> ᠲᠤᠰᠬᠠᠢ ᠮᠡᠳᠡᠭᠡᠯᠡᠯ

2026-11-18 11:21:24

ᠵᠣᠬᠢᠶᠠᠭ᠍ᠴᠢ᠄ ᠬᠠᠢ ᠴᠢᠤᠸᠠᠨ ᠬᠤᠩ ᠰᠢᠶᠠ ᠴᠤᠯᠮᠤᠨ ᠨᠠᠮᠤᠬ ᠬᠤᠥ ᠪᠢᠶᠤᠤ ᠣᠩᠱᠢᠭ᠍ᠰᠠᠨ ᠣᠳᠠᠭ᠎ᠠ᠄ 3

ᠬᠠᠮᠢᠶ᠎ᠠ ᠪᠦᠬᠦᠢ ᠬᠤᠯᠪᠤᠭᠠᠰᠦ ᠄

2013 ᠣᠨ ᠡᠴᠡ ᠬᠠᠲᠤᠨ ᠭᠣᠤᠯ᠎ᠤᠨ ᠬᠠᠶ᠋ᠢᠷᠤᠪ᠎ᠤᠨ ᠲᠣᠬᠤᠢ᠎ᠤᠰᠤᠨ ᠠᠰᠢᠭᠯᠠᠯᠲᠠ᠎ᠶ᠋ᠢᠨ ᠬᠦᠢᠰᠦ ᠪᠠᠷᠢᠯᠭ᠎ᠠ ᠵᠢᠩᠬᠢᠨᠢ᠎ᠪᠡᠷ ᠤᠰᠤ ᠨᠦᠬᠡᠴᠡᠯᠡᠵᠦ᠂ 2014 ᠣᠨ᠎ᠤ 2 ᠰᠠᠷ᠎ᠠ᠎ᠳᠤ  《ᠦᠬᠠᠢ ᠨᠠᠭᠤᠷ 》 ᠪᠤᠢ ᠪᠤᠯᠪᠠ᠃ ᠦᠬᠠᠢ ᠬᠤᠳᠠ ᠵᠢᠨ ᠪᠠᠷᠠᠭᠤᠨ ᠬᠤᠢᠳᠤ ᠬᠡᠰᠡᠭ ᠲᠦ᠍ ᠪᠠᠢᠷᠢᠯᠠᠵᠦ ᠪᠠᠢᠭ᠎ᠠ ᠦᠬᠠᠢ ᠨᠠᠭᠤᠷ᠎ᠤᠨ ᠶᠡᠷᠦᠩᠬᠡᠢ ᠲᠠᠯᠠᠪᠠᠢ 118 ᠲᠡᠭᠰᠢ ᠳᠥᠷᠪᠡᠯᠵᠢᠨ ᠺᠢᠯᠤᠮᠧᠲᠷ ᠪᠠᠢᠵᠦ᠂ ᠤᠯᠤᠰ᠎ᠤᠨ ᠲᠡᠰ᠎ᠤᠨ ᠤᠰᠤᠨ ᠠᠰᠢᠬᠯᠠᠯᠳᠠ ᠵᠢᠨ ᠦᠵᠡᠮᠵᠢ ᠵᠢᠨ ᠤᠷᠤᠨ ᠪᠠ ᠦᠪᠡᠷᠳᠡᠬᠡᠨ ᠵᠠᠰᠠᠬᠤ ᠤᠷᠤᠨ᠎ᠤ ᠲᠡᠰ᠎ᠤᠨ ᠵᠢᠭᠤᠯᠴᠢᠯᠠᠯ ᠰᠡᠯᠡᠬᠦᠴᠡᠯ᠎ᠤᠨ ᠤᠷᠤᠨ ᠪᠤᠯᠵᠠᠢ᠃

 

ᠠᠭᠤᠯᠠ᠂ ᠤᠰᠤ᠂ ᠡᠯᠡᠰᠦᠨ᠎ᠤ ᠷᠤᠮᠠᠨᠲ᠋ᠢᠬ ᠤᠴᠠᠷᠠᠯ — ᠦᠬᠠᠢ ᠨᠠᠭᠤᠷ᠃

ᠲᠤᠷᠭᠠᠨ ᠰᠢᠷᠭᠠᠯ ᠡᠯᠡᠰᠦᠨ ᠲᠡᠭᠡᠷ᠎ᠡ ᠲᠤᠰᠤᠨ ᠪᠤᠳᠤᠬ᠎ᠤᠨ ᠵᠢᠷᠤᠬ ᠵᠢᠷᠤᠬᠰᠠᠨ ᠬᠡᠮᠡᠷ ᠲᠡᠭᠷᠢ ᠵᠢᠨ ᠴᠡᠩᠭᠡᠷ ᠨᠠᠭᠤᠷ ᠲᠤᠨᠤᠷᠠᠨ᠎ᠠ᠂ ᠨᠠᠭᠤᠷ ᠲᠤᠨᠢ ᠭᠠᠨᠳᠠᠷᠢ ᠠᠭᠤᠯᠠ᠂ ᠭᠠᠨᠳᠠᠷᠢᠰᠦᠨ ᠪᠠᠯᠭᠠᠳ ᠬᠡᠮᠡᠷ ᠦᠬᠠᠢ ᠬᠤᠳᠠ ᠵᠢᠨ ᠠᠰᠠᠷ ᠲᠠᠬᠲᠤ ᠵᠢᠰᠦ ᠪᠡᠨ ᠲᠤᠯᠢᠳᠠᠨ᠎ᠠ᠃

ᠦᠬᠠᠢ ᠨᠠᠭᠤᠷ ᠦᠨᠡᠨᠳᠡᠭᠡᠨ ᠵᠤᠬᠢᠶᠠᠮᠠᠯ ᠨᠠᠭᠤᠷ ᠶᠤᠮ᠃ ᠠᠵᠤ ᠦᠢᠯᠡᠳᠪᠦᠷᠢ ᠵᠢᠨ ᠬᠦᠭᠵᠢᠯᠲᠡ ᠡᠴᠡ ᠪᠤᠯᠤᠬᠰᠠᠨ ᠠᠭᠠᠷ ᠮᠠᠨᠳᠠᠯ᠎ᠤᠨ ᠪᠤᠬᠢᠷᠳᠤᠯ ᠎ᠢ ᠵᠠᠰᠠᠬᠤ ᠬᠡᠵᠦ ᠦᠬᠠᠢᠴᠤᠳ ᠬᠠᠲᠤᠨ ᠭᠤᠤᠯ᠎ᠤᠨ ᠤᠰᠤ ᠵᠢ ᠡᠯᠡᠰᠦᠨ ᠳ᠋ᠦ ᠲᠠᠳᠠᠵᠤ ᠤᠷᠤᠭᠤᠯᠤᠭᠠᠳ ᠦᠬᠠᠢ ᠨᠠᠭᠤᠷ ᠎ᠤᠨ ᠨᠤᠭᠤᠭᠠᠨ ᠪᠦᠷᠢᠳᠦ ᠵᠢ ᠪᠦᠲᠦᠭᠡᠵᠡᠢ᠃

《ᠬᠠᠲᠤᠨ ᠭᠤᠤᠯ᠎ᠤᠨ ᠭᠡᠷᠡᠯᠲᠦ᠍ ᠰᠤᠪᠤᠳ》 ᠬᠡᠮᠡᠨ ᠠᠯᠳᠠᠷᠰᠢᠬᠰᠠᠨ ᠦᠬᠠᠢ ᠬᠤᠳᠠ ᠪᠤᠯ ᠤᠷᠠᠨ ᠪᠢᠴᠢᠯᠭᠡ ᠵᠢᠨ ᠬᠤᠳᠠ᠂ ᠦᠵᠦᠮ᠎ᠤᠨ ᠠᠷᠢᠬᠢ ᠵᠢᠨ ᠨᠤᠲᠤᠬ᠂ ᠬᠠᠲᠤᠨ ᠭᠣᠤᠯ᠎ᠤᠨ ᠥᠪᠦᠷ ᠮᠣᠩᠭᠤᠯ᠎ᠳ᠋ᠡᠬᠢ ᠠᠩᠬᠠᠨ᠎ᠤ ᠥᠷᠲᠡᠭᠡ᠃ ᠬᠠᠲᠤᠨ ᠭᠣᠤᠯ ᠪᠤᠯᠤᠨ ᠤᠯᠠᠭᠠᠠᠪᠤᠬ᠎ᠠ ᠵᠢᠨ ᠡᠯᠡᠰᠦ ᠡᠨᠳᠡ ᠨᠡᠢᠯᠡᠵᠦ᠂ ᠦᠨᠳᠦᠷ ᠰᠦᠷᠯᠢᠭ ᠭᠠᠨᠳᠠᠷᠢ ᠠᠭᠤᠯᠠ ᠲᠠᠢ ᠬᠠᠮᠲᠤ ᠠᠭᠤᠯᠠ᠂ ᠤᠰᠤ᠂ ᠡᠯᠡᠰᠦ᠂ ᠬᠤᠳᠠ ᠵᠢ ᠠᠭᠤᠰᠬᠠᠬᠰᠠᠨ ᠦᠪᠡᠷᠮᠢᠴᠡ ᠭᠤᠢᠳᠠ ᠦᠩᠭᠡ ᠦᠵᠡᠮᠵᠢ ᠵᠢ ᠪᠦᠷᠢᠯᠳᠦᠭᠦᠯᠵᠦ᠂ ᠡᠷᠳᠡᠨ ᠡᠳᠦᠭᠡ ᠵᠢᠨ ᠦᠤᠭᠡ ᠲᠡᠤᠭᠡ ᠵᠢ ᠦᠭᠦᠯᠡᠨ᠎ᠡ ᠁


ᠦᠬᠠᠢ ᠨᠠᠭᠤᠷ ᠡᠴᠡ ᠬᠦᠪᠦᠷᠡᠭᠰᠨᠨ ᠪᠠᠷᠢᠮᠳᠠᠯᠠᠯ ᠬᠢᠬᠡᠳ ᠪᠠᠬᠠᠷᠠᠬᠯ

ᠠᠳᠤᠷᠢᠭᠤᠯᠤᠬᠰᠠᠨ ᠬᠡᠵᠢᠬᠡ᠂ ᠨᠠᠷᠢᠪᠳᠤᠷ ᠪᠡᠶ᠎ᠠ᠂ ᠬᠦᠳᠡᠯᠵᠦ ᠪᠠᠷᠢᠬᠤ ᠨᠢ ᠬᠦᠩᠬᠡᠨ ᠱᠠᠯᠠᠮᠠᠬ ᠨᠢᠶᠸ ᠵᠢᠩ᠎ᠢ ᠬᠠᠷᠠᠬᠤ ᠳ᠋ᠦ ᠲᠠᠪᠢ ᠤᠢᠷᠠᠳᠤᠬᠰᠠᠨ ᠬᠦᠮᠦᠨ ᠬᠡᠬᠦ  ᠳ᠋ᠦ  ᠢᠳᠡᠭᠡᠵᠦ  ᠶᠠᠳᠠᠮᠠᠷ ᠃

ᠡᠨᠡ ᠨᠢ ᠲᠡᠬᠦᠨ᠎ᠤ ᠠᠷᠪᠠᠭᠠᠳ ᠵᠢᠯ ᠬᠤᠯᠠ ᠬᠦᠶᠦᠭᠦ ᠵᠢ ᠪᠠᠷᠢᠮᠳᠠᠯᠠᠬᠰᠠᠨ᠎ᠤ ᠬᠢ ᠶᠤᠮ᠃ ᠨᠠᠭᠠᠨ᠎ᠠ ᠨᠢ ᠠᠷᠯᠠᠨ ᠲᠤᠯᠬᠢᠶᠠᠯᠠᠭ᠎ᠠ ᠦᠬᠠᠢ ᠨᠠᠭᠤᠷ᠂ ᠴᠠᠭᠠᠨ᠎ᠠ ᠨᠢ ᠰᠢᠷᠭᠠᠯᠳᠤᠨ ᠬᠠᠷᠠᠬᠳᠠᠬᠤ ᠤᠯᠠᠭᠠᠨᠪᠤᠬ᠎ᠠ ᠵᠢᠨ ᠡᠯᠡᠰᠦ — ᠦᠬᠠᠢ ᠨᠠᠭᠤᠷ᠎ᠢ ᠲᠣᠭᠤᠷᠢᠭᠰᠠᠨ ᠮᠠᠷᠠᠽᠤᠨ ᠬᠦᠶᠦᠯᠳᠡ ᠵᠢᠨ ᠵᠠᠮ ᠵᠢᠡᠷ ᠲᠡᠷᠡ ᠡᠳᠦᠷ ᠠᠯᠤᠰᠯᠠᠨ ᠨᠢᠭᠡ ᠤᠳᠠᠭ᠎ᠠ ᠬᠦᠶᠦᠵᠦ   ᠨᠢᠭᠡᠨᠲᠠ ᠪᠦᠳᠦᠨ ᠠᠷᠪᠠᠨ ᠵᠢᠯ  ᠪᠠᠷᠢᠮᠳᠠᠯᠠᠴᠢᠬᠠᠵᠠᠢ᠃



ᠨᠢᠶᠸ ᠵᠢᠩ ᠨᠢᠬᠡᠨ ᠦᠶ᠎ᠠ 180 ᠵᠢᠩ ᠪᠤᠯᠳᠠᠯ᠎ᠠ ᠮᠠᠷᠢᠶᠠᠯᠠᠨ᠂ ᠴᠢᠷᠠᠢ ᠨᠢ ᠬᠠᠪᠤᠩᠨᠠᠨ ᠬᠦᠭᠡᠷᠡᠵᠦ᠂ ᠨᠠᠰᠤ ᠬᠤᠷᠠᠬᠴᠤᠤᠯ᠎ᠤᠨ ᠵᠢᠡᠨ ᠲᠤᠳᠤᠷ᠎ᠠ ᠨᠡᠯᠢᠶᠡᠳ ᠡᠷᠳᠡ ᠴᠢᠰᠤᠨ ᠦᠬᠡᠬᠦ᠂ ᠴᠢᠰᠤᠨ ᠲᠠᠷᠤᠯᠳᠠ ᠦᠨᠳᠦᠷ  ᠨᠢᠬᠡ ᠨᠢ ᠪᠤᠯᠤᠬᠰᠠᠨ ᠪᠠᠢᠪᠠ᠃

ᠲᠤᠯᠢᠨ ᠳ᠋ᠤ ᠪᠡᠶ᠎ᠠ ᠪᠠᠨ ᠬᠠᠷᠠᠬᠤ ᠡᠴᠡ ᠬᠠᠯᠢᠷᠠᠳᠠᠬ ᠪᠠᠢᠬᠰᠠᠨ ᠵᠢᠡᠨ ᠨᠢᠶᠸ ᠵᠢᠩ ᠮᠠᠷᠳᠠᠵᠦ ᠴᠢᠳᠠᠬᠤ ᠦᠬᠡᠢ᠃ ᠲᠡᠷᠡ ᠭᠠᠳᠠᠨ᠎ᠠ ᠭᠠᠷᠴᠤ ᠬᠦᠶᠦᠶ᠎ᠠ᠂ ᠪᠡᠶ᠎ᠠ ᠴᠢᠬᠢᠷᠠᠭᠵᠢᠭᠤᠯᠬᠤ ᠭᠠᠵᠠᠷ ᠬᠦᠷᠴᠤ ᠪᠤᠯᠪᠠᠰᠤᠷᠠᠶ᠎ᠠ ᠬᠡᠵᠦ ᠨᠢᠬᠡ ᠪᠢᠰᠢ ᠤᠳᠠᠭ᠎ᠠ ᠪᠤᠳᠤᠵᠦ ᠦᠩᠬᠡᠷᠡᠭᠰᠡᠨ ᠴᠦ᠍ ᠬᠦᠳᠡᠯᠦᠬᠡ ᠦᠬᠡᠢ᠃ ᠬᠦᠶᠦᠬᠦ ᠤᠷᠴᠢᠨ ᠭᠤᠷᠢ ᠦᠬᠡᠢ᠂ ᠠᠵᠢᠯ ᠶᠠᠭᠠᠷᠠᠤ᠂ ᠴᠠᠬ ᠦᠬᠡᠢ ᠬᠡᠬᠦᠴᠢᠯᠡᠨ  ᠪᠡᠶ᠎ᠠ ᠳ᠋ᠡᠬᠡᠨ ᠰᠢᠯᠳᠠᠬ ᠡᠷᠢᠵᠦ ᠯᠡ ᠪᠠᠢᠪᠠ ᠃

ᠬᠠᠷᠢᠨ ᠨᠢᠬᠡ ᠤᠳᠠᠭ᠎ᠠ ᠵᠢᠨ ᠪᠡᠶ᠎ᠠ ᠵᠢᠨ ᠪᠠᠢᠴᠠᠭᠠᠯᠳᠠ ᠵᠢᠨ ᠬᠠᠭᠤᠳᠠᠰᠤᠨ ᠳ᠋ᠡᠬᠢ ᠲᠡᠭᠡᠭᠰᠢ ᠲᠤᠷᠤᠬᠰᠢ ᠬᠠᠨᠳᠤᠬᠰᠠᠨ ᠪᠠᠷᠢᠮᠵᠢᠶ᠎ᠠ ᠳ᠋ᠤ ᠨᠡᠢᠴᠡᠬᠦ ᠦᠬᠡᠢ ᠰᠤᠮᠤᠨ ᠦᠵᠦᠬᠦᠷ ᠨᠢ ᠨᠢᠶᠸ ᠵᠢᠩ᠎ᠤᠨ ᠰᠡᠳᠬᠢᠯ᠎ᠢ ᠬᠦᠨ ᠬᠦᠨᠳᠡᠵᠤ᠂ ᠪᠡᠶ᠎ᠠ  ᠴᠢᠬᠢᠷᠠᠭᠵᠢᠭᠤᠯᠬᠤ  ᠪᠤᠳᠤᠯ᠎ᠢ  ᠨᠢ  ᠴᠢᠩᠭᠠᠯᠠᠵᠠᠢ ᠃

ᠠᠩᠬ᠎ᠠ ᠡᠬᠢᠯᠡᠬᠡᠳ ᠵᠠᠰᠠᠮᠠᠯ ᠵᠠᠮ᠎ᠤᠨ ᠬᠠᠵᠠᠭᠤ ᠪᠡᠷ ᠬᠦᠶᠦᠳᠡᠭ ᠪᠠᠢᠬᠰᠠᠨ ᠵᠢᠨᠨ ᠦᠬᠠᠢ ᠨᠠᠭᠤᠷ ᠭᠠᠷᠴᠤ ᠬᠦᠶᠦᠯᠳᠡ ᠵᠢᠨ ᠵᠠᠮ ᠵᠠᠰᠠᠵᠦ ᠦᠭᠬᠦᠭᠰᠡᠨ ᠡᠴᠡ ᠬᠤᠢᠰᠢ ᠲᠡᠷᠡ ᠡᠳᠦᠷ ᠠᠯᠤᠰᠯᠠᠬᠤ ᠪᠦᠷᠢ ᠢᠷᠡᠵᠦ ᠬᠦᠶᠦᠳᠡᠭ  ᠪᠤᠯᠵᠠᠢ᠃

— ᠨᠠᠭᠤᠷ᠎ᠤᠨ ᠬᠥᠪᠡᠭᠡ᠎ᠶ᠋ᠢ ᠳᠠᠭᠠᠵᠦ ᠭᠦᠶᠦᠬᠦ ᠳ᠋ᠤ ᠴᠢᠬᠢᠭᠯᠢᠭ ᠲᠠᠭᠠᠯᠠᠮᠵᠢᠲᠠᠢ᠂ ᠨᠠᠮ ᠵᠢᠮ ᠪᠠᠢᠳᠠᠬ ᠵᠢᠡᠷ ᠶᠠᠳᠠᠷᠠᠬᠤ ᠪᠠᠨ ᠮᠡᠳᠡᠬᠦ ᠦᠬᠡᠢ ᠬᠦᠶᠦᠳᠡᠭ ᠶᠤᠮ ᠬᠡᠵᠦ ᠰᠠᠶᠢᠬᠠᠨ ᠠᠷᠪᠠᠨ ᠺᠢᠯᠤᠮᠧᠲᠷ ᠭᠦᠶᠦᠵᠦ ᠪᠠᠷᠠᠬᠰᠠᠨ ᠨᠢᠶᠸ ᠵᠢᠩ ᠮᠠᠩᠨᠠᠢ ᠵᠢᠨ ᠬᠦᠯᠦᠰᠦ ᠪᠡᠨ ᠠᠷᠴᠢᠨ᠎ᠠ᠃

ᠨᠢᠶᠸ ᠵᠢᠩ᠎ᠤᠨ ᠪᠡᠶ᠎ᠡ ᠵᠢᠨ ᠪᠠᠢᠴᠠᠭᠠᠯᠲᠠ ᠵᠢᠨ ᠳ᠋ᠦᠩ ᠬᠡᠳᠦᠢᠨ ᠪᠦᠷ ᠬᠡᠪ᠎ᠤᠨ ᠪᠤᠯᠤᠬᠰᠠᠨ ᠲᠡᠳᠦᠢ ᠦᠬᠡᠢ ᠂ ᠮᠠᠷᠠᠽᠤᠨ ᠤᠷᠤᠯᠳᠤᠭᠠᠨ ᠳ᠋ᠦ 2 ᠴᠠᠭ 58 ᠮᠢᠨᠦᠢ᠍ᠲ 46 ᠰᠧᠺᠦᠢ᠍ᠨ᠋ᠳ᠋᠎ᠦᠨ ᠰᠢᠯᠢᠳᠡᠭ ᠬᠢᠷᠢ ᠪᠦᠲᠦᠮᠵᠢ ᠤᠯᠵᠦ ᠂ ᠦᠬᠠᠢ ᠬᠤᠳᠠ ᠵᠢᠨ ᠬᠤᠯᠠ ᠬᠦᠶᠦᠯᠳᠡ ᠵᠢᠨ ᠤᠳᠤᠨ ᠪᠤᠯᠤᠬᠰᠠᠨ ᠪᠠᠢᠪᠠ ᠃

ᠬᠤᠵᠢᠮ ᠨᠢ ᠲᠡᠭᠦᠨ᠎ᠢ ᠲᠠᠭᠠᠵᠦ ᠬᠦᠶᠦᠳᠡᠭ ᠬᠦᠮᠦᠰ ᠤᠯᠠᠰᠢᠷᠠᠬᠤ ᠵᠢ ᠲᠠᠭᠠᠯᠳᠤᠨ᠂ ᠲᠡᠷᠡ ᠪᠡᠷ ᠦᠬᠠᠢ ᠵᠢᠨ ᠮᠠᠷᠠᠽᠤᠨ ᠤᠷᠤᠯᠳᠤᠭᠠᠨ᠎ᠤ ᠨᠡᠶ᠋ᠢᠭᠡᠮᠯᠢᠭ᠎ᠢ ᠪᠠᠢᠭᠤᠯᠤᠬᠰᠠᠨ ᠪᠦᠭᠡᠳ ᠪᠠᠰᠠ ᠯᠠᠠ ᡁᠢ ᠲᠢᠶᠠᠨ ᠤᠷᠠᠯᠢᠬ᠎ᠤᠨ ᠪᠤᠯᠪᠠᠰᠤᠷᠠᠯ᠎ᠤᠨ ᠠᠩᠬᠢ ᠡᠷᠬᠢᠯᠡᠵᠦ᠂ ᠭᠤᠴᠢ ᠳᠥᠴᠢᠨ ᠰᠤᠷᠤᠬᠴᠢ ᠲᠠᠢ ᠪᠤᠯᠵᠠᠢ᠃ ᠤᠳᠤ ᠬᠤᠶᠠᠷ ᠬᠡᠤᠬᠡᠳ᠂ ᠬᠡᠷᠭᠡᠢ᠂ ᠲᠡᠷᠡᠴᠢᠯᠡᠨ ᠨᠡᠶᠡ ᠲᠦᠭᠦᠵᠦ ᠪᠠᠢᠭ᠎ᠠ ᠠᠪᠤ ᠨᠢ ᠪᠠᠰᠠ ᠬᠠᠶᠠ ᠲᠡᠭᠦᠨ ᠲᠠᠢ ᠬᠠᠮᠲᠤ ᠬᠦᠶᠦᠳᠡᠭ ᠪᠤᠯᠤᠬᠰᠠᠨ ᠨᠢ ᠨᠢᠶᠸ ᠵᠢᠩ ᠳ᠋ᠤ ᠠᠪᠴᠤ ᠬᠡᠯᠡᠪᠡᠯ ᠬᠠᠮᠤᠬ᠎ᠤᠨ ᠶᠡᠬᠡ ᠤᠯᠤᠯᠳᠠ ᠬᠡᠨ᠎ᠠ᠃

ᠦᠬᠠᠢ ᠬᠤᠳᠠ ᠵᠢᠨ ᠰᠣᠶᠤᠯ ᠵᠢᠭᠤᠯᠴᠢᠯᠠᠯ᠎ᠤᠨ ᠪᠦᠯᠦᠭᠯᠡᠯ᠎ᠳᠤ ᠠᠵᠢᠯᠯᠠᠵᠤ ᠪᠠᠶ᠋ᠢᠭ᠎ᠠ ᠴᠢᠨ ᠢᠦᠢ ᠶᠠᠨ ᠪᠤᠯ ᠪᠠᠰᠠ ᠴᠦ᠍ ᠦᠬᠠᠢ ᠳ᠋ᠤ ᠲᠥᠷᠦᠵᠦ ᠦᠰᠦᠭᠰᠡᠨ ᠬᠦᠮᠦᠨ᠃

《ᠦᠬᠠᠢ》 ᠭᠡᠬᠦ᠌ ᠦᠭᠡ ᠨᠢ 《ᠬᠠᠷ᠎ᠠ ᠠᠯᠲᠠᠨ᠎ᠤ ᠳᠠᠯᠠᠢ》 ᠭᠡᠳᠡᠭ ᠡᠴᠡ ᠢᠷᠡᠯᠲᠡ ᠲᠠᠢ᠂ 《ᠬᠠᠷ᠎ᠠ ᠠᠯᠳᠠ》 ᠬᠡᠳᠡᠭ ᠨᠢ ᠨᠡᠬᠦᠷᠡᠰᠤ ᠶᠤᠮ ᠬᠡᠵᠦ ᠠᠪᠤ ᠵᠢᠨ ᠵᠢᠡᠨ ᠶᠠᠷᠢᠬᠤ ᠵᠢ ᠴᠢᠨ ᠢᠤᠢ ᠶᠠᠨ ᠬᠠᠷᠠᠬᠠᠨ ᠪᠠᠭ᠎ᠠ ᠡᠴᠡ ᠪᠠᠨ ᠰᠤᠨᠤᠰᠴᠤ ᠢᠷᠡᠵᠡᠢ᠃ ᠨᠡᠬᠡᠷᠡᠨ᠂ ᠦᠬᠠᠢ ᠬᠡᠭᠴᠢ ᠨᠡᠬᠦᠷᠡᠰᠤᠨ᠎ᠤ ᠡᠬᠢ ᠪᠠᠶᠠᠯᠢᠬ ᠲᠦ᠍ ᠰᠠᠭᠤᠷᠢᠯᠠᠬᠰᠠᠨ ᠠᠵᠦ ᠦᠢᠯᠡᠳᠪᠦᠷᠢ ᠵᠢᠨ ᠬᠤᠳᠠ ᠬᠡᠳᠡᠭ᠎ᠢ ᠲᠤᠮᠤᠵᠢᠬᠤ ᠲᠤᠳᠤᠮ ᠲᠡᠷᠡ ᠤᠯᠠᠮ ᠤᠢᠯᠠᠭᠠᠬᠤ  ᠪᠤᠯᠪᠠ᠃

ᠤᠬᠳᠠᠷᠭᠤᠢ ᠳ᠋ᠦ ᠶᠡᠷᠦ ᠨᠢ ᠨᠡᠭᠦᠷᠡᠰᠦᠨ ᠨᠤᠨᠳᠠᠬ ᠪᠤᠳᠠᠷᠠᠵᠦ ᠬᠡᠢᠰᠦᠬᠡᠳ᠂ ᠬᠤᠨᠤᠬ ᠦᠨᠵᠢᠯ ᠦᠬᠡᠢ ᠴᠣᠩᠬᠤᠨ ᠲᠠᠢᠰᠠᠨ ᠳᠡᠭᠡᠷ᠎ᠡ ᠨᠢ ᠬᠠᠪ ᠬᠠᠷ᠎ᠠ ᠲᠤᠭᠤᠰᠤ ᠰᠠᠭᠤᠴᠢᠬᠠᠳᠠᠬ᠎ᠢ ᠡᠵᠢ ᠨᠢ ᠡᠳᠦᠷ ᠪᠦᠷᠢ ᠵᠦᠯᠬᠦᠵᠦ ᠴᠡᠪᠡᠷᠯᠡᠳᠡᠭ ᠪᠠᠢᠬᠰᠠᠨ ᠨᠢ ᠴᠢᠨ ᠢᠤᠢ ᠶᠠᠨ᠎ᠤ ᠤᠢ ᠰᠠᠭᠤᠬᠳᠠᠯ ᠳ᠋ᠤ ᠲᠤᠳᠤᠬᠠᠨ᠃ ᠲᠡᠷᠡ ᠦᠶ᠎ᠡ᠎ᠳᠦ ᠦᠬᠠᠢ᠎ᠶ᠋ᠢᠨ ᠣᠢ ᠮᠤᠳᠤ ᠡᠳᠦᠷ᠎ᠤᠨ ᠤᠳᠤ ᠬᠡᠮᠡᠷ ᠴᠦᠬᠡᠨ᠂ ᠵᠢᠯᠵᠢᠨ ᠰᠠᠯᠬᠢ ᠡᠯᠡᠰᠤ ᠰᠢᠭᠤᠷᠴᠤ ᠯᠡ ᠪᠠᠢᠳᠠᠬ ᠡᠴᠡ ᠦᠬᠠᠢ᠎ᠶ᠋ᠢᠨ ᠨᠡᠯᠢᠶᠡᠳ ᠬᠥᠮᠦᠰ ᠨᠢᠳᠦᠨ᠎ᠤ ᠬᠦᠰᠢᠶ᠎ᠡ ᠡᠪᠡᠳᠴᠢᠨ ᠳ᠋ᠦ ᠨᠡᠷᠪᠡᠭᠳᠡᠵᠦ ᠪᠠᠢᠬᠰᠠᠨ ᠬᠡᠵᠦ ᠴᠢᠨ ᠢᠤᠢ ᠶᠠᠨ ᠪᠠᠭ᠎ᠠ ᠳ᠋ᠠᠭᠠᠨ ᠦᠷᠬᠦᠯᠵᠢ ᠰᠤᠨᠤᠰᠴᠤ ᠪᠠᠢᠯ᠎ᠠ᠃

ᠠᠩᠬ᠎ᠠ ᠳᠤᠮᠳᠠᠳᠤ ᠳ᠋ᠤ ᠰᠤᠷᠤᠯᠴᠠᠵᠦ ᠪᠠᠢᠬᠰᠠᠨ ᠦᠶ᠎ᠠ ᠳ᠋ᠤ ᠭᠠᠷᠤᠬᠰᠠᠨ ᠨᠢᠭᠡ ᠤᠳᠠᠭ᠎ᠠ ᠵᠢᠨ ᠶᠡᠭᠡ ᠡᠯᠡᠰᠦᠨ ᠰᠢᠭᠤᠷᠭ᠎ᠠ ᠳ᠋ᠦ ᠰᠤᠷᠭᠠᠭᠤᠯᠢ ᠨᠢ ᠴᠢᠯᠦᠭᠡ ᠲᠠᠯᠪᠢᠬᠰᠠᠨ᠎ᠢ ᠴᠢᠨ ᠢᠤᠢ ᠶᠠᠨ ᠤᠳᠤ ᠪᠤᠯᠳᠠᠯ᠎ᠠ ᠮᠠᠷᠳᠠᠭ᠎ᠠ ᠦᠬᠡᠢ᠃ ᠬᠢᠴᠢᠶᠡᠯ ᠤᠷᠤᠵᠤ ᠪᠠᠢᠳᠠᠯ᠎ᠠ ᠬᠡᠨᠡᠳᠲᠡ ᠲᠡᠭᠷᠢ ᠪᠦᠷᠭᠦᠢᠵᠦ᠂ ᠰᠢᠷ᠎ᠠ ᠬᠠᠷ᠎ᠠ ᠡᠯᠡᠰᠤ ᠲᠤᠭᠤᠰᠤ ᠬᠤᠯᠢᠯᠳᠤᠬᠰᠠᠨ ᠲᠣᠭᠰᠢᠨ ᠰᠢᠭᠤᠷᠭ᠎ᠠ ᠲᠩᠷᠢ ᠭᠠᠵᠠᠷ᠎ᠢ ᠨᠡᠢᠯᠡᠳᠡᠯ᠎ᠠ ᠰᠢᠭᠤᠷᠴᠤ᠂ ᠰᠤᠷᠭᠠᠭᠤᠯᠢ᠎ᠠᠴᠠ ᠨᠢ ᠪᠦᠬᠦ᠌ ᠰᠤᠷᠤᠭᠴᠢᠳ ᠲᠠᠭᠠᠨ ᠳᠠᠷᠤᠢᠬᠠᠨ ᠭᠡᠷ᠎ᠲᠡᠬᠡᠨ ᠬᠠᠷᠢᠬᠤ ᠪᠠᠴᠢᠮ ᠮᠡᠳᠡᠭᠳᠡᠯ ᠪᠠᠭᠤᠯᠭᠠᠵᠦ᠂ ᠣᠯᠠᠨ᠎ᠢᠶᠠᠷ᠎ᠢᠶᠠᠨ ᠠᠮᠠ᠎ᠪᠠᠨ ᠪᠥᠳᠡᠭᠡᠵᠦ ᠡᠯᠡᠰᠦᠨ ᠰᠢᠭᠤᠷᠭ᠎ᠠ ᠲᠤᠮᠳᠠᠭᠤᠷ ᠭᠡᠷ ᠵᠦᠭ ᠵᠢᠡᠨ ᠬᠦᠶᠦᠯᠳᠦᠭᠰᠡᠨ ᠪᠠᠢᠪᠠ᠃

ᠵᠢᠯ ᠲᠤᠵᠢ ᠨᠡᠭᠦᠷᠡᠰᠦᠨ ᠤᠳᠤᠭ᠎ᠠ ᠂ ᠬᠠᠷ᠎ᠠ ᠲᠤᠭᠤᠰᠦ ᠪᠤᠰᠳᠠᠬ ᠪᠤᠯᠬᠤᠷ ᠴᠢᠨ ᠢᠤᠢ ᠶᠠᠨ ᠴᠠᠭᠠᠨ ᠦᠩᠭᠡ ᠲᠠᠢ ᠬᠤᠪᠴᠠᠰᠤ ᠪᠠᠷᠤᠬ ᠡᠮᠦᠰᠳᠡᠭ ᠦᠬᠡᠢ ᠬᠡᠨ᠎ᠠ᠃ ᠡᠰᠡᠪᠡᠰᠤ ᠭᠠᠳᠠᠨ᠎ᠠ ᠡᠴᠡ ᠬᠠᠷᠢᠭᠠᠳ ᠢᠷᠡᠭᠦᠯᠡᠷ ᠴᠠᠪ ᠴᠠᠭᠠᠨ ᠬᠤᠪᠴᠠᠰᠤᠨ᠎ᠤ ᠬᠢᠨᠢ ᠵᠠᠭᠠᠮ᠎ᠠ ᠲᠡᠭᠡᠷ᠎ᠡ ᠨᠢ ᠬᠠᠷ᠎ᠠ ᠲᠣᠭᠤᠷᠢᠭ 《ᠵᠢᠷᠤᠴᠢᠬᠠᠳᠠᠬ 》 ᠪᠠᠢᠬᠰᠠᠨ ᠬᠡᠨ᠎ᠠ᠃

ᠴᠢᠨ ᠢᠦᠢ ᠶᠠᠨ᠎ᠢ ᠶᠡᠭᠡ ᠰᠤᠷᠭᠠᠭᠤᠯᠢ ᠳ᠋ᠦ ᠡᠯᠰᠡᠭᠳᠡᠭᠰᠡᠨ ᠲᠡᠷᠡ ᠵᠢᠯ ᠦᠬᠠᠢ ᠨᠠᠭᠤᠷ᠎ᠤᠨ ᠦᠵᠡᠮᠵᠢ᠎ᠶ᠋ᠢᠨ ᠣᠷᠤᠨ ᠳ᠋ᠦ ᠤᠰᠤ ᠤᠷᠤᠭᠤᠯᠵᠦ ᠨᠠᠭᠤᠷ ᠲᠤᠬᠳᠠᠭᠤᠯᠵᠦ ᠡᠬᠢᠯᠡᠭᠰᠡᠨ ᠪᠤᠯᠬᠤᠷ ᠲᠡᠬᠦᠨ ᠳ᠋ᠦ ᠤᠨᠴᠠ ᠵᠢᠨ ᠰᠠᠭᠤᠬᠳᠠᠯ ᠲᠠᠢ᠃ 2017 ᠣᠨ᠎ᠳᠤ ᠲᠡᠷᠡ ᠶᠡᠭᠡ ᠰᠤᠷᠭᠠᠭᠤᠯᠢ ᠪᠡᠨ ᠲᠡᠭᠦᠰᠦᠭᠡᠳ ᠦᠬᠠᠢ ᠳ᠋ᠠᠭᠠᠨ ᠪᠤᠴᠠᠵᠤ ᠢᠷᠡᠬᠦ ᠳ᠋ᠦ᠂ ᠲᠦᠷᠦᠭᠰᠡᠨ ᠨᠤᠲᠤᠭ᠎ᠤᠨ ᠬᠢᠨᠢ ᠬᠤᠪᠢᠷᠠᠯᠲᠠ ᠲᠡᠭᠦᠨ᠎ᠢ ᠲᠠᠨᠢᠯ ᠪᠤᠰᠤ ᠭᠠᠵᠠᠷ ᠲᠦ᠍ ᠢᠷᠡᠭᠰᠡᠨ ᠰᠢᠭ ᠰᠠᠨᠠᠬᠳᠠᠭᠤᠯᠪᠠ ᠄ ᠬᠤᠳᠠ ᠵᠢᠨ ᠬᠢᠨᠢ ᠬᠠᠪᠢ ᠳ᠋ᠤ ᠴᠡᠩᠬᠡᠷᠳᠤᠨ ᠲᠤᠯᠬᠢᠶᠠᠯᠠᠬᠤ ᠦᠬᠠᠢ ᠨᠠᠭᠤᠷ ᠲᠦ᠍ ᠶᠡᠷᠦ ᠡᠴᠡ ᠬᠠᠷᠠᠵᠦ ᠪᠠᠢᠬᠰᠠᠨ ᠦᠬᠡᠢ ᠤᠰᠤᠨ᠎ᠤ ᠰᠢᠪᠠᠭᠤᠳ ᠬᠠᠯᠢᠵᠦ᠂ ᠬᠤᠪᠠᠬᠠᠢ ᠠᠭᠤᠯᠠᠨ ᠳ᠋ᠤᠨᠢ ᠤᠢ ᠮᠣᠳᠤ ᠰᠠᠬᠤᠯᠢᠬᠵᠢᠵᠦ᠂ ᠦᠩᠬᠡᠷᠡᠭᠰᠡᠨ᠎ᠤ ᠰᠢᠷᠭᠠᠯ ᠡᠯᠡᠰᠤᠨ ᠳ᠋ᠤ ᠨᠤᠮᠢᠨ ᠨᠤᠭᠤᠭᠠᠨ ᠦᠩᠬᠡ ᠬᠠᠶᠠ ᠦᠬᠡᠢ ᠬᠠᠷᠠᠬᠳᠠᠵᠦ᠂ ᠬᠤᠳᠠ ᠲᠤᠳᠤᠷ᠎ᠠ ᠨᠢ ᠴᠦ᠍ ᠨᠡᠯᠢᠶᠡᠳ ᠬᠡᠳᠦᠨ ᠰᠢᠨ᠎ᠠ ᠴᠡᠴᠡᠷᠯᠢᠭ  ᠪᠤᠢ  ᠪᠤᠯᠤᠬᠰᠠᠨ ᠪᠠᠢᠯ᠎ᠠ ᠃

ᠨᠠᠭᠤᠷ᠎ᠤᠨ ᠲᠡᠬᠡᠬᠦᠷ ᠬᠠᠯᠢᠨ ᠲᠡᠬᠦᠯᠢᠬᠦ ᠬᠣᠰᠢᠭᠤ ᠤᠯᠠᠭᠠᠨ ᠴᠠᠬᠤᠯᠠᠢ ᠨᠠᠮᠤᠷ᠎ᠤᠨ ᠰᠡᠬᠦᠯᠴᠢ ᠪᠤᠯᠤᠬᠰᠠᠨ ᠪᠠᠢᠬᠤ ᠳ᠋ᠤ ᠡᠮᠦᠨ᠎ᠠ ᠤᠷᠤᠨ᠎ᠢ ᠵᠤᠷᠢᠬᠤ ᠪᠠᠨ ᠶᠠᠭᠠᠷᠠᠬᠤ ᠦᠬᠡᠢ ᠪᠠᠢᠬᠤ ᠨᠢ ᠦᠬᠠᠢ ᠨᠠᠭᠤᠷ ᠲᠠᠭᠠᠨ ᠬᠤᠷᠭᠤᠳᠠᠬᠰᠠᠨ᠎ᠤ ᠬᠢ ᠬᠡᠵᠦ ᠴᠢᠨ ᠢᠤᠢ ᠶᠠᠨ ᠢᠳᠡᠬᠡᠳᠡᠭ᠃ ᠨᠢᠳᠤᠨᠤᠨ ᠨᠠᠮᠤᠷ  ᠴᠢᠨ ᠢᠤᠢ ᠶᠠᠨ᠎ᠤ ᠺᠤᠮᠫᠠᠨᠢ ᠵᠢᠨ ᠬᠢᠨ ᠨᠢᠬᠡ ᠬᠣᠰᠢᠭᠤ ᠤᠯᠠᠭᠠᠨ ᠴᠠᠬᠤᠯᠠᠢ᠎ᠶ᠋ᠢᠨ ᠬᠥᠯ ᠳ᠋ᠤᠨᠢ ᠪᠠᠢᠷᠢ ᠲᠤᠬᠳᠠᠭᠠᠬᠤ ᠲᠦᠬᠦᠬᠡᠷᠦᠮᠵᠢ  ᠤᠶᠠᠵᠦ ᠨᠢᠰᠭᠡᠭᠰᠡᠨ ᠳ᠋ᠦ ᠡᠨᠡ ᠵᠢᠯ᠎ᠤᠨ ᠶᠢᠰᠦᠨ ᠰᠠᠷ᠎ᠠ ᠤᠷᠤᠮᠠᠬᠴᠠ ᠲᠡᠷᠡ ᠰᠢᠪᠠᠭᠤ ᠦᠬᠠᠢ ᠨᠠᠭᠤᠷ ᠲᠦ᠍ ᠡᠬᠡᠵᠦ ᠢᠷᠡᠭᠰᠡᠨ ᠠᠵᠢ᠃

ᠠᠭᠤᠯᠠ ᠲᠠᠢ᠂ ᠤᠰᠤ ᠲᠠᠢ ᠰᠠᠢᠬᠠᠨ ᠨᠤᠳᠤᠬ ᠲᠠᠭᠠᠨ ᠰᠠᠨᠠᠭ᠎ᠠ ᠲᠠᠢᠪᠤᠩ ᠠᠵᠢᠯᠯᠠᠵᠦ ᠠᠮᠢᠳᠤᠷᠠᠬᠤ ᠵᠢᠨ ᠵᠢᠷᠭᠠᠯ᠎ᠢ ᠴᠢᠨ ᠢᠤᠢ ᠶᠠᠨ ᠰᠡᠳᠬᠢᠯ ᠵᠢᠡᠷ ᠵᠢᠡᠨ ᠮᠡᠳᠡᠷᠡᠵᠤ ᠪᠠᠢᠯ᠎ᠠ᠃


ᠦᠬᠠᠢ ᠨᠠᠭᠤᠷ ᠡᠴᠡ ᠤᠷᠭᠤᠬᠰᠡᠨ ᠬᠥᠰᠡᠯ ᠪᠠ ᠲᠡᠮᠡᠤᠯᠤᠯ

NPC ᠁ ᠬᠡᠬᠦᠴᠢᠯᠡᠨ ᠡᠯᠡᠰᠤᠨ ᠵᠢᠭᠤᠯᠴᠢᠯᠠᠯ᠎ᠤᠨ ᠲᠤᠬᠠᠢ ᠵᠤᠭᠤᠬ ᠲᠡᠯᠬᠡᠵᠤ ᠵᠤᠬᠰᠤᠯᠳᠠ ᠥᠭᠡᠢ ᠶᠠᠷᠢᠬᠤ  ᠶᠠᠨ ᠯᠧᠢ ᠵᠢ ᠤᠶᠤᠳᠠᠨ ᠦᠶ᠎ᠠ ᠳ᠋ᠡᠬᠡᠨ ᠦᠬᠡ ᠲᠠᠭᠤ ᠴᠦᠬᠡᠨᠳᠡᠢ ᠬᠡᠳᠡᠭ ᠲᠸ᠋ ᠭᠠᠢᠬᠠᠰᠢ ᠠᠯᠳᠠᠪᠠ᠃

ᠤᠯᠠᠭᠠᠨᠬᠠᠳᠠ᠎ᠶ᠋ᠢᠨ ᠨᠢᠩᠴᠧᠩ᠎ᠰᠢᠶᠠᠨ᠎ᠤ ᠬᠦᠳᠡᠬᠡ ᠵᠢᠨ ᠲᠠᠷᠢᠶᠠᠴᠢᠨ ᠠᠢᠯ ᠳ᠋ᠤ ᠲᠦᠷᠦᠭᠰᠡᠨ ᠶᠠᠨ ᠯᠸᠢ 2010 ᠣᠨ᠎ᠳᠤ ᠦᠬᠠᠢ᠎ᠠᠵᠢᠯ ᠮᠡᠷᠭᠡᠵᠢᠯ᠎ᠤᠨ ᠲᠡᠭᠡᠳᠦ ᠰᠤᠷᠭᠠᠭᠤᠯᠢ ᠡᠴᠡ ᠲᠡᠬᠦᠰᠴᠡᠢ᠃ ᠶᠠᠳᠠᠭᠤ ᠠᠢᠯ᠎ᠤᠨ ᠬᠡᠤᠬᠡᠳ ᠡᠷᠳᠡ ᠲᠤᠮᠤᠭᠠᠵᠢᠨ᠎ᠠ ᠬᠡᠳᠡᠭ ᠵᠢᠡᠷ ᠶᠠᠨ ᠯᠧᠢ ᠬᠠᠷᠠᠬᠠᠨ ᠪᠠᠭ᠎ᠠ ᠡᠴᠡ ᠪᠠᠨ ᠡᠵᠢ ᠠᠪᠤ ᠵᠢᠨ ᠵᠢᠨᠨ ᠵᠦᠳᠡᠬᠦᠷᠢ ᠵᠢ ᠤᠢᠯᠠᠭᠠᠵᠦ᠂ ᠶᠡᠭᠡ ᠰᠤᠷᠭᠠᠭᠤᠯᠢ ᠵᠢᠨ ᠬᠤᠶᠠᠳᠤᠭᠠᠷ ᠤᠨ ᠡᠴᠡ ᠪᠠᠨ ᠡᠬᠢᠯᠡᠵᠦ ᠭᠠᠳᠠᠨ᠎ᠠ ᠬᠦᠲᠦᠯᠦᠭᠴᠢ ᠵᠢᠨ ᠠᠵᠢᠯ ᠬᠢᠵᠦ ᠰᠤᠷᠤᠯᠭ᠎ᠠ ᠵᠢᠨ ᠰᠦᠢᠳᠭᠡᠯ ᠠᠮᠢᠳᠤᠷᠠᠯ᠎ᠤᠨ ᠵᠠᠷᠤᠳᠠᠯ ᠬᠡᠵᠦ ᠠᠷᠤ ᠭᠡᠷ ᠡᠴᠡ ᠪᠡᠨ ᠲᠠᠬᠢᠵᠦ ᠠᠮᠠ ᠨᠡᠭᠡᠭᠡᠭᠰᠡᠨ ᠦᠭᠡᠢ ᠠᠵᠢ᠃



ᠶᠠᠨ ᠯᠧᠢ ᠲᠡᠭᠦᠰᠦᠭᠰᠡᠨ᠎ᠤ ᠪᠠᠨ ᠲᠠᠷᠠᠭ᠎ᠠ᠂ ᠦᠪᠦᠷ ᠮᠤᠩᠭᠤᠯ᠎ᠤᠨ ᠬᠤᠸᠠᠩ ᠾᠧ ᠪᠦᠯᠦᠭᠯᠡᠯ᠎ᠳᠦ ᠪᠣᠷᠤᠯᠠᠭᠤᠯᠭ᠎ᠠ ᠵᠢᠨ ᠠᠵᠢᠯᠳᠠᠨ ᠵᠢᠡᠷ ᠠᠵᠢᠯᠯᠠᠵᠦ᠂ ᠰᠠᠷ᠎ᠠ᠎ᠳ᠋ᠦ 4000 ᠲᠦᠭᠦᠷᠢᠭ᠎ᠤᠨ ᠲᠤᠬᠳᠠᠮᠠᠯ ᠴᠠᠯᠢᠩ ᠤᠯᠳᠠᠬ ᠪᠠᠢᠬᠰᠠᠨ ᠴᠦ᠍  ᠶᠠᠭᠤ ᠨᠢᠭᠡ ᠵᠢ ᠬᠢᠵᠦ ᠪᠦᠲᠦᠭᠡᠬᠦ ᠭᠡᠳᠡᠭ ᠨᠢ ᠲᠡᠭᠦᠨ᠎ᠤ ᠡᠳᠦᠷ᠎ᠤᠨ ᠪᠤᠳᠤᠯ ᠰᠦᠨᠢ ᠵᠢᠨ ᠵᠡᠭᠦᠳᠦ ᠪᠤᠯᠤᠬᠰᠡᠨ ᠪᠠᠢᠪᠠ᠃

2015 ᠣᠨ᠎ᠳᠤ᠂ ᠶᠠᠨ ᠯᠧᠢ ᠠᠵᠢᠯ᠎ᠢᠶᠠᠨ ᠬᠠᠶᠠᠵᠤ ᠦᠢᠯᠡᠰ ᠪᠤᠰᠬᠠᠬᠤ ᠠᠶᠠᠨ ᠵᠢᠡᠨ ᠡᠯᠬᠦᠪᠡ᠃ ᠲᠡᠷᠡ ᠪᠡᠷ ᠦᠪᠦᠷ ᠮᠤᠩᠭᠤᠯ᠎ᠤᠨ ᠮᠦᠸᠸ ᠴᠸᠨ ᠰᠤᠶᠤᠯ ᠵᠢᠭᠤᠯᠴᠢᠯᠠᠯ᠎ᠤᠨ ᠬᠢᠵᠠᠭᠠᠷᠲᠤ ᠺᠤᠮᠫᠠᠨᠢ ᠪᠡᠨ ᠳᠠᠩᠰᠠᠯᠠᠭᠤᠯᠵᠤ᠂ ᠪᠥᠵᠢᠭᠴᠢᠨ᠂ ᠬᠥᠭᠵᠢᠮ᠎ᠦᠨ ᠠᠩᠭᠢ ᠵᠢᠨ ᠬᠢᠨ ᠵᠢᠡᠨ ᠳᠠᠭᠠᠭᠤᠯᠤᠨ ᠦᠬᠠᠢ ᠬᠤᠳᠠ ᠵᠢᠨ ᠬᠤᠳᠠᠯᠳᠤᠭᠠᠨ᠎ᠤ ᠠᠵᠢᠯᠯᠠᠭ᠎ᠠ᠂ ᠬᠤᠷᠠᠯ ᠦᠵᠡᠰᠬᠦᠯᠡᠩ ᠵᠢᠡᠷ ᠬᠦᠷᠴᠤ ᠲᠤᠬᠯᠠᠯᠲᠠ ᠵᠢᠨ ᠦᠢᠯᠡᠴᠢᠯᠡᠭᠡ ᠬᠠᠩᠭᠠᠵᠦ ᠡᠬᠢᠯᠡᠵᠡᠢ᠃ ᠲᠡᠷᠡ ᠦᠶ᠎ᠠ ᠳ᠋ᠤ ᠬᠠᠲᠤᠨ ᠭᠤᠤᠯ᠎ᠤᠨ ᠤᠰᠤ  ᠵᠢ  ᠲᠠᠲᠠᠬᠤ ᠢᠨᠵᠧᠨᠧᠷᠢᠩ ᠶᠠᠬ ᠰᠠᠶᠢᠬᠠᠨ ᠢᠳᠡ ᠬᠦᠭ ᠲᠠᠢ ᠶᠠᠪᠤᠬᠳᠠᠵᠦ᠂ ᠦᠬᠠᠢ ᠨᠠᠭᠤᠷ ᠲᠤᠬᠳᠠᠵᠦ ᠨᠣᠮᠢᠨ ᠳᠣᠯᠭᠢᠶᠠᠨ ᠬᠠᠶᠠᠯᠠᠬᠰᠠᠨ᠎ᠢ ᠬᠠᠷᠠᠭᠠᠳ ᠶᠠᠨ ᠯᠸᠢ ᠵᠢᠨ ᠡᠨᠳᠡ ᠠᠢᠯ ᠬᠡᠷ ᠪᠤᠯᠵᠦ ᠠᠵᠢᠯ ᠦᠢᠯᠡᠰ ᠪᠤᠰᠬᠠᠬᠤ ᠵᠤᠷᠢᠬ ᠤᠯᠠᠮ ᠪᠠᠳᠤᠵᠢᠵᠦ᠂ ᠨᠠᠭᠤᠷ ᠡᠯᠡᠰᠤᠨ᠎ᠤ ᠵᠢᠭᠤᠯᠴᠢᠯᠠᠯ ᠡᠷᠬᠢᠯᠡᠬᠦ ᠠᠵᠠ ᠲᠤᠬᠢᠶᠠᠯ᠎ᠢ ᠬᠢᠷᠠᠬᠠᠢ ᠪᠡᠷ ᠤᠯᠵᠤ ᠬᠠᠷᠠᠵᠠᠢ ᠃

2020 ᠣᠨ᠎ᠳᠤ᠂ ᠶᠠᠨ ᠯᠧᠢ ᠦᠬᠠᠢ ᠨᠠᠭᠤᠷ᠎ᠲᠤ᠌ ᠵᠢᠷᠤᠬ ᠰᠡᠭᠦᠳᠡᠷ ᠲᠠᠳᠠᠭᠤᠯᠬᠤ ᠳ᠋ᠠᠭᠠᠨ ᠡᠯᠡᠰᠦᠨ᠎ᠳᠤ ᠬᠠᠭᠠᠰ ᠪᠤᠯᠠᠬᠳᠠᠬᠰᠠᠨ ᠵᠠᠰᠠᠮᠠᠯ ᠵᠠᠮ ᠪᠠ ᠨᠢᠭᠡ ᠲᠠᠯ᠎ᠠ ᠳ᠋ᠤᠨᠢ ᠰᠢᠷᠭᠠᠯ ᠡᠯᠡᠰᠦ ᠦᠷᠭᠦᠯᠵᠢᠯᠡᠵᠦ᠂ ᠨᠦᠭᠦᠭᠡ ᠲᠠᠯ᠎ᠠ᠎ᠪᠠᠷ ᠨᠢ ᠨᠠᠭᠤᠷ᠎ᠤᠨ ᠤᠰᠤ ᠲᠩᠷᠢ᠎ᠶ᠋ᠢᠨ ᠬᠠᠶᠠᠭ᠎ᠠ ᠲᠠᠢ ᠵᠠᠯᠭᠠᠯᠳᠤᠵᠤ᠂ ᠡᠯᠡᠰᠤᠨ᠎ᠤ ᠤᠷᠤᠢ ᠳᠡᠭᠡᠷ᠎ᠡ᠎ᠡᠴᠡ ᠬᠠᠷᠠᠭ᠎ᠠ ᠰᠤᠩᠭᠠᠬᠤ᠎ᠳᠤ ᠦᠬᠠᠢ ᠬᠣᠲᠠ ᠵᠡᠭᠦᠳᠦ ᠵᠡᠷᠭᠡᠯᠭᠡᠨ ᠮᠡᠲᠤ ᠬᠠᠷᠠᠬᠳᠠᠬᠤ ᠳ᠋ᠦ ᠲᠡᠬᠦᠨ᠎ᠤ ᠲᠠᠷᠢᠬᠢᠨ ᠳ᠋ᠤ  ᠵᠢᠭᠤᠯᠴᠢᠯᠠᠯ ᠡᠷᠬᠢᠯᠡᠬᠦ ᠪᠤᠳᠤᠯ ᠤᠷᠤᠬᠰᠠᠨ ᠪᠠᠢᠯ᠎ᠠ ᠃

ᠪᠤᠳᠤᠪᠠᠯ ᠬᠢᠵᠦ᠂ ᠬᠢᠪᠠᠯ ᠪᠦᠲᠦᠭᠡᠬᠦ ᠪᠡᠷ ᠴᠢᠷᠮᠠᠢᠳᠠᠬ ᠶᠠᠨ ᠯᠧᠢ ᠬᠤᠶᠠᠷ ᠡᠳᠦᠷ᠎ᠤᠨ ᠲᠠᠷᠠᠭ᠎ᠠ ᠦᠬᠠᠢ ᠨᠠᠭᠤᠷ᠎ᠤᠨ ᠰᠣᠶᠤᠯ ᠵᠢᠭᠤᠯᠴᠢᠯᠠᠯ᠎ᠤᠨ ᠪᠦᠯᠦᠭᠯᠡᠯ᠎ᠢ ᠡᠷᠢᠵᠦ᠍ ᠤᠴᠢᠭᠠᠳ᠂ ᠡᠨᠡ ᠬᠡᠰᠡᠭ ᠵᠠᠰᠠᠮᠠᠯ ᠵᠠᠮ᠎ᠢ ᠰᠦᠯᠵᠢᠶᠡᠨ᠎ᠤ ᠬᠠᠯᠠᠮᠰᠢᠯ ᠭᠠᠵᠠᠷ ᠪᠣᠯᠭᠠᠬᠤ ᠰᠠᠨᠠᠭ᠎ᠠ ᠪᠠᠨ ᠴᠤᠬᠤᠢᠯᠭᠠᠬᠰᠠᠨ ᠳ᠋ᠦ  ᠨᠦᠬᠦᠬᠡᠳᠡᠬᠢ ᠨᠢ ᠠᠪᠤᠨ ᠲᠤᠤᠷ᠎ᠠ ᠪᠠᠨ ᠵᠦᠪᠰᠢᠶᠡᠷᠡᠭᠰᠡᠨ  ᠪᠠᠶ᠋ᠢᠵᠠᠢ᠃

ᠡᠯᠡᠰᠦᠨ ᠴᠦᠯ᠎ᠳ᠋ᠦ ᠦᠢᠯᠡᠰ ᠪᠤᠰᠬᠠᠬᠤ ᠭᠡᠭᠴᠢ ᠰᠢᠨᠳᠠᠰᠦ ᠰᠢᠯᠭᠠᠬᠤ ᠶᠠᠪᠤᠳᠠᠯ ᠬᠡᠳᠡᠭ᠎ᠢ ᠶᠠᠨ ᠯᠧᠢ ᠶᠡᠷᠦ ᠪᠤᠳᠤᠵᠦ ᠤᠯᠤᠭ᠎ᠠ ᠦᠬᠡᠢ᠃ ᠲᠦᠷᠦᠭᠦᠦ ᠡᠳᠦᠷ᠎ᠨᠢ ᠡᠯᠡᠰᠤ ᠵᠢ ᠲᠡᠭᠰᠢᠯᠡᠵᠦ ᠭᠠᠷᠭᠠᠬᠰᠡᠨ ᠪᠠᠭᠤᠴᠠ᠎ᠶ᠋ᠢᠨ ᠭᠠᠵᠠᠷ᠎ᠤᠨ ᠫᠠᠢᠰᠠ ᠢᠯᠡᠷᠬᠡᠢᠯᠡᠯ ᠨᠢ ᠨᠢᠭᠡ ᠰᠥᠨᠢ ᠵᠢᠨ ᠰᠠᠯᠬᠢ ᠡᠯᠡᠰᠤᠨ ᠳ᠋ᠤ ᠪᠤᠯᠠᠭᠳᠠᠴᠢᠬᠠᠨ᠎ᠠ᠂ ᠲᠠᠷᠠᠭ᠎ᠠ ᠡᠳᠦᠷ ᠨᠢ ᠡᠯᠡᠰᠦ ᠵᠢ ᠳᠠᠬᠢᠭᠠᠳ ᠲᠡᠭᠰᠢᠯᠡᠨ᠎ᠠ᠃ ᠤᠰᠤ ᠴᠠᠬᠢᠯᠭᠠᠨ ᠨᠡᠪᠳᠡᠷᠡᠬᠦ ᠦᠬᠡᠢ ᠂ ᠶᠠᠭᠠᠬᠢᠨ᠎ᠠ? ᠶᠠᠨ ᠯᠧᠢ ᠬᠠᠮᠢᠶ᠎ᠠ ᠪᠦᠬᠦᠢ ᠰᠠᠯᠠᠭ᠎ᠠ ᠮᠦᠴᠢᠷ᠎ᠢ ᠡᠷᠢᠵᠦ ᠬᠦᠶᠦᠭᠰᠡᠭᠡᠷ ᠪᠠᠢᠵᠦ ᠂ ᠲᠦᠬᠡᠬᠡᠯ ᠤᠰᠤ ᠨᠡᠪᠳᠡᠷᠡᠬᠦᠯᠵᠦ ᠠᠪᠤᠪᠠ᠃ 

ᠡᠯᠡᠰᠤ ᠲᠤᠭᠤᠯᠤᠬᠰᠠᠨ ᠵᠠᠰᠠᠮᠠᠯ ᠵᠠᠮ᠎ᠤᠨ ᠬᠠᠵᠠᠭᠤ᠎ᠳᠤ ᠬᠠᠭᠤᠴᠢᠨ ᠠᠶᠠᠨᠴᠢᠨ᠎ᠤ ᠵᠦᠬᠡᠬᠡᠪᠦᠷᠢ ᠵᠢᠨ ᠮᠠᠰᠢᠨ ᠲᠡᠷᠭᠡ ᠵᠤᠬᠰᠤᠭᠠᠵᠤ᠂ ᠳᠣᠲᠤᠷ᠎ᠠ ᠨᠢ ᠬᠠᠭᠤᠴᠢᠨ᠎ᠤ ᠰᠤᠩᠭᠤᠳᠠᠬ ᠳᠠᠭᠤᠤ ᠲᠠᠯᠪᠢᠵᠦ᠂ ᠦᠵᠡᠮᠵᠢ᠎ᠶ᠋ᠢᠨ ᠴᠡᠭ ᠪᠦᠷᠢ ᠳ᠋ᠦ ᠰᠦᠢᠳᠭᠡᠯ ᠬᠤᠷᠢᠶᠠᠬᠤ᠎ᠦᠭᠡᠢ ᠰᠡᠭᠦᠳᠡᠷ ᠲᠠᠳᠠᠭᠤᠯᠬᠤ ᠭᠠᠵᠠᠷ ᠲᠤᠬᠢᠷᠠᠭᠤᠯᠪᠠ᠃  0473 ᠰᠦᠯᠵᠢᠶᠡᠨ ᠬᠠᠯᠠᠮᠰᠢᠯᠲᠤ ᠵᠠᠰᠠᠮᠠᠯ ᠵᠠᠮ᠂ ᠡᠯᠡᠰᠦᠨ ᠴᠦᠯ ᠳ᠋ᠡᠬᠢ ᠢᠨᠠᠭ᠎ᠤᠨ ᠵᠠᠬᠢᠳᠠᠯ᠎ᠤᠨ ᠬᠠᠢᠷᠴᠠᠬ᠂ ᠡᠯᠡᠰᠦᠨ ᠳ᠋ᠡᠬᠢ ᠬᠤᠪᠠᠬᠠᠢ ᠮᠣᠳᠤᠨ ᠤᠷᠠᠯᠢᠭ᠎ᠤᠨ ᠲᠥᠬᠦᠭᠡᠷᠦᠮᠵᠢ ᠵᠠᠯᠭᠠᠭ᠎ᠠ ᠪᠡᠷ ᠠᠰᠢᠬᠯᠠᠯᠳᠠ ᠳ᠋ᠤ ᠤᠷᠤᠬᠤ ᠵᠢ ᠲᠠᠭᠠᠯᠳᠤᠨ ᠵᠢᠭᠤᠯᠴᠢᠯᠠᠬᠰᠠᠳ ᠶᠠᠪᠤᠬᠤ ᠲᠤᠳᠤᠮ ᠤᠯᠠᠰᠢᠷᠠᠵᠤ᠂ ᠤᠤᠯ᠎ᠤᠨ ᠡᠵᠡᠭᠦᠢ ᠵᠠᠰᠠᠮᠠᠯ ᠵᠠᠮ᠎ᠨᠢ ᠵᠢᠭᠤᠯᠴᠢᠯᠠᠬᠰᠠᠳ᠎ᠤᠨ ᠵᠠᠪᠠᠯ ᠬᠦᠷᠳᠡᠭ ᠴᠡᠭ ᠪᠣᠯᠵᠤ᠂ ᠤᠤᠯ᠎ᠤᠨ ᠨᠠᠭᠤᠷ᠎ᠤᠨ ᠬᠦᠪᠡᠭᠡ᠎ᠲᠠᠭᠠᠤ ᠵᠢᠭᠤᠯᠴᠢᠯᠠᠨ ᠨᠠᠭᠠᠳᠭᠤ ᠬᠡᠪᠴᠢᠶ᠎ᠡ ᠵᠢ ᠡᠯᠡᠰᠤ ᠲᠤᠭᠤᠯᠤᠬᠰᠠᠨ ᠵᠠᠰᠠᠮᠠᠯ ᠵᠠᠮ᠂ ᠨᠠᠭᠤᠷ᠎ᠤᠨ ᠬᠦᠪᠡᠭᠡ᠂ ᠭᠠᠷᠠᠮ᠎ᠢ ᠪᠠᠬᠳᠠᠭᠠᠬᠰᠠᠨ ᠪᠦᠷᠢᠨ ᠪᠦᠲᠦᠨ ᠲᠣᠮᠤ ᠵᠢᠭᠤᠯᠴᠢᠯᠠᠯ᠎ᠤᠨ ᠱᠤᠭᠤᠮ ᠪᠣᠯᠭᠠᠨ ᠥᠷᠭᠡᠳᠬᠡᠵᠦ ᠂ ᠵᠢᠯ᠎ᠳᠤ ᠬᠡᠳᠦᠨ ᠠᠷᠪᠠᠨ ᠲᠦᠮᠡᠨ ᠵᠢᠭᠤᠯᠴᠢᠯᠠᠬᠰᠠᠳ᠎ᠢ ᠤᠬᠳᠤᠬᠤ  ᠪᠤᠯᠵᠠᠢ᠃

ᠶᠠᠨ ᠯᠧᠢ ᠪᠠᠰᠠ ᠵᠠᠰᠠᠮᠠᠯ ᠵᠠᠮ᠎ᠤᠨ ᠬᠠᠵᠠᠭᠤ᠎ᠳᠤ ᠬᠡᠬᠡᠷᠡᠯᠡᠨ ᠪᠠᠭᠤᠳᠠᠯᠯᠠᠬᠤ ᠭᠠᠵᠠᠷ ᠪᠠᠢᠭᠤᠯᠵᠦ᠂ ᠰᠦᠨᠢ ᠳ᠋ᠡᠬᠡᠨ ᠲᠦᠳᠡᠭ ᠭᠠᠯ ᠨᠤᠴᠤᠭᠠᠨ᠂ ᠬᠤᠸᠠᠷ ᠫᠤᠤᠵᠢᠩ ᠲᠠᠯᠪᠢᠵᠦ᠂ ᠵᠢᠭᠤᠯᠴᠢᠯᠠᠬᠰᠠᠳ᠎ᠨᠠᠮ ᠬᠦᠮ ᠡᠯᠡᠰᠦᠨ ᠴᠦᠯ ᠲᠤᠮᠳᠠ ᠪᠡᠶ᠎ᠡ ᠰᠡᠳᠬᠢᠯ᠎ᠤᠨ ᠴᠢᠯᠡᠭᠡ ᠪᠡᠨ ᠲᠠᠢᠯᠳᠠᠬ ᠪᠤᠯᠵᠠᠢ᠃ ᠶᠠᠨ ᠯᠧᠢ ᠣᠩᠭᠤᠴᠠᠨ᠎ᠤ ᠪᠢᠯᠧᠲ᠂ ᠡᠯᠡᠰᠦᠨ ᠴᠦᠯ᠎ᠦᠨ ᠬᠠᠯᠠᠭᠤᠨ ᠲᠣᠭᠤᠭ᠎ᠠ᠂ ᠡᠷᠲᠡ᠎ᠶ᠋ᠢᠨ ᠴᠠᠢ᠂ ᠲᠡᠮᠡᠭᠡ ᠤᠨᠤᠬᠤ ᠪᠠ ᠲᠣᠮᠤ ᠬᠥᠷᠳᠤᠲᠦ᠍ ᠮᠠᠰᠢᠨ ᠲᠡᠷᠭᠡᠨ᠎ᠦ ᠲᠥᠷᠦᠯ ᠵᠦᠢᠯ᠎ᠢ ᠨᠢᠭᠡ ᠪᠢᠯᠧᠲ ᠲᠸ᠋ ᠪᠠᠭᠲᠠᠭᠠᠵᠤ᠂《ᠡᠳᠦᠷ᠎ᠤ᠋ᠨ᠌ ᠵᠢᠭᠤᠯᠴᠢᠯᠠᠯ 》  ᠢ᠋  《 ᠬᠤᠨᠤᠬ ᠎ᠤᠨ ᠵᠢᠭᠤᠯᠴᠢᠯᠠᠯ》 ᠪᠣᠯᠭᠠᠵᠦ᠂ 《ᠡᠯᠡᠰᠦᠨ ᠳ᠋ᠤ ᠳᠠᠯᠠᠢ ᠦᠵᠡᠬᠦ᠌》  ᠶ᠋ᠢ ᠦᠬᠠᠢ ᠬᠤᠳᠠ ᠵᠢᠨ ᠰᠣᠶᠤᠯ ᠵᠢᠭᠤᠯᠴᠢᠯᠠᠯ᠎ᠤᠨ ᠨᠡᠷ᠎ᠡ᠎ᠶ᠋ᠢᠨ ᠬᠠᠭᠤᠳᠠᠰᠤ ᠪᠣᠯᠭᠠᠵᠠᠢ ᠃

ᠡᠳᠡᠬᠡᠷ ᠪᠦᠲᠦᠬᠡᠯᠴᠢ ᠰᠡᠳᠬᠢᠬᠦᠢ ᠨᠢ ᠶᠠᠨ ᠯᠧᠢ ᠵᠢᠨ ᠰᠤᠷᠤᠯᠴᠠᠯᠭ᠎ᠠ ᠡᠴᠡ ᠰᠠᠯᠵᠦ ᠴᠢᠳᠠᠬᠤ ᠦᠬᠡᠢ ᠶᠤᠮ᠃ ᠲᠡᠷᠡ ᠵᠢᠯ ᠪᠦᠷᠢ ᠶᠡᠭᠡᠭᠡᠨ ᠵᠤᠭᠤᠰ ᠵᠠᠷᠤᠴᠠᠭᠤᠯᠵᠤ᠂ ᠺᠣᠮᠫᠠᠨᠢ᠎ᠶ᠋ᠢᠨ ᠠᠵᠢᠯᠳᠠᠨ ᠵᠢᠨᠨ ᠳᠠᠭᠠᠭᠤᠯᠤᠨ ᠪᠦᠬᠦ᠌ ᠤᠯᠤᠰ᠎ᠤᠨ ᠬᠠᠯᠠᠮᠰᠢᠯ ᠵᠢᠭᠤᠯᠴᠢᠯᠠᠯ᠎ᠤᠨ ᠭᠠᠵᠠᠷ᠎ᠤᠳ ᠵᠢᠡᠷ ᠬᠦᠷᠴᠤ᠂ ᠰᠢᠨ᠎ᠠ ᠡᠭᠦᠳᠦᠯᠲᠡ ᠪᠠ ᠦᠢᠯᠡᠴᠢᠯᠡᠭᠡᠨ᠎ᠦ ᠲᠤᠷᠰᠢᠯᠭ᠎ᠠ᠎ᠶ᠋ᠢ ᠨᠢ ᠰᠤᠷᠤᠯᠴᠠᠳᠠᠬ᠃ ᠳᠠᠷᠠᠭ᠎ᠠ ᠵᠢᠯ ᠬᠡᠬᠡᠷᠡᠯᠡᠨ ᠪᠠᠭᠤᠳᠠᠯᠯᠠᠬᠤ ᠭᠠᠵᠠᠷ ᠲᠠᠭᠠᠨ ᠡᠯᠡᠰᠦᠨ ᠴᠥᠯ᠎ᠤᠨ ᠭᠤᠤᠯ ᠰᠡᠳᠦᠪᠲᠦ᠍ NPC᠎ᠪᠣᠯᠤᠨ ᠤᠷᠠᠯᠢᠭ᠎ᠤᠨ ᠲᠥᠬᠦᠭᠡᠷᠦᠮᠵᠢ  ᠣᠷᠤᠭᠤᠯᠤᠨ᠂ ᠬᠠᠳᠤᠨ ᠭᠤᠤᠯ᠎ᠤᠨ ᠬᠥᠪᠡᠭᠡ ᠲᠠᠭᠠᠤ ᠵᠢᠨ ᠤᠨᠴᠠᠯᠢᠬᠲᠤ ᠤᠷᠠᠯᠢᠭ᠎ᠢ ᠨᠡᠩ ᠤᠯᠠᠨ ᠬᠥᠮᠦᠰ ᠲᠸ᠋ ᠲᠠᠨᠢᠭᠤᠯᠤᠨ᠎ᠠ ᠬᠡᠵᠦ ᠲᠡᠷᠡ ᠰᠡᠳᠬᠢᠨ ᠤᠬᠠᠭᠠᠯᠠᠵᠦ ᠲᠦᠰᠦᠪᠯᠡᠭᠰᠡᠭᠡᠷ  ᠁


ᠦᠬᠠᠢ ᠨᠠᠭᠤᠷ ᠲᠦ᠍ ᠰᠢᠩᠬᠡᠭᠡᠭᠰᠡᠨ ᠬᠠᠢᠷ᠎ᠠ ᠪᠠ ᠴᠢᠷᠮᠠᠢᠯᠭ᠎ᠠ

ᠬᠠᠷᠠᠯᠠᠵᠦ ᠪᠤᠷᠤᠯᠠᠬᠰᠠᠨ ᠴᠢᠷᠠᠢ ᠡᠴᠡ ᠨᠢ ᠬᠠᠷᠠᠬᠤ ᠳ᠋ᠦ ᠦᠷᠬᠦᠯᠵᠢ ᠬᠠᠯᠠᠭᠤᠨ ᠨᠠᠷᠠᠨ ᠳ᠋ᠦ ᠰᠢᠷᠠᠬᠳᠠᠵᠦ ᠠᠵᠢᠯᠯᠠᠬᠰᠠᠨ ᠨᠢ ᠢᠯᠡᠭᠡᠨ᠃ ᠦᠬᠠᠢ ᠨᠠᠭᠤᠷ ᠬᠡᠬᠦ ᠳ᠋ᠦ ᠯᠡ ᠦᠬᠡᠨ᠎ᠤ ᠤᠭᠤᠳᠠ ᠨᠢ ᠨᠡᠭᠡᠭᠡᠭᠳᠡᠵᠦ ᠶᠠᠷᠢᠭᠠᠳ ᠪᠠᠷᠠᠬᠤ ᠦᠬᠡᠢ ᠵᠤᠭᠤᠭ ᠲᠠᠢ ᠡᠨᠡ ᠵᠠᠯᠠᠭᠤ ᠵᠢ ᠪᠤᠤ ᠽᠧ ᠫᠧᠩ ᠬᠡᠳᠡᠭ᠃ ᠦᠬᠠᠢ ᠬᠤᠳᠠ᠎ᠶ᠋ᠢᠨ ᠤᠤᠭᠠᠯ᠂ ᠮᠦᠨ ᠴᠦ᠍ ᠦᠬᠠᠢ ᠨᠠᠭᠤᠷ᠎ᠤᠨ ᠪᠦᠲᠦᠭᠡᠨ ᠪᠠᠢᠭᠤᠯᠤᠬᠴᠢ ᠵᠢᠨ ᠨᠢᠭᠡ᠂ ᠤᠳᠤ ᠦᠬᠠᠢ ᠨᠠᠭᠤᠷ᠎ᠤᠨ ᠵᠢᠭᠤᠯᠴᠢᠯᠠᠯ᠎ᠤᠨ ᠪᠦᠯᠦᠭᠯᠡᠯ᠎ᠤᠨ ᠡᠵᠡᠩᠨᠡᠯᠲᠡ ᠵᠢᠨ ᠬᠡᠯᠳᠡᠰ᠎ᠤᠨ ᠲᠡᠳ᠋ ᠲᠠᠷᠤᠭ᠎ᠠ ᠪᠡᠷ ᠠᠵᠢᠯᠯᠠᠵᠦ ᠪᠠᠢᠭ᠎ᠠ ᠠᠵᠢ᠃



ᠬᠤᠳᠠ ᠵᠢᠨ ᠬᠢᠨᠢ ᠬᠠᠪᠢ ᠪᠡᠷ ᠤᠷᠤᠰᠴᠤ ᠪᠠᠢᠭ᠎ᠠ ᠬᠠᠲᠤᠨ ᠭᠤᠤᠯ ᠳ᠋ᠤ ᠪᠤᠤ ᠽᠧ ᠫᠧᠩ ᠬᠠᠷ᠎ᠠ ᠪᠠᠭ᠎ᠠ ᠡᠴᠡ ᠪᠠᠨ ᠠᠷᠭ᠎ᠠ ᠦᠬᠡᠢ ᠬᠠᠢᠷᠠᠳᠠᠢ᠃ ᠬᠠᠳᠤᠨ ᠭᠤᠤᠯ ᠡᠴᠡ ᠢᠪᠢᠯᠦᠭᠰᠡᠨ ᠬᠠᠢᠷ᠎ᠠ ᠵᠢᠨ ᠰᠢᠮ᠎ᠠ ᠪᠡᠷ ᠦᠬᠠᠢ ᠨᠠᠭᠤᠷ ᠪᠤᠢ ᠪᠤᠯᠵᠦ᠂ ᠦᠬᠠᠢ ᠨᠠᠭᠤᠷ ᠭᠠᠷᠤᠬᠰᠠᠨ ᠡᠴᠡ ᠡᠨᠡ ᠬᠦ᠌  ᠠᠵᠦ ᠦᠢᠯᠡᠳᠪᠦᠷᠢ ᠵᠢᠨ ᠬᠤᠳᠠ ᠳ᠋ᠤ ᠠᠮᠢᠵᠢᠷᠠᠯ  ᠡᠰᠡᠨᠢᠯ  ᠤᠯᠭᠤᠬᠰᠠᠨ ᠶᠤᠮ  ᠬᠡᠵᠦ  ᠲᠡᠷᠡ  ᠲᠠᠩᠳᠠ ᠪᠠᠨ  ᠪᠤᠳᠤᠳᠠᠬ᠃

ᠪᠤᠤ ᠽᠧ ᠫᠧᠩ ᠶᠡᠬᠡ ᠰᠤᠷᠭᠠᠭᠤᠯᠢ ᠪᠠᠨ ᠲᠡᠬᠦᠰᠬᠦ ᠡᠴᠡ ᠡᠮᠦᠨ᠎ᠠ ᠨᠤᠳᠤᠬ ᠲᠠᠭᠠᠨ ᠬᠠᠷᠢᠬᠤ ᠡᠰᠡᠬᠦ ᠵᠢᠨ ᠲᠤᠬᠠᠢ ᠡᠷᠡᠬᠡᠯᠵᠡᠵᠦ ᠦᠩᠬᠡᠷᠡᠭᠰᠡᠨ ᠦᠬᠡᠢ ᠪᠢᠰᠢ᠃ ᠬᠠᠷᠢᠨ ᠵᠡᠬᠦᠳᠤᠨ ᠳ᠋ᠤᠨᠢ ᠬᠠᠶᠠ ᠢᠷᠡᠳᠡᠭ ᠬᠠᠳᠤᠨ ᠭᠤᠤᠯ᠎ᠤᠨ ᠬᠢᠨᠢ ᠰᠢᠷᠭᠠᠯ ᠤᠰᠤ᠂ ᠭᠠᠨᠳᠠᠷᠢ ᠠᠭᠤᠯᠠ᠂ ᠡᠯᠡᠰᠤᠨ ᠴᠤᠬᠢᠶ᠎ᠠ ᠨᠤᠭᠤᠳ ᠨᠢ ᠪᠤᠤ ᠽᠧ ᠫᠧᠩ᠎ᠢ ᠦᠪᠡᠷ᠎ᠤᠨ ᠡᠷᠭᠡ ᠦᠬᠡᠢ  ᠨᠤᠳᠤᠬ ᠲᠡᠢᠰᠢ ᠨᠢ  ᠵᠢᠯᠤᠭᠤ ᠵᠠᠯᠠᠭᠤᠯᠤᠬᠰᠠᠨ  ᠪᠠᠢᠪᠠ᠃

ᠲᠡᠭᠦᠨ᠎ᠢ ᠬᠠᠷᠢᠵᠤ ᠢᠷᠡᠬᠦ ᠳ᠋ᠤ ᠦᠬᠠᠢ ᠨᠠᠭᠤᠷ ᠲᠤᠬᠳᠠᠴᠢᠬᠠᠵᠠᠢ᠃ ᠭᠡᠪᠡᠴᠦ᠍ ᠨᠠᠭᠤᠷ᠎ᠤᠨ ᠡᠷᠭᠢᠨ ᠲᠣᠭᠤᠷᠢᠨ ᠨᠢ ᠡᠵᠡᠭᠦᠢ ᠵᠡᠯᠢᠬᠦᠳ᠂ ᠵᠠᠮ ᠲᠦᠬᠦᠬᠡᠷᠦᠮᠵᠢ ᠪᠦᠷᠢᠨ ᠦᠬᠡᠢ᠂ ᠨᠣᠭᠤᠭᠠᠷᠠᠭᠤᠯᠤᠯᠲᠠ ᠬᠦᠷᠦᠯᠴᠡᠬᠦ ᠦᠬᠡᠢ ᠪᠠᠢᠵᠤ᠂ ᠵᠢᠭᠤᠯᠴᠢᠯᠠᠯ᠎ᠤᠨ ᠦᠢᠯᠡᠰ ᠎ᠢ ᠬᠦᠭᠵᠢᠬᠦᠯᠦᠨ᠎ᠠ ᠬᠡᠳᠡᠭ᠎ᠢ ᠵᠡᠬᠦᠳᠦᠯᠡᠬᠡ ᠴᠦ᠍ ᠦᠬᠡᠢ  ᠪᠠᠢᠬᠰᠠᠨ᠃

2016 ᠣᠨ᠎ᠳᠤ᠂ ᠪᠤᠤ ᠽᠧ ᠫᠧᠩ ᠪᠠᠢᠭᠤᠯᠤᠬᠳᠠᠭᠠᠳ ᠤᠳᠠᠭ᠎ᠠ ᠦᠬᠡᠢ ᠦᠬᠠᠢ ᠨᠠᠭᠤᠷ᠎ᠤᠨ ᠵᠢᠭᠤᠯᠴᠢᠯᠠᠯ᠎ᠤᠨ ᠬᠦᠭᠵᠢᠬᠦᠯᠤᠯᠲᠡ ᠵᠢᠨ ᠺᠤᠮᠫᠠᠨᠢ᠎ᠳᠤ ᠡᠬᠢᠯᠡᠨ ᠠᠵᠢᠯᠯᠠᠬᠤ ᠦᠶ᠎ᠡ᠎ᠳᠦ ᠺᠤᠮᠫᠠᠨᠢ᠎ᠳᠤᠨᠢ ᠶᠡᠬᠡ ᠣᠩᠭᠤᠴᠠ᠂ ᠵᠢᠵᠢᠭ ᠣᠩᠭᠤᠴᠠ᠂ ᠡᠵᠡᠩᠨᠡᠯᠲᠡ ᠵᠢᠨ ᠤᠩᠭᠤᠴᠠ᠂ ᠪᠠᠷᠢᠯᠭ᠎ᠠ᠎ᠶ᠋ᠢᠨ ᠤᠩᠭᠤᠴᠠ ᠪᠦᠬᠦᠨ᠎ᠢ ᠪᠠᠬᠳᠠᠭᠠᠭᠠᠳ ᠰᠠᠶᠢ ᠶᠢᠰᠦᠭᠡᠨ ᠤᠩᠭᠤᠴᠠ᠂ ᠨᠢᠭᠡᠯᠡ ᠳᠥᠭᠦᠮᠭᠡᠨ ᠵᠢᠵᠢᠭ ᠭᠠᠷᠠᠮ ᠲᠠᠢ᠂ ᠬᠡᠳᠦᠬᠡᠨ ᠲᠡᠭᠰᠢ ᠳᠥᠷᠪᠡᠯᠵᠢᠨ ᠮᠧᠲᠷ᠎ᠤᠨ ᠴᠢᠬᠤᠯᠬᠠᠨ ᠵᠢᠵᠢᠭ ᠦᠷᠦᠭᠡᠨ ᠳ᠋ᠦ ᠪᠢᠯᠧᠲ ᠬᠤᠳᠠᠯᠳᠤᠳᠠᠬ ᠪᠠᠢᠵᠤ᠂ ᠭᠡᠳᠤᠬᠥᠯᠨ ᠪᠡᠨ  ᠪᠢᠯᠧᠲ ᠬᠤᠳᠠᠯᠳᠤᠬᠤ᠂ ᠣᠩᠭᠤᠴᠠ ᠵᠢᠯᠤᠭᠤᠳᠬᠤ᠂ ᠲᠠᠯᠠᠪᠤᠷ ᠲᠣᠬᠢᠷᠠᠭᠤᠯᠬᠤ᠂ ᠨᠠᠭᠤᠷ ᠴᠠᠬᠳᠠᠬᠤ ᠵᠡᠷᠬᠡ ᠲᠠᠭᠠᠷᠠᠬᠰᠠᠨ ᠠᠵᠢᠯ ᠡᠴᠡ ᠪᠦᠭᠦᠳᠡ ᠵᠢ ᠨᠢ  ᠬᠢᠳᠡᠭ  ᠪᠠᠢᠵᠠᠢ ᠃

ᠠᠵᠢᠯ᠎ᠤᠨ ᠨᠦᠬᠦᠴᠡᠯ ᠪᠠᠷᠤᠬᠳᠠᠢ ᠪᠠᠢᠬᠰᠠᠨ ᠨᠢ ᠭᠠᠯ ᠵᠠᠯᠠᠭᠤ ᠪᠠᠢᠬᠰᠠᠨ ᠪᠤᠤ ᠽᠧ ᠫᠧᠩ ᠳ᠋ᠤ ᠠᠪᠴᠤ ᠬᠡᠯᠡᠪᠡᠯ ᠶᠡᠬᠡ ᠬᠦᠴᠢᠷ ᠬᠡᠵᠦ ᠰᠠᠨᠠᠬᠳᠠᠬᠰᠠᠨ ᠦᠬᠡᠢ᠃ ᠬᠠᠷᠢᠨ ᠡᠳᠦᠷᠵᠢᠨ ᠵᠦᠳᠡᠷᠡᠬᠡᠳ ᠰᠠᠶᠢ ᠬᠡᠳᠦᠨ ᠠᠷᠪᠠᠨ ᠵᠢᠭᠤᠯᠴᠢᠯᠠᠬᠴᠢ᠂ ᠠᠭᠤᠷ ᠠᠮᠢᠰᠭᠤᠯ ᠪᠠᠷᠤᠬᠳᠠᠢ ᠡᠳᠦᠷ ᠲᠠᠭᠠᠷᠠᠪᠠᠯ ᠬᠡᠳᠦᠬᠡᠨ ᠬᠥᠮᠦᠨ ᠵᠤᠴᠢᠯᠠᠵᠦ ᠪᠠᠢᠬᠰᠠᠨ ᠨᠢ ᠲᠡᠬᠦᠨ ᠳ᠋ᠤ ᠪᠠᠭ᠎ᠠ ᠦᠬᠡᠢ ᠴᠤᠬᠢᠯᠳᠠ ᠪᠤᠯᠵᠦ ᠪᠠᠢᠬᠰᠠᠨ ᠬᠡᠳᠡᠭ᠃ ᠬᠠᠷᠢᠨ ᠤᠳᠤ ᠡᠷᠬᠢᠴᠡᠬᠦᠯᠦᠬᠡᠳ ᠪᠤᠳᠤᠬᠤ ᠳ᠋ᠤ᠂ ᠲᠤᠬᠠᠢ ᠵᠢᠨ ᠦᠶ᠎ᠠ ᠳ᠋ᠤ ᠵᠢᠭᠤᠯᠴᠢᠯᠠᠯ᠎ᠤᠨ ᠲᠥᠷᠦᠯ ᠵᠦᠢᠯ ᠬᠡᠵᠦ ᠵᠥᠪᠬᠡᠨ ᠬᠡᠭᠡᠷᠡᠯᠡᠬᠦ᠌ ᠲᠡᠷᠭᠡ ᠪᠠ  ᠵᠢᠵᠢᠭ ᠵᠠᠪᠢ ᠬᠤᠶᠠᠷᠬᠠᠨ ᠪᠠᠢᠵᠦ᠂ ᠨᠠᠭᠠᠳᠤᠮ᠂ ᠦᠢᠯᠡᠴᠢᠯᠡᠭᠡᠨ᠎ᠤ ᠲᠦᠷᠦᠯ ᠵᠦᠢᠯ ᠨᠢ ᠲᠠᠩ ᠴᠤᠯᠭᠤᠢ ᠪᠠᠢᠬᠰᠠᠨ ᠪᠤᠯᠬᠤᠷ ᠵᠢᠭᠤᠯᠴᠢᠯᠠᠬᠰᠠᠳ ᠬᠦᠷᠴᠦ ᠢᠷᠡᠭᠡᠳ ᠬᠡᠬᠡᠷᠡᠯᠡᠬᠦ ᠲᠡᠷᠭᠡᠨ ᠳ᠋ᠦ ᠰᠠᠭᠤᠵᠤ ᠬᠡᠳᠦᠨ ᠰᠡᠭᠦᠳᠡᠷ ᠲᠠᠳᠠᠭᠤᠯᠤᠭᠠᠳ ᠯᠡ ᠪᠤᠴᠠᠴᠢᠬᠠᠳᠠᠬ ᠨᠢ ᠤᠯᠠᠨ ᠪᠠᠢᠯ᠎ᠠ ᠃

ᠬᠤᠶᠠᠷ ᠭᠤᠷᠪᠠᠨ ᠵᠢᠯ᠎ᠤᠨ ᠬᠢᠨᠢ ᠲᠠᠷᠠᠭ᠎ᠠ᠂ ᠺᠤᠮᠫᠠᠨᠢ ᠡᠴᠡ ᠨᠢ ᠭᠠᠷᠠᠮ ᠵᠢᠠᠨ ᠦᠷᠭᠡᠳᠭᠡᠨ ᠪᠠᠢᠭᠤᠯᠬᠤ ᠵᠢᠨ ᠬᠠᠮᠳᠤ ᠲᠦᠷᠭᠡᠨ ᠱᠤᠩᠭᠤᠯᠳᠤ ᠣᠩᠭᠤᠴᠠ᠂ ᠳᠠᠷᠪᠠᠭᠤᠯᠲᠤ᠌ ᠣᠩᠭᠤᠴᠠ ᠤᠷᠤᠭᠤᠯᠤᠨ ᠠᠪᠴᠢᠷᠠᠵᠦ᠂ ᠡᠵᠡᠩᠨᠡᠯᠲᠡ᠎ᠶ᠋ᠢᠨ ᠲᠦᠷᠦᠯ ᠵᠦᠢᠯ ᠨᠢ ᠤᠯᠠᠰᠢᠷᠠᠵᠦ᠂ ᠬᠡᠪᠴᠢᠶᠡᠵᠢᠯ ᠨᠢ ᠦᠷᠭᠡᠳᠴᠤ᠂ ᠵᠢᠩᠬᠢᠨᠢ ᠤᠳᠬ᠎ᠠ ᠠᠭᠤᠯᠭ᠎ᠠ ᠲᠡᠬᠡᠷᠡᠬᠢ ᠦᠵᠡᠮᠵᠢ᠎ᠶ᠋ᠢᠨ ᠣᠷᠤᠨ ᠰᠢᠤᠬᠠᠨ ᠪᠤᠯᠵᠦ ᠢᠷᠡᠭᠡᠳ᠂ ᠡᠳᠦᠷ᠎ᠤᠨ ᠵᠤᠴᠢᠯᠠᠬᠤ ᠬᠦᠮᠦᠨ᠎ᠤ ᠲᠤᠭ᠎ᠠ ᠨᠢ  100᠂  200 ᠪᠡᠷ ᠨᠡᠮᠡᠭᠳᠡᠭᠰᠡᠭᠡᠷ ᠪᠠᠢᠬᠰᠠᠨ ᠨᠢ ᠪᠤᠤ ᠽᠧ ᠫᠧᠩ᠎ᠤᠨ ᠠᠵᠢᠯᠯᠠᠬᠤ ᠡᠷᠴᠢ ᠵᠢ ᠴᠢᠩᠭᠠᠯᠠᠬᠰᠠᠨ ᠠᠵᠢ᠃

2017 ᠣᠨ ᠳ᠋ᠦ ᠦᠬᠠᠢ ᠨᠠᠭᠤᠷ 4A ᠲᠡᠰ᠎ᠤᠨ ᠦᠵᠡᠮᠵᠢ᠎ᠶ᠋ᠢᠨ ᠣᠷᠤᠨ ᠪᠤᠯᠵᠤ᠂ ᠵᠢᠯ᠎ᠳᠦ  3 — 4 ᠲᠦᠮᠡᠨ ᠬᠥᠮᠦᠨ ᠢ᠋ ᠵᠤᠴᠢᠯᠠᠵᠦ᠂ ᠦᠬᠠᠢ ᠨᠠᠭᠤᠷ᠎ᠤᠨ ᠰᠣᠶᠤᠯ ᠵᠢᠭᠤᠯᠴᠢᠯᠠᠯ᠎ᠤᠨ ᠪᠦᠯᠦᠭᠯᠡᠯ ᠪᠠᠢᠭᠤᠯᠤᠬᠳᠠᠵᠦ᠂ ᠶᠠᠭᠤ ᠪᠦᠬᠦᠨ ᠡᠳᠦᠷ ᠢᠷᠡᠬᠦᠶ᠎ᠠ ᠰᠠᠶ᠋ᠢᠵᠢᠷᠠᠵᠦ ᠡᠬᠢᠯᠡᠭᠰᠡᠨ ᠨᠢ  ᠪᠤᠤ ᠽᠧ ᠫᠧᠩ᠎ᠤᠨ ᠠᠵᠢᠯ ᠳ᠋ᠤ ᠤᠷᠤᠬᠰᠠᠨ ᠠᠷᠪᠠᠨ ᠵᠢᠯ ᠳ᠋ᠡᠬᠢ ᠬᠠᠮᠤᠬ᠎ᠤᠨ ᠶᠡᠬᠡ ᠲᠠᠢᠳᠬᠤᠷᠠᠭᠤᠯᠤᠯ᠂ ᠮᠦᠨ ᠴᠦ᠍ ᠲᠡᠬᠦᠨ᠎ᠤ ᠵᠤᠷᠢᠭ ᠰᠢᠢᠳᠴᠤ ᠨᠤᠳᠤᠬ ᠪᠤᠴᠠᠬᠰᠠᠨ ᠰᠤᠩᠭᠤᠯᠳᠠ ᠵᠢᠨ ᠬᠢᠨᠢ ᠠᠴᠢ ᠬᠠᠷᠢᠭᠤ ᠬᠡᠯᠳᠡᠢ᠃

—  ᠡᠳᠤᠷ ᠎ᠤᠨ ᠠᠵᠢᠯ ᠵᠢᠡᠨ ᠲᠠᠭᠤᠰᠬᠠᠭᠠᠤᠨ ᠡᠯᠡᠰᠦᠨ ᠤᠷᠤᠢ ᠡᠴᠨ ᠪᠠᠭᠤᠬᠤ ᠥᠶ᠎ᠠ ᠎ᠳᠤ᠂ ᠠᠯᠳᠠᠨ ᠰᠢᠷᠭᠠᠯ ᠡᠯᠡᠰᠤ᠂ ᠠᠷᠯᠠᠨ ᠮᠢᠷᠠᠯᠵᠠᠬᠤ ᠦᠬᠠᠢ ᠨᠠᠭᠤᠷ᠂ ᠰᠡᠬᠦᠢᠨ ᠰᠢᠭᠤᠢᠷᠠᠬᠤ ᠠᠰᠠᠷ ᠲᠠᠬᠳᠤ ᠦᠳᠡᠰᠢ ᠵᠢᠨ ᠤᠯᠠᠪᠢᠷ ᠲᠤᠶᠠᠭᠠᠨ ᠳ᠋ᠤ ᠡᠬᠡ ᠪᠠᠢᠭᠠᠯᠢ ᠪᠠ ᠤᠳᠤᠬᠢᠴᠢᠯᠠᠯᠳᠠ ᠠᠭᠤᠰᠤᠯᠴᠠᠬᠰᠠᠨ ᠲᠤᠰᠤᠨ ᠪᠤᠳᠤᠬ᠎ᠤᠨ ᠵᠢᠷᠤᠬ ᠰᠢᠬ ᠬᠠᠷᠠᠬᠳᠠᠬᠤ ᠨᠢ ᠶᠤᠰᠤᠳᠠᠢ ᠰᠠᠢᠬᠠᠨ ᠰᠢᠤ ᠬᠡᠵᠦ ᠬᠡᠯᠡᠬᠦ ᠪᠤᠤ ᠽᠧ ᠫᠧᠩ᠎ᠤᠨ ᠦᠬᠡᠨ ᠳ᠋ᠤ ᠤᠮᠤᠬᠰᠢᠯ ᠵᠤᠷᠢᠬᠵᠢᠯ ᠲᠥᠬᠥᠷᠡᠩ᠃


ᠰᠤᠷᠪᠤᠯᠵᠢᠯᠠᠭᠴᠢ ᠵᠢᠨ ᠡᠪᠦᠷ ᠲᠡᠮᠳᠡᠭᠯᠡᠯ᠄

ᠦᠬᠠᠢ ᠨᠠᠭᠤᠷ᠎ᠤᠨ ᠲᠤᠬᠠᠢ ᠰᠤᠷᠪᠤᠯᠵᠢᠯᠠᠭ᠎ᠠ ᠲᠠᠭᠤᠰᠬᠤ ᠳ᠋ᠦ᠂ ᠰᠡᠭᠦᠯᠴᠢ ᠨᠠᠮᠤᠷ ᠎ᠤᠨ ᠤᠯᠠᠪᠤᠷ ᠰᠢᠷ᠎ᠠ ᠨᠠᠷᠠᠨ ᠠᠭᠤᠯᠠᠨ ᠲᠤᠯᠤᠭᠠᠢ ᠰᠢᠬᠦᠷᠴᠤ ᠪᠠᠢᠪᠠ᠃ ᠢᠴᠢᠮᠡᠳᠡᠬᠡᠢ ᠬᠡᠤᠬᠡᠨ ᠎ᠤ ᠴᠢᠷᠠᠢ ᠬᠡᠮᠡᠷ ᠨᠠᠭᠤᠷ᠎ᠤᠨ ᠤᠰᠤᠨ ᠨᠠᠷᠠᠨ᠎ᠤ ᠦᠩᠭᠡ ᠪᠡᠷ ᠲᠤᠨᠢᠶᠠᠷᠳᠤᠨ ᠮᠡᠯᠮᠡᠷᠡᠭᠡᠳ ᠡᠭᠡᠨᠡᠭᠳᠡ ᠭᠤᠶᠤᠬᠠᠨ᠂ ᠬᠦᠭᠡᠷᠦᠭᠦᠨ᠃

ᠨᠠᠭᠤᠷ ᠎ᠤᠨ ᠤᠰᠤᠨ ᠳ᠋ᠦ ᠵᠢᠭᠤᠯᠴᠢᠯᠠᠯ ᠎ᠤᠨ ᠵᠠᠪᠢ  ᠰᠡᠯ ᠰᠦᠯᠵᠢᠯᠳᠦᠭᠡᠳ᠂ ᠲᠡᠭᠦᠨ ᠎ᠤ ᠲᠡᠭᠡᠭᠦᠷ ᠨᠡᠭᠦᠳᠡᠯ ᠎ᠤᠨ ᠰᠢᠪᠠᠭᠤᠳ ᠭᠠᠩᠭᠠᠨᠠᠯᠳᠤᠭᠠᠳ ᠠᠳᠠᠪᠠᠰᠢ ᠬᠦᠭᠵᠢᠶᠡᠨᠳᠡᠢ᠃ ᠲᠤᠷᠭᠠᠨ ᠰᠢᠷᠭᠠᠯ ᠡᠯᠡᠰᠦᠨ ᠲᠡᠭᠡᠷ᠎ᠡ ᠨᠢ ᠲᠡᠮᠡᠬᠡᠨ ᠵᠢᠩ ᠦᠷᠭᠦᠯᠵᠢᠯᠡᠵᠡᠢ᠃ ᠬᠠᠷᠠᠭᠠᠨ ᠳ᠋ᠦ ᠲᠤᠳᠤᠷᠠᠬᠤ ᠦᠵᠡᠮᠵᠢ ᠲᠠᠷᠢᠬᠢᠨ ᠳ᠋ᠦ ᠲᠤᠰᠤᠨ ᠪᠤᠳᠤᠬ᠎ᠤᠨ ᠵᠢᠷᠤᠬ  ᠪᠤᠯᠵᠦ ᠢᠯᠡᠷᠡᠪᠡ᠃

ᠤᠰᠤ — ᠠᠮᠢ ᠨᠠᠰᠤᠨ᠎ᠤ ᠡᠬᠢ ᠪᠤᠯᠠᠬ ᠂ ᠠᠮᠢᠵᠢᠷᠠᠯ ᠡᠰᠡᠨᠢᠯ᠎ᠤᠨ ᠡᠬᠢ ᠪᠤᠯᠠᠬ ᠂ ᠠᠤᠭ᠎ᠠ ᠬᠦᠭᠵᠢᠯ᠎ᠤᠨ ᠡᠬᠢ ᠪᠤᠯᠠᠬ ᠃ 《ᠬᠠᠷ᠎ᠠ ᠨᠡᠭᠦᠷᠡᠰᠦᠨ ᠳᠠᠯᠠᠢ》 ᠡᠴᠠ 《ᠨᠣᠭᠤᠭᠠᠨ ᠪᠦᠷᠢᠳᠦ 》 ᠬᠦᠷᠲᠡᠯ᠎ᠡ᠂ ᠬᠠᠭᠠᠰ ᠵᠠᠭᠤᠨ᠎ᠤ᠋ ᠲᠤᠷᠰᠢ᠂ ᠦᠬᠠᠢᠴᠤᠳ ᠦᠶ᠎ᠡ ᠵᠢᠨ ᠦᠶ᠎ᠡ ᠳ᠋ᠦ ᠲᠠᠭᠤᠷᠢᠰᠬᠤ ᠡᠯᠡᠰᠦᠨ ᠴᠦᠯ ᠎ᠦᠨ 《 ᠭᠠᠢᠬᠠᠮᠰᠢᠬ 》  ᠢ᠋ ᠡᠭᠦᠳᠴᠡᠢ ᠃

ᠦᠬᠠᠢ ᠨᠠᠭᠤᠷ ᠎ᠤᠨ ᠦᠵᠡᠮᠵᠢ ᠳ᠋ᠤᠨᠢ ᠰᠤᠬᠳᠤᠭᠤᠷᠠᠨ ᠶᠠᠪᠤᠳᠠᠯ᠎ᠠ ᠤᠳᠤᠬᠢᠴᠢᠯᠠᠬᠰᠠᠨ ᠬᠤᠳᠠ ᠵᠢᠨ ᠠᠰᠠᠷ ᠲᠠᠬᠲᠤ ᠡᠴᠡ ᠰᠤᠯᠤᠩᠭᠠᠨ ᠬᠡᠷᠡᠯ ᠰᠠᠴᠤᠷᠠᠵᠤ ᠂ ᠰᠦᠨᠢ ᠵᠢᠨ ᠤᠳᠤᠳ ᠲᠠᠢ ᠮᠦᠴᠡᠭᠡᠷᠭᠡᠨ ᠬᠢᠯᠠᠯᠵᠠᠨ᠎ᠠ᠃ ᠦᠬᠠᠢ ᠨᠠᠭᠤᠷ ᠲᠸ᠋ ᠡᠨᠡ ᠦᠵᠡᠮᠵᠢ ᠲᠤᠰᠴᠤ᠂ ᠦᠬᠠᠢ ᠬᠤᠳᠠ ᠵᠢᠨ ᠦᠷᠨᠢᠭᠦᠨ ᠬᠦᠭᠵᠢᠯᠲᠡ ᠵᠢ ᠴᠢᠪᠬᠠᠳᠠᠨ᠎ᠠ᠃

ᠦᠬᠠᠢ ᠬᠤᠳᠠ ᠰᠢᠨ᠎ᠡ ᠴᠠᠬ ᠦᠶ᠎ᠡ ᠵᠢᠨ ᠬᠦᠭᠵᠢᠯᠲᠠ ᠵᠢᠨ ᠲᠤᠤᠯᠢᠰ  ᠵᠢᠡᠨ  ᠪᠢᠴᠢᠭᠯᠡᠭᠰᠡᠭᠡᠷ  ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面