨ ᠨᠡᠮᠡᠭᠳᠡᠭᠦᠯᠦᠭᠰᠡᠨ ᠨᠢᠭᠡᠨ ᠶᠤᠮ᠃ ᠥᠩᠭᠡᠷᠡᠭᠰᠡᠨ ᠳ᠋ᠤ ᠲᠡᠳᠡᠨ ᠤ᠋ ᠬᠢᠨ ᠠᠷᠪᠠᠨ ᠬᠡᠳᠦᠨ ᠮᠦ᠍ ᠲᠠᠷᠢᠶ᠎ᠠ ᠲᠠᠷᠢᠳᠠᠭ ᠪᠠᠢᠭᠰᠠᠨ ᠴᠦ᠍ ᠤᠨᠠᠯᠳᠠ ᠪᠠᠭᠠᠳᠠᠢ᠂ ᠵᠢᠯ ᠤ᠋ᠨ ᠣᠷᠣᠯᠭ᠎ᠠ ᠨᠢ ᠪᠠᠭ᠎ᠠ᠂ ᠠᠮᠢᠳᠤᠷᠠᠯ ᠨᠢ ᠲᠤᠩ ᠬᠦᠴᠢᠷᠲᠡᠢ ᠪᠠᠶ᠋ᠢᠪᠠ᠃ ᠨᠠᠷᠠᠨᠨᠠᠭᠤᠷ ᠪᠤᠢ ᠪᠤᠯᠵᠦ ᠠᠮᠢ ᠠᠬᠤᠢ ᠰᠠᠢᠵᠢᠷᠠᠭᠰᠠᠨ ᠡᠴᠡ ᠰᠡᠭᠦᠯᠡᠷ ᠭᠠᠵᠠᠷ ᠳᠣᠣᠷᠠᠬᠢ ᠤᠰᠤᠨ ᠲᠦᠪᠰᠢᠨ ᠳᠡᠭᠡᠭᠰᠢᠯᠡᠵᠦ᠍ ᠂ ᠭᠠᠵᠠᠷ ᠲᠠᠷᠢᠶ᠎ᠠ ᠨᠢ ᠴᠤ᠌ ᠰᠢᠮᠡᠵᠢᠵᠦ ᠦᠷᠭᠡᠵᠢᠬᠡᠳ 100 ᠮᠦ᠍ ᠵᠢ ᠲᠠᠪᠠᠵᠤ᠂ ᠤᠨᠠᠯᠳᠠ ᠨᠢ ᠨᠡᠮᠡᠭᠳᠡᠨ᠂ ᠣᠷᠣᠯᠭ᠎ᠠ ᠨᠢ ᠴᠤ᠌ ᠠᠶᠠᠨᠳᠠᠭᠠᠨ ᠨᠡᠮᠡᠭᠳᠡᠪᠡ᠃ ᠰᠤᠯᠠ ᠰᠡᠯᠡᠭᠦᠦ ᠴᠠᠭ ᠪᠣᠯᠬᠤ ᠳ᠋ᠤ ᠲᠡᠷᠡ ᠲᠣᠭᠲᠠᠭᠰᠠᠨ ᠴᠠᠭ ᠲᠠᠭᠠᠨ ᠨᠠᠷᠠᠨᠨᠠᠭᠤᠷ ᠤ᠋ᠨ ᠦᠵᠡᠮᠵᠢ ᠵᠢᠨ ᠣᠷᠣᠨ ᠤ᠋ ᠵᠢᠭᠤᠯᠴᠢᠯᠠᠯ ᠤ᠋ᠨ ᠭᠠᠵᠠᠷ ᠲᠦ᠍ ᠬᠥᠯᠥᠰᠥᠨ ᠠᠵᠢᠯ ᠬᠢᠵᠦ᠍᠂ ᠤᠷᠤᠯᠭ᠎ᠠ ᠪᠡᠨ ᠨᠡᠮᠡᠭᠳᠡᠭᠦᠯᠦᠨ᠎ᠠ᠃ ᠰᠠᠯᠠᠭᠠᠮᠤᠳᠤ ᠭᠠᠴᠠᠭᠠᠨ ᠤ᠋ ᠤᠯᠠᠡᠭᠭᠢ ᠪᠦᠰᠠᠭᠦᠢᠴᠤᠳ ᠴᠦ᠍ ᠳᠠᠭᠦᠨ ᠳᠠᠢ ᠠᠳᠠᠯᠢᠬᠠᠨ ᠠᠵᠢᠯ ᠤ᠋ᠨ ᠰᠡᠯᠡᠭᠦᠦ ᠴᠠᠭ ᠵᠢᠠᠷ ᠵᠢᠠᠨ ᠵᠢᠭᠤᠯᠴᠢᠯᠠᠯ ᠤ᠋ᠨ ᠭᠠᠵᠠᠷ ᠲᠦ᠍  ᠠᠵᠢᠯᠯᠠᠨ ᠤᠷᠤᠯᠭ᠎ᠠ ᠪᠡᠨ ᠨᠡᠮᠡᠭᠳᠡᠭᠦᠯᠵᠤ ᠪᠠᠢᠨ᠎ᠠ᠃

《ᠤᠷᠢᠳᠤ ᠨᠢ ᠪᠤᠷᠬᠠᠨ ᠲᠩᠷᠢ ᠡᠴᠡ ᠬᠣᠭᠣᠯᠠ ᠱᠠᠩᠨᠠᠬᠤ ᠵᠢ ᠭᠦᠯᠢᠶᠡᠵᠤ᠂ ᠠᠯᠠᠭᠠᠨ ᠬᠢᠷᠢᠳᠠᠢ ᠳᠠᠷᠢᠶᠠᠨ ᠭᠠᠵᠠᠷ ᠵᠢᠠᠨ ᠯᠠ ᠳᠤᠭᠤᠷᠢᠨ ᠡᠷᠭᠢᠯᠳᠦᠵᠦ᠂ ᠠᠮᠢᠳᠤᠷᠠᠯ ᠵᠢᠠᠨ ᠠᠷᠭᠠᠴᠠᠭᠠᠵᠦ ᠪᠠᠢᠯ᠎ᠠ᠂ ᠠᠮᠢᠳᠤᠷᠠᠯ ᠴᠦ᠍ ᠪᠤᠯ ᠦᠨᠡᠨ ᠭᠦᠴᠢᠷᠳᠠᠢ ᠪᠠᠢᠭᠰᠠᠨ ᠡ᠃ ᠨᠠᠷᠠᠨᠨᠠᠭᠤᠷ ᠤ᠋ᠨ ᠵᠢᠠᠨ ᠰᠠᠢᠨ ᠵᠢᠠᠷ ᠳᠠᠷᠢᠶᠠᠨ ᠭᠠᠵᠠᠷ ᠦᠷᠭᠡᠵᠢᠵᠤ ᠤᠨᠠᠯᠳᠠ ᠨᠡᠮᠡᠭᠳᠡᠯ᠎ᠠ᠃ ᠡᠨᠡ ᠭᠠᠳᠠᠨ᠎ᠠ ᠤᠪᠤᠭᠠᠯᠠᠵᠤ ᠪᠠᠢᠭ᠎ᠠ ᠰᠢᠰᠢ ᠪᠠᠨ ᠤᠳᠠᠬᠤ ᠦᠭᠡᠢ ᠬᠤᠳᠠᠯᠳᠤᠴᠢᠬᠠᠨ᠎ᠠ᠂ ᠬᠠᠵᠠᠭᠤ ᠪᠡᠷ ᠨᠢ ᠪᠠᠰᠠ ᠵᠢᠭᠤᠯᠴᠢᠯᠠᠯ ᠤ᠋ᠨ ᠭᠠᠵᠠᠷ ᠲᠦ᠍ ᠠᠵᠢᠯᠯᠠᠵᠤ ᠤᠷᠤᠯᠭ᠎ᠠ ᠪᠡᠨ ᠨᠡᠮᠡᠭᠳᠡᠭᠦᠯᠴᠢᠭᠡᠨ᠎ᠠ᠂ ᠵᠢᠯ᠎ᠤᠨ ᠤᠷᠤᠯᠭ᠎ᠠ ᠨᠡᠢᠯᠡᠭᠡᠳ 20 ᠭᠠᠷᠤᠢ ᠳᠦᠮᠠᠨ ᠳᠦᠭᠦᠷᠢᠭ ᠭᠦᠷᠴᠢᠭᠡᠨ᠎ᠠ》 ᠭᠡᠵᠦ ᠶᠠᠷᠢᠭᠰᠠᠨ ᠰᠢᠶᠠ ᠢᠦᠢ ᠰᠢᠡᠭ ᠤ᠋ᠨ ᠴᠢᠷᠠᠢ ᠳ᠋ᠤ ᠪᠠᠶᠠᠷ ᠪᠠᠶᠠᠰᠤᠯ ᠵᠢᠠᠷ ᠳᠦᠭᠦᠷᠡᠡᠭ᠃

ᠨᠠᠷᠠᠨᠨᠠᠭᠤᠷ ᠤ᠋ᠨ ᠪᠠᠳᠦ ᠳᠦᠰᠢᠭ — ᠨᠤᠮᠢᠨ ᠳᠠᠪᠠᠯᠭ᠎ᠠ ᠬᠠᠶᠠᠯᠠᠭᠰᠠᠨ ᠵᠠᠭ ᠤ᠋ᠨ ᠤᠢ

2008 ᠤᠨ ᠤ᠋ ᠦᠶ᠎ᠠ ᠳ᠋ᠤ ᠰᠠᠯᠠᠭᠠᠮᠤᠳᠦ ᠭᠠᠴᠠᠭᠠᠨ ᠳ᠋ᠤ ᠨᠠᠷᠠᠨᠨᠠᠭᠤᠷ ᠬᠠᠷᠠᠬᠠᠨ ᠪᠤᠢ ᠪᠤᠯᠤᠭ᠎ᠠ ᠦᠭᠡᠢ ᠪᠠᠢᠭᠰᠠᠨ ᠴᠠᠭ ᠦᠶ᠎ᠠ᠃ ᠤᠳᠤ ᠵᠢᠨ ᠨᠠᠭᠤᠷ ᠤ᠋ᠨ ᠪᠠᠷᠠᠭᠤᠨ ᠬᠤᠢᠰᠢᠭᠢ ᠶᠡᠭᠡᠡᠭᠭᠢ ᠭᠠᠵᠠᠷ ᠵᠢᠠᠷ ᠨᠢᠴᠦᠭᠦᠨ ᠮᠠᠡᠭᠬ᠎ᠠ ᠴᠠᠢᠷᠠᠨ᠂ ᠤᠯᠠᠭᠠᠨᠪᠤᠬ᠎ᠠ ᠵᠢᠨ ᠡᠯᠡᠰᠦ ᠵᠢᠨ ᠤᠷᠤᠭᠰᠢ ᠨᠡᠭᠦᠳᠡᠯᠯᠡᠭᠦ ᠡᠷᠴᠢᠮ ᠴᠢᠡᠭᠭᠠᠷᠠᠬᠤ ᠬᠠᠨᠳᠤᠰᠢ ᠳᠠᠢ ᠪᠤᠯᠵᠠᠢ᠃ ᠮᠠᠯ ᠠᠵᠤ ᠠᠬᠤᠢ ᠡᠷᠭᠢᠯᠡᠭᠰᠡᠨ ᠨᠢ ᠴᠦ᠍ ᠪᠠᠢᠭ᠂ ᠳᠠᠷᠢᠶ᠎ᠠ ᠳᠠᠷᠢᠵᠤ ᠠᠮᠢᠳᠤᠷᠠᠯ ᠵᠢᠠᠨ ᠠᠷᠭᠠᠴᠠᠭᠠᠭᠰᠠᠨ ᠨᠢᠭᠡᠨ ᠨᠢ ᠴᠦ᠍ ᠪᠠᠢᠭ᠂ ᠡᠨᠡ ᠶᠡᠭᠡ ᠨᠡᠯᠦᠢᠭᠦ ᠡᠯᠡᠰᠦᠨ ᠡᠴᠡ ᠵᠠᠢᠳᠠᠬᠤ ᠵᠢ ᠯᠠ ᠪᠤᠳᠤᠵᠠᠭᠠᠵᠤ ᠪᠠᠢᠯ᠎ᠠ᠃ ᠶᠠᠭ ᠯᠠ ᠡᠨᠡ ᠦᠶ᠎ᠠ ᠳ᠋ᠤ᠂ ᠨᠠᠭᠠᠴᠦ ᠵᠢᠭᠡ ᠭᠡᠳᠦᠭᠦᠯᠠ ᠵᠢᠨ ᠨᠢᠭᠡᠨ ᠭᠠᠯ ᠤ᠋ᠨ ᠭᠢᠨ ᠳᠠᠷᠠ ᠶᠡᠭᠡ ᠡᠯᠡᠰᠦ ᠤᠷᠤᠭᠤ ᠡᠳᠦᠷᠵᠢᠨ ᠭᠦᠶᠦᠳᠡᠭ ᠪᠤᠯᠵᠠᠢ᠃ ᠪᠤᠷᠭᠠᠰᠤ᠂ ᠵᠠᠬ ᠤ᠋ᠨ ᠴᠢᠬᠢ ᠳᠡᠭᠦᠵᠢᠯᠡᠭᠡᠳ ᠭᠦᠶᠦᠨ᠎ᠠ᠂ ᠳᠡᠭᠷᠢ ᠭᠠᠵᠠᠷ ᠨᠡᠢᠯᠡᠭᠰᠡᠨ ᠡᠯᠡᠰᠦᠨ ᠰᠢᠭᠤᠷᠭ᠎ᠠ ᠳ᠋ᠤ ᠦᠯᠢᠶᠡᠭᠳᠡᠭᠡᠳ ᠪᠤᠴᠠᠨ᠎ᠠ ᠁ ᠳᠠᠳᠠ ᠶᠠᠭ ᠶᠠᠭᠤ ᠭᠢᠵᠤ ᠪᠠᠢᠭ᠎ᠠ ᠵᠢ ᠨᠤᠳᠤᠭ ᠤ᠋ᠨ ᠭᠢᠨ ᠤᠢᠯᠠᠭᠠᠬᠤ ᠦᠭᠡᠢ ᠪᠠᠢᠯ᠎ᠠ᠃

ᠪᠠᠢ ᠯᠦᠩ ᠨᠠᠭᠠᠴᠦ ᠳᠠᠢ ᠪᠡᠨ ᠳ᠋ᠸᠡᠭᠺᠸᠦ ᠰᠢᠶᠠᠨ ᠤ᠋ ᠪᠠᠷᠠᠭᠤᠨ ᠳᠡᠭᠡᠷᠡᠭᠢ 3 ᠲᠦᠮᠡᠨ ᠮᠥ᠍ ᠮᠠᠡᠭᠬᠠᠨ ᠭᠠᠵᠠᠷ ᠢ᠋ ᠳᠠᠭᠠᠭᠠᠴᠢᠯᠠᠵᠤ ᠠᠪᠤᠭᠰᠠᠨ ᠢ᠋ ᠮᠡᠳᠡᠭᠰᠡᠨ ᠡᠴᠡ ᠬᠤᠢᠰᠢ ᠭᠦᠮᠦᠰ ᠲᠠᠲᠠᠨ ᠢ᠋ ᠨᠡᠡᠭ ᠴᠦ᠍ ᠤᠢᠯᠠᠭᠠᠬᠤ ᠪᠡᠨ ᠪᠤᠯᠢᠵᠠᠢ᠃ ᠠᠷᠪᠠᠨ ᠭᠡᠳᠦᠨ ᠵᠢᠯ ᠤ᠋ᠨ ᠡᠮᠦᠨ᠎ᠠ ᠪᠠᠢ ᠯᠦᠡᠭ ᠤ᠋ᠨ ᠨᠠᠭᠠᠴᠦ ᠨᠢ ᠡᠯᠡᠰᠦ ᠮᠠᠡᠭᠬᠠᠨ ᠳ᠋ᠤ ᠤᠷᠭᠤᠳᠠᠭ ᠴᠠᠭᠠᠨ ᠭᠤᠶᠤᠤ ᠡᠴᠡ ᠠᠰᠢᠬ ᠭᠦᠷᠳᠡᠵᠦ ᠪᠤᠯᠳᠠᠭ ᠢ᠋ ᠤᠯᠵᠤ ᠮᠡᠳᠡᠵᠠᠢ᠃ ᠴᠠᠭᠠᠨ ᠭᠤᠶᠤᠤ ᠵᠢᠨ ᠨᠤᠳᠤᠭ ᠠᠯᠠᠱᠠ ᠠᠢᠮᠠᠭ ᠵᠢᠠᠷ ᠶᠠᠪᠤᠵᠤ ᠰᠤᠳᠤᠯᠤᠭᠰᠠᠨ ᠤ᠋ ᠳᠠᠷᠠᠭ᠎ᠠ ᠳ᠋ᠸᠡᠭᠺᠸᠦ ᠰᠢᠶᠠᠨ ᠤ᠋ ᠡᠨᠡ ᠭᠦ᠌ ᠳᠤᠮᠤᠬᠠᠨ ᠡᠯᠡᠰᠦ ᠮᠠᠡᠭᠬᠠᠨ ᠳ᠋ᠤ  ᠭᠢᠵᠦ ᠦᠵᠡᠭᠦ ᠪᠡᠷ ᠰᠢᠢᠳᠦᠭᠰᠡᠨ ᠨᠢ ᠳᠠᠷᠠ ᠠᠵᠢ᠃

ᠬᠠᠪᠤᠷ ᠤ᠋ᠨ ᠬᠠᠷ᠎ᠠ ᠰᠠᠯᠭᠢᠨ ᠢᠳᠡ ᠰᠠᠯᠭᠢᠯᠠᠵᠤ ᠪᠠᠢᠬᠤ ᠡᠷᠢᠨ ᠳ᠋ᠤ ᠳᠠᠳᠠ ᠪᠠᠢᠳᠠᠭ ᠠᠵᠢᠯᠴᠢᠨ᠂ ᠰᠠᠳᠤᠨ ᠳᠦᠷᠦᠯ ᠵᠢᠠᠨ ᠴᠤᠭᠯᠠᠭᠤᠯᠤᠨ ᠮᠤᠳᠤ ᠰᠠᠭᠤᠯᠭᠠᠬᠤ ᠪᠡᠷ ᠭᠦᠳᠡᠯᠵᠡᠭᠡᠨ᠎ᠠ᠂ ᠡᠯᠡᠰᠦᠨ ᠰᠢᠭᠤᠷᠭ᠎ᠠ ᠬᠠᠴᠠᠷ ᠨᠢᠭᠤᠷ ᠢ᠋ ᠵᠦᠰᠦᠨ ᠵᠦᠰᠦᠨ ᠦᠡᠭᠭᠡᠷᠡᠭᠦ ᠳ᠋ᠤ ᠳᠠᠳᠠ ᠮᠤᠳᠤ ᠵᠠᠢᠯᠠᠬᠤ ᠨᠦᠭᠡ ᠪᠡᠨ ᠮᠠᠯᠳᠠᠨ᠂ ᠰᠠᠭᠤᠷᠢ ᠰᠠᠭᠤᠷᠢ ᠮᠤᠳᠤ ᠪᠡᠨ ᠰᠠᠭᠤᠯᠭᠠᠨ᠎ᠠ᠃ ᠨᠢᠭᠡ ᠮᠦᠷ ᠮᠤᠳᠤᠨ ᠴᠢᠬᠢ ᠪᠡᠨ ᠰᠠᠭᠤᠯᠭᠠᠴᠢᠬᠠᠭᠠᠳ ᠪᠤᠴᠠᠭᠠᠳ ᠢᠷᠡᠭᠦ ᠳ᠋ᠤ ᠡᠭᠢᠨ ᠤ᠋ ᠰᠠᠭᠤᠯᠭᠠᠭᠰᠠᠨ ᠴᠢᠭᠢ ᠮᠤᠳᠤ ᠨᠢ ᠠᠯᠠᠭ᠎ᠠ᠂ ᠬᠠᠤᠭᠢᠨ ᠦᠯᠢᠶᠡᠭᠦ ᠬᠠᠪᠤᠷ ᠤ᠋ᠨ ᠰᠠᠯᠭᠢ ᠰᠠᠭᠤᠯᠭᠠᠭᠰᠠᠨ ᠨᠢᠯᠬ᠎ᠠ ᠴᠢᠬᠢ ᠵᠢ ᠨᠢ ᠦᠨᠳᠦᠰᠦ ᠪᠡᠷ ᠨᠢ ᠦᠯᠢᠶᠡᠭᠡᠳ ᠶᠠᠪᠤᠴᠢᠬᠠᠳᠠᠭ᠃ ᠡᠭᠢᠨ ᠤ᠋ ᠭᠡᠳᠦᠨ ᠵᠢᠯ ᠢᠡᠭᠭᠢᠵᠦ ᠦᠢᠯᠡ ᠪᠡᠨ ᠪᠠᠷᠠᠵᠤ ᠪᠠᠢᠵᠤ ᠤᠷᠭᠤᠭᠤᠯᠤᠭᠰᠠᠨ ᠮᠤᠳᠤ ᠨᠢ ᠵᠢᠯ ᠦᠨᠵᠢᠵᠦ ᠴᠢᠳᠠᠬᠤ ᠨᠢ ᠴᠦᠭᠡᠨ ᠪᠠᠢᠯ᠎ᠠ᠃

《ᠡᠭᠢᠨ ᠳ᠋ᠡᠭᠡᠨ ᠪᠤᠯ ᠨᠢᠭᠡ ᠵᠢᠯ ᠳᠠᠷᠢᠭᠠᠳ ᠯᠠ ᠬᠤᠶᠠᠳᠤᠭᠠᠷ ᠵᠢᠯ ᠳ᠋ᠤ ᠦᠯᠡᠳᠡᠭᠦ ᠮᠤᠳᠤ ᠭᠡᠵᠤ ᠪᠠᠷᠤᠭ ᠦᠭᠡᠢ ᠪᠠᠢᠭᠰᠠᠨ᠂ ᠢᠡᠭᠭᠢᠭᠡᠳ 5 ᠵᠢᠯ ᠳᠠᠷᠢᠯ᠎ᠠ᠃ ᠡᠨᠳᠠ ᠳᠡᠨᠳᠠ ᠭᠡᠳᠦᠭᠡᠨ ᠮᠤᠳᠤ ᠤᠷᠭᠤᠭᠰᠠᠨ ᠢ᠋ ᠭᠠᠷᠭᠠᠪᠠᠯ ᠤᠢ ᠪᠤᠯᠬᠤ ᠡᠴᠡ ᠬᠤᠯᠠ ᠪᠠᠢᠭᠰᠠᠨ》᠃ ᠭᠡᠳᠦᠨ ᠵᠢᠯ ᠪᠠᠷᠤᠭ ᠳᠠᠯᠠᠭᠠᠷ ᠭᠦᠳᠡᠯᠮᠦᠷᠢᠯᠡᠭᠰᠡᠨ ᠴᠦ᠍ ᠳᠠᠳᠠ ᠵᠤᠷᠢᠭ ᠰᠢᠨᠳᠠᠷᠠᠭᠰᠠᠨ ᠦᠭᠡᠢ᠃ ᠦᠪᠡᠷ ᠤ᠋ᠨ ᠢᠯᠠᠭᠳᠠᠭᠰᠠᠨ ᠳᠤᠷᠰᠢᠯᠭ᠎ᠠ ᠪᠡᠨ ᠳ᠋ᠦᠡᠭᠨᠡᠭᠦ ᠵᠢᠨ ᠳᠠᠭᠠᠤ ᠨᠡᠡᠭ ᠰᠢᠯᠢᠳᠡᠭ ᠮᠡᠷᠭᠡᠵᠢᠯ ᠢ᠋ ᠰᠤᠷᠴᠦ ᠡᠵᠡᠮᠰᠢᠯ᠎ᠠ᠃ 2013 ᠤᠨ ᠡᠴᠡ ᠡᠭᠢᠯᠡᠨ ᠳᠠᠳᠠᠨ ᠤ᠋ ᠳᠠᠷᠢᠭᠰᠠᠨ ᠵᠠᠭ ᠮᠤᠳᠤᠨ ᠤ᠋ ᠤᠨᠳᠤᠷᠤᠯᠳᠠ ᠵᠢᠨ ᠨᠤᠷᠮ᠎ᠠ ᠮᠠᠳᠡᠭᠳᠡᠮ᠎ᠠ ᠳᠡᠭᠡᠭᠰᠢᠯᠡᠵᠦ᠂ ᠵᠠᠭ ᠤ᠋ᠨ ᠤᠢ ᠡᠳᠦᠷ ᠡᠴᠡ ᠡᠳᠦᠷ ᠪᠦᠷᠢᠯᠳᠦᠵᠦ ᠢᠷᠡᠵᠠᠢ᠃ ᠡᠬᠢᠨ ᠳ᠋ᠡᠬᠡᠨ ᠡᠳᠦᠷ ᠤ᠋ᠨ ᠣᠳᠣ ᠭᠡᠮᠡᠷ ᠡᠨᠳᠠ ᠳᠡᠨᠳᠠ ᠭᠡᠰᠡᠭ ᠭᠡᠰᠡᠭ ᠯᠠ ᠨᠤᠭᠤᠭᠠᠷᠠᠪᠠ᠂ ᠰᠡᠬᠦᠯᠡᠷ ᠨᠢ ᠶᠡᠭᠡᠡᠭᠭᠢ ᠮᠠᠡᠭᠬ᠎ᠠ ᠵᠢ ᠳᠠᠷᠤᠨ ᠨᠤᠭᠤᠭᠠᠷᠠᠵᠦ᠂ ᠮᠠᠡᠭᠬᠠᠨ ᠳᠤᠯᠤᠭᠠᠢ ᠯᠠ ᠴᠠᠢᠷᠠᠵᠤ ᠦᠵᠡᠭᠳᠡᠳᠡᠭ ᠪᠠᠢᠭᠰᠠᠨ ᠪᠤᠯ ᠡᠴᠤᠰ ᠲᠡᠬᠡᠨ 3 ᠲᠦᠮᠡᠨ ᠮᠦ᠍ ᠡᠯᠡᠰᠦᠨ ᠴᠦᠯ ᠵᠠᠭ ᠤ᠋ᠨ ᠣᠢ ᠪᠡᠷ ᠬᠤᠴᠢᠭᠳᠠᠵᠠᠢ᠃ ᠤᠳᠤ ᠬᠠᠪᠤᠷ ᠨᠠᠮᠤᠷ ᠤ᠋ᠨ ᠭᠦᠴᠦᠳᠠᠢ ᠰᠠᠯᠭᠢ ᠢᠷᠡᠭᠦ ᠳ᠋ᠤ ᠠᠭᠠᠷ ᠲᠩᠷᠢ ᠪᠦᠷᠬᠦᠮ᠎ᠡ ᠡᠯᠡᠰᠦ ᠲᠤᠭᠤᠰᠦ ᠳᠡᠭᠳᠡᠬᠦ ᠪᠢᠰᠢ᠂ ᠬᠠᠷᠢᠨ ᠵᠠᠭ ᠤ᠋ᠨ ᠮᠥᠴᠢᠷ ᠤ᠋ᠨ ᠰᠠᠷᠴᠢᠭᠢᠨᠠᠨ ᠱᠦᠷᠭᠦᠭᠡᠯᠴᠡᠭᠦ ᠳᠠᠭᠤᠨ ᠳᠠᠢ ᠬᠠᠮᠳᠤ ᠤᠷᠢᠳᠦ ᠨᠢ ᠪᠠᠢᠭ᠎ᠠ ᠦᠭᠡᠢ ᠮᠤᠳᠤᠨ ᠤ᠋ ᠴᠢᠭᠢᠭᠯᠢᠭ ᠦᠨᠦᠷ ᠬᠠᠡᠭᠬᠤᠯᠳᠠᠭ ᠪᠤᠯᠤᠯ᠎ᠠ᠃

— 2012᠂ 2013 ᠤᠨ ᠤ᠋ ᠦᠶ᠎ᠠ ᠳ᠋ᠤ ᠪᠠᠢᠬ᠎ᠠ᠂ ᠡᠨᠡ ᠨᠠᠷᠠᠨᠨᠠᠭᠤᠷ ᠪᠤᠢ ᠪᠤᠯᠤᠭᠰᠠᠨ ᠡᠴᠡ ᠮᠠᠨ ᠤ᠋ ᠵᠠᠬ ᠤ᠋ᠨ ᠤᠷᠭᠤᠯᠳᠠ ᠴᠦ᠍ ᠰᠠᠢᠵᠢᠷᠠᠵᠤ ᠡᠭᠢᠯᠡᠭᠰᠡᠨ᠃ ᠶᠡᠷᠦ ᠨᠢ ᠡᠨᠡ ᠨᠠᠭᠤᠷ ᠪᠤᠯᠤᠨ ᠡᠨᠡ ᠵᠠᠬ ᠤ᠋ᠨ ᠤᠢ ᠪᠤᠯ ᠶᠠᠭ ᠯᠠ ᠬᠠᠷᠢᠯᠴᠠᠨ ᠨᠦᠬᠦᠪᠦᠷᠢᠯᠡᠵᠤ ᠪᠠᠢᠳᠠᠭ ᠬᠤᠶᠠᠷ ᠠᠮᠢ ᠠᠬᠤᠢ ᠵᠢᠨ ᠡᠶᠡᠷᠭᠦ ᠦᠢᠯᠡᠳᠦᠯᠴᠡᠯ ᠪᠤᠯᠴᠢᠬᠠᠵᠠᠢ ᠃ ᠨᠠᠷᠠᠨᠨᠠᠭᠤᠷ ᠨᠢ ᠭᠠᠵᠠᠷ ᠳᠤᠤᠷᠠᠭᠢ ᠤᠰᠤᠨ ᠤ᠋ ᠡᠷᠭᠢᠯᠳᠠ ᠵᠢ ᠰᠠᠢᠵᠢᠷᠠᠭᠤᠯᠤᠨ᠂ ᠡᠷᠭᠢᠨ ᠳᠤᠭᠤᠷᠢᠨ ᠤ᠋ ᠴᠢᠭᠢᠭ ᠤ᠋ᠨ ᠭᠡᠮᠵᠢᠶ᠎ᠠ ᠵᠢ ᠳᠡᠭᠡᠭᠰᠢᠯᠡᠭᠦᠯᠳᠡᠭ ᠪᠤᠯ ᠵᠠᠭ ᠤ᠋ᠨ ᠤᠢ ᠨᠢ ᠤᠯᠠᠭᠠᠨᠪᠤᠬ᠎ᠠ ᠵᠢᠨ ᠡᠯᠡᠰᠦ ᠵᠢᠨ ᠨᠠᠭᠤᠷ ᠲᠦ᠍ ᠤᠷᠤᠬᠤ ᠵᠢ ᠮᠠᠨᠠᠨ ᠰᠠᠭᠢᠵᠤ ᠪᠠᠢᠳᠠᠭ᠃ ᠡᠨᠡ ᠶᠡᠭᠡ ᠵᠠᠭ ᠤ᠋ᠨ ᠤᠢ ᠨᠢ ᠪᠢᠳᠠᠨ ᠤ᠋ ᠬᠦᠴᠦ ᠭᠦᠳᠡᠯᠮᠦᠷᠢ ᠡᠴᠡ ᠰᠠᠯᠵᠤ ᠴᠢᠳᠠᠬᠤ ᠦᠬᠡᠢ᠂ ᠨᠡᠩ ᠴᠦ᠍ ᠨᠠᠷᠠᠨᠨᠠᠭᠤᠷ ᠤ᠋ᠨ ᠰᠢᠮ᠎ᠠ ᠬᠦᠴᠦ ᠡᠴᠡ ᠰᠠᠯᠵᠤ ᠴᠢᠳᠠᠬᠤ ᠦᠬᠡᠢ ᠶᠤᠮ ᠭᠡᠵᠦ ᠪᠠᠢ ᠯᠦᠡᠭ ᠶᠠᠷᠢᠨ᠎ᠠ᠃

《ᠵᠠᠭ ᠳᠠᠷᠢᠵᠤ ᠭᠤᠶᠤᠤ ᠲᠦᠯᠵᠢᠭᠦᠯᠦᠨ ᠤᠷᠭᠤᠭᠤᠯᠬᠤ ᠭᠡᠮᠡᠨ ᠨᠠᠭᠠᠴᠦ ᠵᠢᠭᠡ ᠪᠢᠳᠠ  20 ᠰᠢᠬᠠᠮ ᠵᠢᠯ ᠡᠯᠡᠰᠦ ᠮᠠᠡᠭᠬ᠎ᠠ ᠦᠭᠡᠳᠠ ᠭᠦᠶᠦᠭᠰᠡᠨ ᠶᠤᠮ᠂ ᠬᠠᠷᠢᠭᠤ ᠭᠦᠷᠳᠡᠭᠡᠮᠵᠢ ᠪᠡᠨ ᠪᠤᠯ ᠤᠯᠤᠭᠰᠠᠨ ᠡ᠃ ᠭᠡᠪᠡᠴᠦ ᠡᠭᠦᠨ ᠡᠴᠡ ᠢᠯᠡᠭᠦᠤ᠂ ᠡᠨᠡ ᠵᠠᠭ ᠤ᠋ᠨ ᠤᠢ ᠪᠠᠨ ᠬᠠᠷᠠᠬᠤ ᠪᠡᠷ ᠭᠦᠮᠦᠨ ᠪᠢᠳᠠ ᠪᠠᠰᠠ ᠨᠡᠯᠦᠭᠡᠷ ᠶᠡᠭᠡ ᠡᠯᠡᠰᠦ ᠮᠠᠡᠭᠬ᠎ᠠ ᠵᠢ ᠢᠯᠠᠵᠤ ᠴᠢᠳᠠᠳᠠᠭ ᠪᠠᠢᠨ᠎ᠠ ᠭᠡᠵᠦ  ᠳᠤᠭᠳᠤᠯᠳᠠᠭ ᠶᠤᠮ》 ᠭᠡᠰᠡᠨ ᠪᠠᠢ ᠯᠦᠡᠭ ᠤ᠋ᠨ ᠦᠭᠡ ᠦᠨᠡᠨ ᠵᠦᠪ ᠳᠠᠢ ᠰᠠᠨᠠᠭᠳᠠᠨ᠎ᠠ᠃ ᠤᠳᠤ ᠳᠡᠳᠡᠨ ᠤ᠋ ᠬᠢᠨ ᠵᠢᠯ ᠪᠦᠷᠢ 260 ︱ 280 ᠳᠦᠮᠠᠨ ᠳᠦᠭᠦᠷᠢᠭ ᠤ᠋ᠨ  ᠤᠷᠤᠯᠭ᠎ᠠ ᠡᠭᠦᠳᠴᠦ ᠪᠠᠢᠳᠠᠭ ᠪᠠ ᠡᠭᠢᠨ᠎ᠤ ᠭᠡᠳᠦᠨ ᠵᠢᠯ᠎ᠤᠨ ᠤᠷᠤᠭᠤᠯᠤᠭᠰᠠᠨ 3000 ᠲᠦᠮᠡ ᠭᠠᠷᠤᠢ ᠳᠦᠭᠦᠷᠢᠭ᠎ᠤᠨ ᠪᠡᠯᠡ ᠤᠷᠤᠭᠤᠯᠤᠯᠳᠠ ᠪᠡᠨ ᠤᠯᠤᠭᠠᠳ ᠠᠪᠴᠢᠬᠠᠵᠠᠢ᠃


ᠰᠤᠷᠪᠤᠯᠵᠢᠯᠠᠭᠴᠢ ᠵᠢᠨ ᠡᠪᠤᠷ ᠳᠡᠮᠳᠡᠭᠯᠡᠯ᠄

10 ᠰᠠᠷ᠎ᠠ ᠵᠢᠨ ᠰᠡᠬᠦᠯᠴᠢ ᠪᠡᠷ ᠰᠡᠷᠢᠬᠦᠨ ᠰᠠᠯᠬᠢ ᠰᠡᠷ ᠰᠠᠷ ᠰᠡᠷᠴᠢᠬᠢᠨᠡᠵᠤ᠂ᠨᠠᠷᠠᠨᠨᠠᠭᠤᠷ ᠰᠠᠯᠬᠢᠨ ᠤ᠋ ᠠᠶ᠎ᠠ ᠪᠡᠷ ᠠᠷᠯᠠᠨ ᠲᠤᠯᠬᠢᠶᠡᠯᠡᠨ᠎ᠠ᠃

ᠦᠨᠢ ᠡᠷᠳᠠ ᠵᠢᠨ ᠵᠠᠭᠤᠨ ᠨᠠᠭᠤᠷ ᠤ᠋ᠨ ᠵᠠᠯᠭᠠᠮᠵᠢ ᠬᠠᠯᠠᠭ᠎ᠠ ᠨᠠᠷᠠᠨᠨᠠᠭᠤᠷ ᠨᠢ  ᠭᠡᠳᠦᠢᠪᠡᠷ ᠠᠷᠪᠠᠨ ᠭᠡᠳᠦᠭᠡᠨ ᠵᠢᠯ ᠤ᠋ᠨ ᠤᠬᠤᠷᠬᠠᠨ ᠳᠡᠤᠭᠡ ᠳᠠᠢ ᠵᠤᠭᠢᠶᠠᠮᠠᠯ ᠨᠠᠭᠤᠷ ᠭᠡᠳᠡᠭ ᠪᠤᠯᠪᠠᠴᠦ ᠲᠠᠷᠠ ᠨᠢ ᠦᠨᠢᠷ ᠭᠡᠰᠢᠭᠳᠦ ᠡᠵᠢ ᠭᠤᠤᠯ ᠤ᠋ᠨ 《ᠰᠠᠯᠠᠭ᠎ᠠ ᠨᠠᠮᠠᠭ᠎ᠠ》 ᠪᠠᠢᠵᠦ᠂ ᠡᠨᠡ ᠨᠤᠳᠤᠭ ᠤ᠋ᠨ ᠭᠦᠮᠦᠨ ᠠᠷᠠᠳ ᠲᠦ᠍ ᠭᠡᠰᠢᠭ ᠪᠤᠶᠠᠨ ᠰᠤᠶᠤᠷᠬᠠᠭᠰᠠᠭᠠᠷ ᠃ ᠪᠤᠢ ᠪᠤᠯᠤᠭᠰᠠᠨ ᠴᠠᠭ ᠡᠴᠡ ᠪᠡᠨ ᠨᠠᠷᠠᠨᠨᠠᠭᠤᠷ ᠨᠢ ᠤᠯᠠᠭᠠᠨᠪᠤᠬ᠎ᠠ ᠵᠢᠨ ᠡᠯᠡᠰᠦᠨ ᠤ᠋ ᠵᠡᠭᠦᠨᠰᠢ ᠳᠦᠷᠢᠭᠦ ᠵᠢ ᠬᠤᠷᠢᠬᠯᠠᠵᠤ᠂ ᠭᠠᠵᠠᠷ ᠳᠤᠤᠷᠠᠭᠢ ᠤᠰᠤᠨ ᠤ᠋ ᠡᠷᠭᠢᠯᠳᠠ ᠵᠢ ᠰᠠᠢᠵᠢᠷᠠᠭᠤᠯᠤᠨ᠂ᠡᠷᠭᠢᠨ ᠳᠤᠭᠤᠷᠢᠨ ᠤ᠋ ᠴᠢᠭᠢᠭ ᠤ᠋ᠨ ᠭᠡᠮᠵᠢᠶ᠎ᠠ ᠵᠢ ᠳᠡᠭᠡᠭᠰᠢᠯᠡᠭᠦᠯᠦᠨ᠂ ᠠᠮᠢ ᠠᠬᠤᠢ ᠵᠢᠨ ᠦᠨ᠎ᠠ ᠦᠷᠳᠡᠭ ᠵᠢᠠᠨ ᠢᠯᠡᠷᠡᠭᠦᠯᠦᠭᠰᠡᠭᠡᠷ ᠢᠷᠡᠵᠠᠢ᠃ 

ᠭᠦᠮᠦᠨ ᠠᠷᠠᠳ ᠨᠢ ᠨᠠᠭᠤᠷ ᠪᠦᠷᠢᠳᠦ ᠪᠡᠨ ᠬᠠᠮᠠᠭᠠᠯᠠᠵᠤ᠂ ᠨᠠᠭᠤᠷ ᠪᠦᠷᠢᠳᠦ ᠨᠢ ᠭᠦᠮᠦᠨ ᠠᠷᠠᠳ ᠲᠠᠭᠠᠨ ᠦᠯᠡᠮᠵᠢ ᠭᠡᠰᠢᠭ ᠭᠦᠷᠳᠡᠭᠡᠨ᠎ᠠ᠃ ᠨᠠᠷᠠᠨᠨᠠᠭᠤᠷ ᠤ᠋ᠨ ᠰᠤᠷᠪᠤᠯᠵᠢᠯᠠᠭ᠎ᠠ ᠪᠡᠷ ᠪᠢᠳᠠ ᠨᠠᠭᠤᠷ ᠤᠰᠤ ᠪᠡᠨ ᠳᠦᠰᠢᠨ᠂ ᠠᠳᠠᠯ ᠠᠮᠢᠳᠤᠷᠠᠯ ᠵᠢᠠᠨ ᠴᠤᠭᠴᠠᠯᠠᠵᠤ ᠶᠠᠪᠤᠭ᠎ᠠ ᠡᠯᠡᠰᠦᠨ ᠨᠤᠳᠤᠭ ᠤ᠋ᠨ ᠰᠢᠨ᠎ᠠ ᠮᠠᠯᠴᠢᠨ ᠳᠠᠷᠢᠶᠠᠴᠢᠳ ᠤ᠋ᠨ ᠳᠦᠷᠡᠯᠵᠠᠨ ᠦᠷᠪᠢᠰᠦᠭᠰᠡᠨ ᠠᠳᠠᠯ ᠠᠮᠢᠳᠤᠷᠠᠯ ᠤ᠋ᠨ ᠭᠠᠯ ᠬᠠᠯᠠᠭᠤᠨ ᠦᠢᠯᠡᠳᠦᠯᠭᠡ᠂ ᠠᠮᠢ ᠠᠬᠤᠢ ᠪᠡᠨ ᠳᠡᠭᠡᠳᠦᠯᠠᠨ ᠳᠡᠭᠵᠢᠷᠡᠭᠰᠡᠨ ᠰᠢᠨ᠎ᠠ ᠡᠷᠢᠨ ᠤ᠋ ᠦᠯᠢᠭᠡᠷ  ᠲᠡᠤᠭᠡ ᠵᠢ ᠰᠤᠨᠤᠰᠴᠦ ᠶᠠᠪᠤᠯ᠎ᠠ᠃ ᠡᠨᠡ ᠪᠤᠯ ᠨᠠᠷᠠᠨᠨᠠᠭᠤᠷ ᠤ᠋ᠨ ᠠᠮᠢ ᠠᠬᠤᠢ ᠵᠢᠨ ᠰᠡᠷᠭᠦᠯᠳᠠ ᠵᠢᠨ《ᠰᠢᠨ᠎ᠠ ᠳᠤᠮᠤᠭ》᠂ ᠰᠢᠨ᠎ᠠ ᠴᠠᠭ ᠦᠶ᠎ᠠ ᠵᠢᠨ ᠠᠮᠢ ᠠᠬᠤᠢ᠎ᠶᠢᠨ ᠬᠠᠮᠠᠭᠠᠯᠠᠯᠲᠠ᠎ᠶᠢᠨ 《 ᠠᠮᠢᠳᠤ ᠵᠠᠭᠪᠤᠷ 》 ᠶᠤᠮᠰᠠᠨ᠃

ᠦᠳᠡᠰᠢ ᠵᠢᠨ ᠪᠦᠷᠦᠢ ᠰᠠᠭᠠᠳᠠᠬᠰᠠᠨ ᠴᠦ᠍ 《ᠵᠠᠭᠤᠨ ᠨᠠᠭᠤᠷ ᠤ᠋ᠨ ᠨᠤᠳᠤᠭ》 ᠭᠡᠮᠡᠭᠳᠡᠭᠰᠡᠨ ᠳ᠋ᠸᠡᠭᠺᠸᠦ ᠰᠢᠶᠠᠨ ᠤ᠋ ᠰᠠᠯᠠᠭᠠᠮᠤᠳᠤ ᠭᠠᠴᠠᠭᠠᠨ ᠳ᠋ᠤ ᠨᠠᠷᠠᠨᠨᠠᠭᠤᠷ ᠮᠥᠨ ᠯᠡ ᠲᠤᠶᠠᠭ᠎ᠠ ᠲᠠᠲᠠᠭᠤᠯᠤᠭᠰᠠᠭᠠᠷ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面