2026-11-19 11:09:45
ᠬᠠᠮᠢᠶ᠎ᠠ ᠪᠦᠬᠦᠢ ᠬᠤᠯᠪᠤᠭᠠᠰᠦ ᠄
ᠴᠠᠭᠠᠨᠨᠠᠭᠤᠷ ᠨᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭᠠᠨᠴᠠᠪ ᠬᠤᠳᠠ᠎ᠶᠢᠨ ᠱᠠᠩᠳᠤ ᠰᠢᠶᠠᠨ ᠪᠣᠯᠣᠨ ᠾᠸᠪᠸᠢ ᠮᠤᠵᠢ ᠶᠢᠨ ᠴᠢᠭᠤᠯᠤᠯᠲᠤ ᠬᠠᠭᠠᠯᠭ᠎ᠠ ᠬᠤᠳᠠ᠎ᠶᠢᠨ ᠱᠠᠩ ᠢ ᠰᠢᠶᠠᠨ ᠤ ᠠᠭᠤᠯᠵᠠᠷ᠎ᠲᠤ ᠪᠠᠢᠷᠢᠯᠠᠵᠤ᠂ ᠤᠯᠠᠭᠠᠨᠴᠠᠪ ᠬᠤᠳᠠ᠎ᠶᠢᠨ ᠴᠢᠬᠤᠯᠠ ᠨᠤᠭᠤ ᠭᠠᠵᠠᠷ ᠤᠨ ᠠᠮᠢ ᠠᠬᠤᠢ᠎ᠶᠢᠨ ᠰᠢᠰᠲᠧᠮ ᠪᠣᠯᠣᠨ᠎ᠠ᠃ ᠲᠡᠦᠬᠡᠨ ᠳᠡᠭᠡᠷ᠎ᠡ ᠴᠠᠭᠠᠨᠨᠠᠭᠤᠷ ᠵᠢᠯ ᠲᠤᠷᠰᠢ ᠤᠰᠤ ᠡᠯᠪᠡᠭ᠂ ᠨᠠᠭᠤᠷ ᠤᠨ ᠭᠠᠳᠠᠷᠭᠤ ᠥᠷᠭᠡᠨ ᠠᠭᠤᠳᠠᠮ ᠪᠠᠢᠭᠰᠠᠨ ᠪᠣᠯᠪᠠᠴᠤ ᠠᠭᠤᠷ ᠠᠮᠢᠰᠬᠤᠯ ᠤᠨ ᠬᠤᠪᠢᠷᠠᠯᠲᠠ ᠪᠣᠯᠣᠨ ᠬᠥᠮᠥᠨ ᠲᠥᠷᠥᠯᠬᠢᠲᠡᠨ᠎ᠦ ᠠᠵᠢᠯᠯᠠᠭ᠎ᠠ᠎ᠶᠢᠨ ᠨᠥᠯᠥᠭᠡᠯᠡᠯᠵᠢᠡᠷ ᠨᠢᠭᠡ ᠦᠶ᠎ᠡ ᠤᠰᠤ ᠲᠠᠲᠠᠷᠠᠵᠤ᠂ ᠤᠰᠤᠨ᠎ᠤ ᠴᠢᠨᠠᠷ ᠮᠠᠭᠤᠳᠠᠨ᠂ ᠠᠮᠢ ᠠᠬᠤᠢ᠎ᠶᠢᠨ ᠰᠢᠰᠲᠸᠮ ᠨᠢ ᠡᠪᠳᠡᠭᠳᠡᠵᠠᠢ᠃
ᠱᠠᠩᠳᠤ ᠰᠢᠶᠠᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠴᠠᠭᠠᠨᠨᠠᠭᠤᠷ ᠤᠨ ᠠᠮᠢ ᠠᠬᠤᠢ ᠣᠷᠴᠢᠨ ᠲᠣᠭᠣᠷᠢᠨ᠎ᠤ ᠪᠦᠬᠦᠯᠢ ᠴᠣᠭᠴᠠ᠎ᠶᠢᠨ ᠴᠢᠨᠠᠷᠲᠠᠢ ᠬᠠᠮᠠᠭᠠᠯᠠᠯᠲᠠ ᠪᠠ ᠰᠢᠰᠲᠧᠮᠲᠦ ᠴᠢᠨᠠᠷᠲᠠᠢ ᠰᠡᠷᠭᠦᠭᠡᠯᠲᠡ᠎ᠶᠢ ᠠᠬᠢᠭᠤᠯᠬᠤ᠎ᠵᠢᠨ ᠲᠥᠯᠥᠭᠡ 2020 ᠣᠨ᠎ᠤ 8 ᠰᠠᠷ᠎ᠠ᠎ᠶᠢᠨ 14᠎ᠤ᠋ ᠡᠳᠦᠷ ᠤᠯᠠᠭᠠᠨᠴᠠᠪ᠎ᠤᠨ ᠴᠠᠭᠠᠨᠨᠠᠭᠤᠷ ᠤᠨ ᠨᠤᠭᠤ ᠭᠠᠵᠠᠷ᠎ᠤᠨ ᠬᠠᠮᠠᠭᠠᠯᠠᠯᠲᠠ᠎ᠶᠢᠨ ᠲᠥᠪ᠎ᠢ ᠪᠠᠢᠭᠤᠯᠵᠤ᠂ 2020 ᠣᠨ᠎ᠤ 10 ᠰᠠᠷ᠎ᠠ᠎ᠶᠢᠨ 20᠎ᠤ᠋ ᠡᠳᠦᠷ ᠥᠪᠡᠷᠲᠡᠭᠡᠨ ᠵᠠᠰᠠᠬᠤ ᠣᠷᠣᠨ᠎ᠤ ᠲᠠᠰ ᠤᠨ ᠨᠤᠭᠤ ᠭᠠᠵᠠᠷ ᠤᠨ ᠴᠡᠴᠡᠷᠯᠢᠭ᠎ᠢ ᠪᠠᠢᠭᠤᠯᠵᠠᠢ᠃ 2022 ᠣᠨ ᠤ 12 ᠰᠠᠷ᠎ᠠ᠎ᠶᠢᠨ 29᠎ᠤ᠋ ᠡᠳᠦᠷ ᠴᠠᠭᠠᠨᠨᠠᠭᠤᠷ᠎ᠤᠨ ᠨᠤᠭᠤ ᠭᠠᠵᠠᠷ ᠤᠨ ᠴᠡᠴᠡᠷᠯᠢᠭ ᠨᠢ ᠤᠯᠤᠰ ᠤᠨ ᠲᠠᠰ ᠤᠨ ᠨᠤᠭᠤ ᠭᠠᠵᠠᠷ᠎ᠤᠨ ᠴᠡᠴᠡᠷᠯᠢᠭ ᠪᠤᠯᠵᠠᠢ᠃
ᠦᠪᠦᠷ ᠮᠤᠩᠭᠤᠯ ᠾᠸᠪᠸᠢ ᠵᠢᠨ ᠬᠢᠯᠢ ᠰᠤᠨᠳᠠᠯᠠᠨ ᠪᠠᠢᠷᠢᠰᠢᠬᠤ ᠴᠠᠭᠠᠨᠨᠠᠭᠤᠷ᠎ᠤᠨ ᠳᠤᠬᠠᠢ 《ᠸᠸᠢ ᠤᠯᠤᠰ᠎ᠤᠨ ᠪᠢᠴᠢᠭ》 ᠲᠸ᠋ ᠲᠡᠮᠳᠡᠭᠯᠡᠵᠦ ᠪᠠᠢᠭ᠎ᠠ ᠪᠦᠭᠡᠳ ᠲᠡᠷᠡ ᠨᠢ ᠤᠮᠠᠷᠠᠳᠦ ᠤᠷᠤᠨ᠎ᠤ ᠨᠠᠷᠠᠳᠦ ᠨᠠᠭᠤᠷ ᠬᠡᠮᠡᠬᠦ ᠰᠠᠢᠬᠠᠨ ᠠᠯᠳᠠᠷ ᠲᠠᠢ ᠪᠠᠢᠵᠠᠢ᠃
ᠡᠬᠡ ᠭᠠᠵᠠᠷ᠎ᠤᠨ ᠬᠡᠪᠡᠯᠢ᠎ᠳᠦ ᠤᠨᠠᠭᠰᠠᠨ ᠰᠤᠨᠳᠤᠷ᠎ᠤᠨ ᠳᠠᠰᠤᠷᠬᠠᠢ ᠭᠡᠮᠡᠷᠭᠡᠨ ᠡᠨᠡ ᠠᠷᠢᠭᠤᠨ ᠤᠰᠤᠨ ᠵᠠᠭᠤ ᠮᠢᠩᠭᠠᠨ ᠵᠢᠯ᠎ᠤᠨ ᠳᠤᠷᠰᠢ ᠱᠠᠩᠳᠦ ᠵᠢᠨ ᠲᠠᠯ᠎ᠠ ᠪᠠᠨ ᠤᠮᠳᠠᠯᠠᠨ ᠂ ᠬᠦᠭᠡ ᠳᠡᠭᠷᠢ ᠪᠠᠨ ᠳᠤᠯᠢᠳᠠᠨ ᠮᠡᠯᠮᠡᠷᠡᠵᠦ᠂ ᠬᠦᠪᠡᠬᠡ ᠳᠠᠭᠠᠭᠰᠠᠨ ᠬᠦᠮᠦᠨ ᠵᠤᠨ᠎ᠳᠠᠭᠠᠨ ᠠᠮᠢᠨ ᠳᠡᠵᠢᠭᠡᠯ ᠪᠤᠯᠵᠦ᠂ ᠬᠦᠷᠦᠰᠦᠳᠦ ᠠᠯᠳᠠᠨ ᠳᠡᠯᠡᠭᠡᠢ᠎ᠳᠡᠭᠡᠨ ᠷᠡᠰᠢᠶᠠᠨ ᠤᠰᠤᠨ ᠪᠤᠯᠵᠦ ᠢᠷᠡᠵᠠᠢ᠃
ᠪᠤᠷᠤᠭᠠᠨ ᠬᠤᠷ᠎ᠠ ᠪᠠᠭᠠᠰᠤᠭᠰᠠᠨ᠂ ᠭᠠᠵᠠᠷ ᠳᠤᠤᠷᠠᠬᠢ ᠤᠰᠤ ᠵᠢ ᠭᠡᠳᠦ ᠬᠡᠷᠡᠭᠯᠡᠭᠰᠡᠨ ᠵᠡᠷᠭᠡ ᠰᠢᠯᠳᠠᠭᠠᠨ ᠡᠴᠡ ᠪᠤᠯᠵᠦ᠂ ᠴᠠᠭᠠᠨᠨᠠᠭᠤᠷ᠎ᠤᠨ ᠤᠰᠤ ᠳᠠᠳᠠᠷᠠᠵᠦ᠂ ᠨᠢᠭᠡ ᠦᠶ᠎ᠡ ᠰᠢᠷᠬᠢᠬᠦ ᠰᠢᠬᠠᠵᠠᠢ᠃
ᠬᠤᠤᠬᠢᠬᠤ ᠰᠠᠯᠬᠢ᠂ ᠬᠡᠢᠰᠬᠦ ᠬᠤᠵᠢᠷ ᠁ ᠴᠠᠭᠠᠨᠨᠠᠭᠤᠷ ᠮᠢᠨᠢ ᠢᠷᠡᠭᠡᠴᠢ ᠭᠡᠵᠦ ᠬᠦᠮᠦᠰ ᠦᠭᠡᠢᠯᠡᠯᠡ! ᠲᠡᠷᠡ ᠯᠡ ᠴᠠᠭ ᠡᠴᠡ ᠴᠠᠭᠠᠨᠨᠠᠭᠤᠷ᠎ᠤᠨ ᠬᠦᠮᠦᠰ ᠨᠢᠳᠦᠨ ᠴᠡᠴᠡᠭᠡᠢ ᠪᠠᠨ ᠰᠢᠭ ᠨᠠᠭᠤᠷ ᠵᠢᠡᠨ ᠬᠠᠮᠠᠭᠠᠯᠠᠵᠦ᠂ ᠨᠠᠭᠤᠷ᠎ᠤᠨ ᠬᠦᠪᠡᠭᠡ ᠪᠠᠷ ᠮᠠᠯ ᠵᠢᠡᠨ ᠪᠡᠯᠴᠢᠭᠡᠬᠦ ᠦᠭᠡᠢ᠂ ᠨᠠᠭᠤᠷ᠎ᠤᠨ ᠬᠠᠪᠢ ᠵᠢᠨ ᠭᠠᠵᠠᠷ ᠳᠤᠤᠷᠠᠬᠢ ᠤᠰᠤ ᠪᠠᠷ ᠳᠠᠷᠢᠶ᠎ᠠ ᠪᠠᠨ ᠤᠰᠤᠯᠠᠬᠤ ᠦᠭᠡᠢ᠂ ᠬᠦᠪᠡᠭᠡ ᠪᠠᠷ ᠨᠢ ᠶᠠᠪᠤᠬᠤ᠎ᠳᠠᠭᠠᠨ ᠴᠸ᠋ ᠬᠢᠴᠢᠶᠠᠵᠦ᠂ ᠬᠦᠷᠦᠰᠦᠨ ᠳᠡᠭᠡᠷ᠎ᠡ ᠨᠢ ᠬᠢᠰᠬᠢᠬᠦ ᠳᠡᠭᠡᠨ ᠴᠸ᠋ ᠡᠮᠢᠶᠠᠵᠦ᠂ ᠬᠢᠴᠢᠶᠠᠩᠬᠦᠢᠯᠡᠨ ᠬᠠᠮᠠᠭᠠᠯᠠᠭᠰᠠᠨ ᠵᠢᠡᠷ ᠴᠠᠭᠠᠠᠨᠠᠭᠤᠷ᠎ᠤᠨ ᠤᠰᠤᠨ᠎ᠳᠤᠨᠢ ᠵᠢᠭᠠᠰᠦ ᠢᠷᠠᠭᠠᠯᠠᠨ᠂ ᠲᠡᠭᠷᠢ᠎ᠳᠤᠨᠢ ᠰᠢᠪᠠᠭᠤᠳ ᠬᠠᠯᠢᠨ᠂ ᠵᠡᠭᠡᠰᠦ ᠬᠤᠯᠤᠰᠤ ᠬᠠᠯᠢᠭᠤᠷᠠᠨ ᠨᠠᠢᠭᠤᠬᠤ ᠪᠤᠯᠪᠠ᠃
ᠴᠠᠭᠠᠠᠨᠠᠭᠤᠷ ᠡᠷᠬᠢᠨ ᠢᠷᠡᠵᠠᠢ᠃

ᠴᠠᠭᠠᠠᠨᠠᠭᠤᠷᠵᠢᠡᠨ ᠪᠠᠢᠴᠠᠭᠠᠵᠤ ᠲᠡᠮᠳᠡᠭᠯᠡᠨ᠎ᠡ — ᠯᠢᠦ ᠡᠾᠸᠩ ᠢᠦᠢ᠎ᠵᠢᠨ ᠬᠠᠲᠠᠭᠤ ᠪᠠᠷᠢᠮᠲᠠᠯᠠᠯ
ᠭᠡᠰᠢᠭᠳᠡᠨ ᠬᠤᠰᠢᠭᠤᠨ᠎ᠤ ᠪᠢᠷᠠᠭᠤ ᠪᠠᠯᠭᠠᠰᠤᠨ ᠡᠴᠡ ᠪᠢᠳᠡ ᠭᠠᠯᠳᠦ ᠳᠡᠷᠭᠡ ᠪᠠᠷ ᠱᠠᠩᠳᠦ ᠰᠢᠶᠠᠨ ᠤ ᠱᠠᠩᠳᠦ ᠪᠠᠯᠭᠠᠰᠦ ᠬᠦᠷᠬᠦ ᠪᠠᠷ ᠪᠤᠯᠤᠭᠰᠠᠨ ᠶᠤᠮ᠃ ᠭᠠᠯᠳᠦ ᠳᠡᠷᠭᠡ ᠪᠠᠷᠠᠭᠤᠨᠰᠢᠯᠠᠬᠤ ᠳᠤᠳᠤᠮ ᠭᠠᠵᠠᠷ᠎ᠤᠨ ᠳᠦᠷᠬᠦ ᠬᠤᠪᠢᠷᠠᠵᠦ᠂ ᠬᠠᠷᠠᠭ᠎ᠠ ᠠᠯᠳᠠᠮ᠎ᠠ ᠰᠢᠷᠭᠠᠯᠳᠤᠭᠰᠠᠨ ᠲᠠᠯ᠎ᠠ ᠭᠠᠵᠠᠷ ᠡᠴᠡ ᠪᠠᠨ ᠬᠠᠶᠠ ᠨᠢᠭᠡ ᠮᠠᠩᠬᠠᠨ ᠳᠤᠪᠤ ᠳᠦᠩᠬᠦᠢᠨ᠂ ᠳᠡᠭᠦᠨ᠎ᠤ ᠬᠠᠵᠠᠭᠤ ᠪᠠᠷ ᠬᠠᠢᠯᠡᠰᠦ᠂ ᠪᠤᠷᠭᠠᠰᠦ᠂ ᠪᠤᠳᠠ ᠬᠠᠷᠭᠠᠨ᠎ᠠ ᠵᠡᠷᠭᠡ ᠡᠯᠡᠰᠦᠨ ᠭᠠᠵᠠᠷ᠎ᠤᠨ ᠡᠪᠡᠰᠦ ᠮᠤᠳᠤ ᠡᠮᠵᠢᠶᠡᠷᠢᠯᠡᠭᠰᠡᠨ ᠨᠤᠳᠤᠭ ᠲᠸ᠋ ᠤᠷᠤᠵᠦ ᠢᠷᠡᠭᠰᠡᠨ ᠨᠢ ᠬᠤᠯᠠᠨ ᠰᠢᠷᠭ᠎ᠠ ᠳᠠᠭ᠎ᠠ ᠵᠢᠨ ᠡᠯᠡᠰᠦᠨ᠎ᠳᠦ ᠶᠠᠪᠤᠭ᠎ᠠ ᠭᠡᠳᠡᠭ᠎ᠢ ᠬᠡᠯᠡᠵᠦ ᠪᠠᠢᠯ᠎ᠠ᠃ ᠲᠡᠭᠦᠨ ᠡᠴᠡ ᠪᠠᠷᠠᠭᠤᠨ ᠬᠤᠢᠰᠢ ᠭᠠᠷᠬᠤ᠎ᠳᠦ ᠳᠠᠬᠢᠨ ᠨᠢᠳᠦ ᠴᠢᠯᠡᠭᠡᠭᠰᠡᠨ ᠳᠠᠯ᠎ᠠ ᠪᠤᠯᠵᠦ᠂ ᠤᠳᠠᠯ ᠦᠭᠡᠢ ᠭᠠᠵᠠᠷ᠎ᠤᠨ ᠪᠠᠢᠴᠠ ᠨᠠᠮ ᠪᠤᠯᠵᠦ᠂ ᠭᠡᠰᠡᠭ ᠭᠡᠰᠡᠭ ᠵᠢᠡᠷ ᠪᠦᠭᠡᠮᠨᠡᠷᠡᠨ ᠰᠠᠭᠤᠭᠰᠠᠨ ᠠᠢᠯ ᠳᠤᠰᠬᠤᠨ᠂ ᠳᠤᠮᠤ ᠰᠠᠮ ᠵᠢᠡᠷ ᠰᠠᠮᠨᠠᠭᠰᠠᠨ ᠬᠡᠮᠡᠷ ᠵᠤᠷᠬ᠎ᠠ ᠨᠢ ᠬᠠᠷᠠᠯᠠᠨ ᠬᠠᠷᠠᠭᠳᠠᠬᠤ ᠳᠠᠷᠢᠶᠠᠨ ᠭᠠᠵᠠᠷ ᠵᠢᠡᠷ ᠰᠤᠯᠢᠬᠳᠠᠯᠠ᠃
ᠦᠳᠡ ᠬᠡᠯᠪᠡᠢᠬᠦ ᠵᠢᠨ ᠦᠶ᠎ᠡ ᠪᠠᠷ ᠪᠢᠳᠡ ᠵᠤᠷᠢᠭᠰᠠᠨ ᠭᠠᠵᠠᠷ ᠱᠠᠩᠳᠦ ᠪᠠᠯᠭᠠᠰᠤᠨ᠎ᠤ ᠳᠡᠷᠭᠡᠨ ᠦᠷᠳᠡᠭᠡᠨ᠎ᠳᠦ ᠪᠠᠭᠤᠵᠦ᠂ ᠬᠦᠮᠦᠨ᠎ᠤ ᠤᠷᠤᠰᠬᠠᠯ᠎ᠢ ᠳᠠᠭᠠᠨ ᠦᠷᠳᠡᠭᠡᠨ ᠡᠴᠡ ᠭᠠᠷᠬᠤ᠎ᠳᠦ ᠰᠡᠬᠦᠳᠡᠷᠯᠡᠬᠦ ᠮᠠᠰᠢᠨ ᠵᠡᠷᠭᠡ ᠡᠬᠦᠷᠭᠡ ᠳᠡᠬᠦᠷᠭᠡ ᠲᠠᠢ ᠶᠠᠪᠤᠭ᠎ᠠ ᠪᠠᠷ ᠮᠢᠨᠢ ᠭᠠᠳᠠᠷᠯᠠᠭᠰᠠᠨ ᠱᠠᠩᠳᠦ ᠰᠢᠶᠠᠨ᠎ᠤ ᠤᠬᠠᠭᠤᠯᠬᠤ ᠭᠡᠯᠳᠡᠰ᠎ᠤᠨ ᠳᠡᠳ᠋ ᠳᠠᠷᠤᠭ᠎ᠠ ᠪᠢᠳᠡᠨ᠎ᠢ ᠢᠨᠢᠶᠠᠮᠰᠦᠭᠯᠡᠨ ᠤᠭᠳᠤᠵᠦ ᠠᠪᠤᠯ᠎ᠠ᠃
ᠱᠠᠩᠳᠦ ᠪᠠᠯᠭᠠᠰᠤᠨ᠎ᠳᠦ ᠬᠦᠷᠦᠭᠰᠡᠨ ᠡᠳᠦᠷ ᠮᠢᠨᠢ ᠭᠠᠷᠠᠭ᠎ᠤᠨ ᠰᠡᠭᠦᠯᠴᠢ ᠪᠠᠢᠭᠰᠠᠨ ᠪᠤᠯᠬᠤᠷ ᠪᠢᠳᠡ ᠦᠳᠡ ᠵᠢᠨ ᠬᠤᠢᠨ᠎ᠠ ᠨᠢ ᠠᠮᠠᠷᠠᠵᠦ᠂ ᠮᠠᠷᠭᠠᠰᠢ ᠡᠴᠡ ᠨᠢ ᠠᠵᠢᠯ ᠵᠢᠡᠨ ᠡᠬᠢᠯᠡᠬᠦᠯᠬᠦ ᠪᠠᠷ ᠪᠤᠯᠤᠭᠰᠠᠨ ᠶᠤᠮ᠃ ᠭᠠᠷᠠᠭ᠎ᠤᠨ ᠨᠢᠭᠡᠨ᠎ᠤ ᠦᠷᠯᠦᠭᠡ ᠰᠠᠷᠡᠭᠡᠳ ᠴᠤᠩᠬᠤ ᠪᠠᠷ ᠬᠠᠷᠠᠬᠤ᠎ᠳᠦ ᠲᠡᠭᠷᠢ᠎ᠳᠦ ᠠᠯᠠᠭᠠᠨ ᠴᠢᠨᠡᠭᠡ ᠴᠸ᠋ ᠡᠬᠦᠯᠡ ᠦᠭᠡᠢ᠂ ᠳᠤᠩᠭᠠᠯᠠᠭ ᠰᠠᠢᠬᠠᠨ ᠡᠳᠦᠷ ᠪᠤᠯᠵᠦ᠂ ᠴᠠᠭᠠᠨᠨᠠᠭᠤᠷ ᠶᠤᠰᠤᠳᠠᠢ ᠪᠢᠳᠡᠨ᠎ᠢ ᠨᠠᠷᠠ ᠪᠠᠨ ᠭᠠᠷᠭᠠᠨ ᠤᠭᠳᠤᠭᠰᠠᠨ ᠶᠤᠮ᠃
ᠠᠭᠠᠷ᠎ᠡᠴᠡ ᠱᠤᠩᠭᠤᠨ ᠪᠠᠭᠤᠬᠤ ᠪᠦᠷᠭᠦᠳ᠎ᠤᠨ ᠰᠢᠷᠦᠭᠦᠨ ᠳᠠᠭᠠᠷᠢᠯᠲᠠ᠎ᠡᠴᠡ ᠮᠤᠯᠳᠤᠷᠠᠵᠤ ᠴᠢᠳᠠᠯ ᠦᠭᠡᠢ᠂ ᠬᠦᠵᠦᠭᠦᠦ᠎ᠪᠡᠨ ᠳᠠᠰᠤ ᠡᠮᠭᠦᠭᠦᠯᠦᠨ ᠰᠢᠷᠬᠠᠳᠤᠭᠰᠠᠨ ᠨᠤᠭᠤᠰᠤ ᠠᠷᠢᠶᠠᠳᠠᠨ ᠠᠮᠢᠲᠠᠨ᠎ᠤ ᠬᠠᠳᠠᠭᠤ ᠰᠢᠯᠭᠠᠯᠲᠠ᠎ᠵᠢ ᠳᠠᠪᠠᠵᠤ ᠴᠢᠳᠠᠯ ᠦᠭᠡᠢ ᠠᠮᠢ ᠲᠠᠯᠪᠢᠭᠰᠠᠨ ᠪᠠᠢᠯ᠎ᠠ᠃ ᠬᠠᠷᠢᠨ ᠪᠦᠷᠭᠦᠳ᠎ᠤᠨ ᠬᠤᠪᠢ᠎ᠳᠦ ᠬᠡᠨᠡᠭᠴᠦ ᠦᠭᠡᠢ ᠵᠤᠭᠤᠭᠵᠢᠡᠨ ᠵᠤᠭᠤᠭᠯᠠᠨ᠎ᠠ᠃ ᠡᠢᠮᠦᠷᠬᠦᠦ ᠪᠠᠢᠭᠠᠯᠢ᠎ᠵᠢᠨ ᠦᠵᠡᠭᠳᠡᠯ᠎ᠢ ᠱᠠᠩᠳᠤ᠎ᠵᠢᠨ ᠴᠠᠭᠠᠨᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠳᠡᠳ᠋ ᠡᠷᠬᠢᠯᠡᠭᠴᠢ ᠯᠢᠦ ᠡᠾᠸᠩ ᠢᠦᠢ ᠲᠤᠭ᠎ᠠ ᠦᠭᠡᠢ ᠤᠳᠠᠭ᠎ᠠ ᠦᠵᠡᠭᠰᠡᠨ ᠪᠠᠢᠯ᠎ᠠ᠃

— ᠴᠠᠭᠠᠨᠨᠠᠭᠤᠷ᠎ᠤᠨ ᠤᠷᠴᠢᠨ ᠠᠬᠤᠢ ᠰᠠᠢᠵᠢᠷᠠᠵᠤ ᠪᠠᠢᠭ᠎ᠠ ᠨᠢ ᠡᠨᠡ ᠰᠢᠦ! ᠬᠡᠮᠡᠨ ᠯᠢᠦ ᠡᠾᠸᠩ ᠢᠦᠢ ᠭᠠᠷ᠎ᠲᠡᠬᠢ ᠳᠤᠷᠠᠨᠵᠢᠡᠨ ᠲᠠᠯᠪᠢᠯ ᠦᠭᠡᠢ ᠶᠠᠷᠢᠨ᠎ᠠ᠃ ᠡᠳᠦᠷ ᠳᠤᠳᠤᠮ᠎ᠤᠨ ᠨᠠᠭᠤᠷ᠎ᠤᠨ ᠪᠠᠢᠴᠠᠭᠠᠯᠲᠠ ᠬᠢᠵᠦ᠂ ᠴᠠᠭ ᠲᠤᠬᠠᠢᠳᠤᠨᠢ ᠲᠡᠮᠳᠡᠭᠯᠡᠨ ᠦᠯᠡᠳᠡᠭᠡᠬᠦ ᠨᠢ ᠲᠡᠭᠦᠨ᠎ᠤ ᠭᠤᠤᠯ ᠬᠠᠷᠢᠭᠤᠴᠠᠵᠤ ᠪᠠᠢᠭ᠎ᠠ ᠠᠵᠢᠯ᠎ᠤᠨ ᠨᠢᠭᠡ ᠨᠢ ᠪᠢᠯᠡ᠃ ᠲᠡᠷᠡ ᠡᠨᠡᠬᠦ ᠠᠵᠢᠯ᠎ᠢ ᠬᠠᠷᠢᠭᠤᠴᠠᠭᠠᠳ ᠠᠷᠠᠢ ᠳᠥᠩᠭᠡᠵᠢ ᠨᠢᠭᠡ ᠵᠢᠯ ᠪᠤᠯᠤᠭ᠎ᠠ ᠦᠭᠡᠢ ᠴᠸ᠋ ᠡᠨᠡᠬᠦ ᠨᠠᠭᠤᠷ᠎ᠤᠨ ᠤᠷᠴᠢᠨ ᠠᠬᠤᠢ᠎ᠵᠢ ᠡᠩ ᠦᠭᠡᠢ ᠶᠡᠬᠡ ᠬᠠᠢᠷᠠᠯᠠᠨ ᠨᠠᠨᠳᠢᠩᠨᠠᠬᠤ ᠪᠤᠯᠤᠭᠰᠠᠨ ᠨᠢ ᠤᠴᠢᠷ᠎ᠲᠠᠢ ᠰᠠᠨ᠃ 2020 ᠤᠨ᠎ᠳᠦ ᠨᠤᠭᠤ ᠭᠠᠵᠠᠷ᠎ᠤᠨ ᠬᠠᠮᠠᠭᠠᠯᠠᠯᠲᠠ᠎ᠵᠢᠨ ᠲᠥᠪ᠎ᠢ ᠪᠠᠢᠭᠤᠯᠬᠤ᠎ᠡᠴᠡ ᠡᠮᠦᠨ᠎ᠡ ᠡᠨᠳᠡᠬᠢ ᠨᠠᠭᠤᠷ᠎ᠤᠨ ᠤᠰᠤ ᠶᠡᠬᠡ ᠬᠡᠮᠵᠢᠶ᠎ᠡ᠎ᠪᠡᠷ ᠰᠢᠷᠭᠢᠵᠦ᠂ ᠨᠠᠮᠤᠭ ᠲᠠᠢ ᠭᠠᠵᠠᠷ᠎ᠵᠢᠡᠷ ᠶᠠᠪᠤᠭᠠᠳ ᠢᠷᠡᠬᠦ᠎ᠳᠦ ᠱᠠᠬᠠᠢ᠎ᠵᠢᠨ ᠤᠯᠠ ᠰᠠᠯᠴᠢᠬᠠᠳᠠᠭ ᠪᠠᠢᠭᠰᠠᠨ᠃ ᠲᠡᠷᠡ ᠦᠶ᠎ᠡ᠎ᠳᠦ ᠬᠤᠯᠠ᠎ᠡᠴᠡ ᠴᠠᠢᠷᠠᠨ ᠬᠠᠷᠠᠭᠳᠠᠬᠤ ᠬᠤᠵᠢᠷᠯᠢᠭ ᠭᠠᠵᠠᠷ᠎ᠲᠦ ᠰᠠᠯᠬᠢ ᠲᠠᠢ ᠡᠳᠦᠷ ᠲᠤᠬᠢᠶᠠᠯᠳᠤᠪᠠᠯ ᠡᠨᠳᠡ ᠲᠡᠨᠳᠡ ᠦᠭᠡᠢ ᠴᠠᠭᠠᠨ ᠲᠤᠭᠤᠰᠤ ᠮᠠᠨᠠᠷᠠᠨ᠂ ᠬᠠᠵᠠᠭᠤ ᠬᠠᠪᠢ᠎ᠵᠢᠨ ᠠᠷᠠᠳ᠎ᠤᠳ᠎ᠤᠨ ᠰᠡᠳᠬᠢᠯ᠎ᠢ ᠰᠢᠨᠠᠯᠭᠠᠳᠠᠭ ᠪᠠᠢᠵᠠᠢ᠃ ᠴᠠᠢᠷᠠᠨ ᠬᠠᠷᠠᠭᠳᠠᠬᠤ ᠬᠤᠵᠢᠷᠯᠢᠭ ᠨᠠᠭᠤᠷ᠎ᠲᠦ ᠠᠳᠬᠤ ᠡᠪᠡᠰᠦᠨ᠎ᠤ ᠪᠠᠷ᠎ᠠ ᠠᠯᠠᠭ᠎ᠠ ᠪᠠᠢᠭᠰᠠᠨᠵᠢᠡᠨ ᠥᠨᠥ ᠪᠤᠯᠬᠤ᠎ᠳᠦ ᠨᠡᠯᠦᠢᠨ ᠬᠠᠷᠠᠭᠳᠠᠬᠤ ᠨᠠᠭᠤᠷ᠎ᠤᠨ ᠤᠰᠤᠨ᠎ᠳᠦ ᠠᠮᠢᠵᠢᠷᠠᠯ᠎ᠤᠨ ᠬᠦᠴᠦᠨ ᠪᠢᠯᠬᠠᠭᠰᠠᠨᠢ ᠰᠢᠩᠭᠡᠭᠡᠨ ᠵᠢᠷᠤᠭᠯᠠᠭᠰᠠᠨ ᠵᠢᠷᠤᠭ ᠰᠢᠩᠭᠡᠭᠡᠯᠲᠡ᠎ᠪᠡᠨ ᠲᠡᠷᠡ ᠵᠢᠭᠤᠯᠴᠢᠯᠠᠭᠰᠠᠳ᠎ᠲᠦ ᠤᠯᠠᠨᠴᠤ ᠤᠳᠠᠭ᠎ᠠ ᠦᠵᠡᠭᠦᠯᠵᠡᠢ᠃
— ᠪᠢ ᠡᠨᠳᠡ ᠤᠳᠠᠭᠠᠨ ᠵᠢᠯ ᠠᠵᠢᠯᠯᠠᠭᠰᠠᠨ ᠠᠬᠠᠮᠠᠳ ᠠᠵᠢᠯᠲᠠᠨ᠎ᠡᠴᠡ ᠴᠠᠭᠠᠨᠨᠠᠭᠤᠷᠤᠨᠤᠷᠴᠢᠨ ᠠᠬᠤᠢ ᠶᠡᠬᠡᠪᠡᠷ ᠮᠠᠭᠤᠳᠠᠭᠰᠠᠨ ᠭᠡᠳᠡᠭ ᠢ ᠰᠤᠨᠤᠰᠤᠭᠰᠠᠨ᠃ ᠤᠳᠤ ᠪᠤᠯ ᠴᠠᠭᠠᠨᠨᠠᠭᠤᠷᠢ 108.09 ᠲᠡᠭᠰᠢ ᠳᠥᠷᠪᠡᠯᠵᠢᠨ ᠺᠢᠯᠣᠮᠧᠲᠷ᠎ᠤᠨ ᠬᠠᠮᠠᠭᠠᠯᠠᠨ ᠰᠡᠷᠭᠦᠭᠡᠬᠦ ᠣᠷᠣᠨ᠂ 342.17 ᠲᠡᠭᠰᠢ ᠳᠥᠷᠪᠡᠯᠵᠢᠨ ᠺᠢᠯᠣᠮᠧᠲᠷ ᠤᠨ ᠭᠠᠵᠠᠷ ᠳᠣᠣᠷᠠᠬᠢ ᠤᠰᠤ᠎ᠶᠢ ᠬᠡᠲᠦᠷᠡᠲᠡᠯ᠎ᠡ ᠲᠠᠲᠠᠬᠤ᠎ᠶᠢ ᠵᠠᠰᠠᠬᠤ ᠣᠷᠣᠨ᠂ 4434.74 ᠲᠡᠭᠰᠢ ᠳᠥᠷᠪᠡᠯᠵᠢᠨ ᠺᠢᠯᠣᠮᠧᠲᠷ᠎ᠤᠨ ᠨᠤᠭᠤ ᠭᠠᠵᠠᠷ᠎ᠢ ᠬᠠᠮᠠᠭᠠᠯᠠᠬᠤ ᠣᠷᠣᠨ ᠭᠡᠬᠦ 3 ᠣᠷᠣᠨ ᠪᠦᠰᠡ ᠬᠤᠪᠢᠶᠠᠵᠤ ᠬᠠᠮᠠᠭᠠᠯᠠᠭᠰᠠᠨ ᠵᠢᠡᠷ ᠳᠤᠷ᠎ᠠ ᠲᠠᠪᠠᠪᠡᠷᠵᠢᠡᠨ ᠤᠰᠤ ᠲᠠᠲᠠᠵᠤ ᠬᠡᠷᠡᠭᠯᠡᠬᠦ᠂ ᠭᠡᠳᠦᠷᠠᠳᠠᠯᠠ ᠮᠠᠯᠵᠢᠵᠤ ᠭᠡᠳᠦᠷᠠᠳᠠᠯᠠ ᠲᠠᠷᠢᠶᠠᠯᠠᠬᠤ᠂ ᠵᠢᠭᠠᠰᠤ ᠬᠦᠬᠢᠳᠡᠬᠦ ᠦᠵᠡᠭᠳᠡᠯ ᠦᠭᠡᠢ ᠪᠤᠯᠤᠭᠰᠠᠨ ᠰᠢᠦ᠃ ᠲᠡᠭᠡᠭᠡᠳ ᠯᠡ ᠥᠨᠥ᠎ᠵᠢᠨ ᠴᠠᠭᠠᠨᠨᠠᠭᠤᠷ᠎ᠤᠨ ᠤᠰᠤ ᠨᠢ ᠡᠯᠪᠡᠭ᠂ ᠨᠠᠭᠤᠷ ᠨᠢ ᠲᠤᠩᠭᠠᠯᠠᠭ᠂ ᠰᠢᠪᠠᠭᠤᠳ ᠨᠢ ᠥᠶᠥᠭ ᠦᠵᠡᠭᠳᠡᠯ ᠲᠠᠢ ᠪᠤᠯᠤᠭᠰᠠᠨ ᠪᠢᠯᠡ ᠬᠡᠮᠡᠨ ᠲᠡᠷᠡ ᠤᠴᠢᠷᠯᠠᠨ᠎ᠠ᠃
ᠯᠢᠦ ᠡᠾᠸᠩ ᠢᠦᠢ ᠰᠢᠪᠠᠭᠤᠨ᠎ᠤ ᠲᠥᠷᠥᠯ᠂ ᠡᠪᠡᠰᠦᠨ᠎ᠤ ᠲᠥᠷᠥᠯ᠎ᠢ ᠲᠤᠳᠤᠷᠬᠠᠢ ᠮᠡᠳᠡᠬᠦ᠎ᠪᠡᠷ ᠪᠠᠷᠠᠬᠤ ᠦᠭᠡᠢ ᠠᠯᠢ ᠲᠥᠷᠥᠯ᠎ᠤᠨ ᠰᠢᠪᠠᠭᠤ ᠨᠢ ᠠᠯᠢ ᠵᠢᠯ ᠢᠷᠡᠬᠦ ᠪᠤᠯᠤᠭᠰᠠᠨ᠂ ᠬᠡᠵᠢᠶ᠎ᠡ ᠪᠤᠴᠠᠳᠠᠭ᠂ ᠠᠯᠢ ᠲᠥᠷᠥᠯ᠎ᠤᠨ ᠰᠢᠪᠠᠭᠤ ᠨᠢ ᠬᠦᠮᠦᠨ᠎ᠡᠴᠡ ᠠᠶᠤᠳᠠᠭ ᠵᠡᠷᠭᠡ᠎ᠵᠢ ᠠᠨᠳᠠᠬᠤ ᠦᠭᠡᠢ ᠮᠡᠳᠡᠬᠦ ᠨᠢ ᠭᠠᠢᠬᠠᠯᠲᠠᠢ!
— ᠨᠠᠭᠤᠷ᠎ᠤᠨ ᠤᠰᠤ ᠰᠠᠢᠨ ᠡᠰᠡᠬᠦ᠎ᠵᠢ ᠰᠢᠪᠠᠭᠤ ᠯᠠ ᠮᠡᠳᠡᠨ᠎ᠡ ᠰᠢᠦ᠂ ᠰᠢᠪᠠᠭᠤᠨ᠎ᠤ ᠲᠥᠷᠥᠯ ᠪᠠ ᠲᠤᠭ᠎ᠠ ᠨᠡᠮᠡᠭᠳᠡᠵᠦ ᠯᠡ ᠪᠠᠢᠪᠠᠯ ᠤᠰᠤᠨ᠎ᠤ ᠴᠢᠨᠠᠷ ᠰᠠᠢᠨ ᠪᠤᠯᠵᠤ ᠯᠠ ᠪᠠᠢᠨ᠎ᠠ ᠭᠡᠰᠡᠨ ᠦᠭᠡ᠃ ᠮᠠᠨ᠎ᠤ ᠲᠡᠮᠳᠡᠭᠯᠡᠯ᠎ᠢ ᠦᠨᠳᠦᠰᠦᠯᠡᠪᠡᠯ 2020 ᠣᠨ᠎ᠳᠤ ᠨᠠᠭᠤᠷ᠎ᠤᠨ ᠰᠢᠪᠠᠭᠤᠨ᠎ᠤ ᠲᠥᠷᠥᠯ ᠮᠠᠰᠢ ᠴᠥᠬᠡᠨ᠂ ᠵᠥᠪᠬᠡᠨ 12 ᠵᠦᠢᠯ᠂ 27 ᠢᠵᠠᠭᠤᠷ᠂ 79 ᠲᠥᠷᠥᠯ᠎ᠦᠨ ᠰᠢᠪᠠᠭᠤ ᠲᠠᠢ ᠪᠠᠢᠭᠰᠠᠨ᠃ ᠣᠳᠣᠬᠠᠨ᠎ᠳᠤ ᠰᠢᠪᠠᠭᠤᠨ᠎ᠤ ᠲᠥᠷᠥᠯ ᠵᠦᠢᠯ ᠤᠯᠠᠰᠢᠷᠠᠵᠤ᠂ 20 ᠵᠦᠢᠯ᠂ 44 ᠢᠵᠠᠭᠤᠷ᠂ 202 ᠲᠥᠷᠥᠯ᠎ᠳᠦ ᠬᠦᠷᠴᠦ᠂ ᠲᠣᠭ᠎ᠠ ᠬᠡᠮᠵᠢᠶ᠎ᠡ ᠨᠢ ᠳᠠᠬᠢᠨ᠎ᠢᠶᠠᠷ ᠨᠡᠮᠡᠭᠳᠡᠪᠡ᠃ ᠡᠭᠦᠨ᠎ᠤ ᠳᠤᠮᠳᠠ ᠤᠯᠤᠰ᠎ᠤᠨ ᠲᠠᠰ᠎ᠤᠨ ᠬᠠᠮᠠᠭᠠᠯᠠᠯᠲᠠ᠎ᠶᠢᠨ ᠰᠢᠪᠠᠭᠤᠨ᠎ᠤ ᠲᠥᠷᠥᠯ᠎ᠦᠨ ᠲᠤᠭᠠᠴᠤ ᠤᠯᠠᠰᠢᠷᠠᠵᠤ᠂ ᠣᠲᠤᠬᠠᠨ᠎ᠳᠦ ᠤᠯᠤᠰ᠎ᠤᠨ ᠨᠢᠭᠡᠳᠦᠭᠡᠷ ᠲᠠᠰ᠎ᠤᠨ ᠬᠠᠮᠠᠭᠠᠯᠠᠯᠲᠠ᠎ᠶᠢᠨ ᠠᠮᠢᠲᠠᠨ 12 ᠵᠦᠢᠯ᠂ ᠤᠯᠤᠰ᠎ᠤᠨ ᠬᠤᠶᠠᠳᠤᠭᠠᠷ ᠲᠠᠰ᠎ᠤᠨ ᠬᠠᠮᠠᠭᠠᠯᠠᠯᠲᠠ᠎ᠶᠢᠨ ᠠᠮᠢᠲᠠᠨ 39 ᠵᠦᠢᠯ ᠪᠠᠢᠨ᠎ᠠ ᠭᠡᠵᠦ ᠲᠡᠷᠡ ᠲᠤᠭ᠎ᠠ ᠪᠠᠷᠢᠮᠲᠠ ᠲᠠᠢ ᠲᠤᠭᠠᠴᠢᠨ᠎ᠠ᠃
ᠬᠤᠷ᠎ᠠ ᠳᠤᠨᠲᠠᠰᠤ ᠠᠷᠪᠢᠨ ᠪᠤᠯ ᠨᠠᠭᠤᠷ᠎ᠤᠨ ᠤᠰᠤᠨ ᠲᠥᠪᠰᠢᠨ ᠳᠡᠭᠡᠭᠰᠢᠯᠡᠵᠤ᠂ ᠤᠰᠤᠨ᠎ᠤ ᠴᠢᠨᠠᠷ ᠰᠠᠢᠵᠢᠷᠠᠨ᠎ᠠ ᠬᠡᠮᠡᠨ ᠯᠢᠦ ᠡᠾᠸᠩ ᠢᠦᠢ ᠬᠤᠪᠢ᠎ᠳᠠᠭᠠᠨ ᠦᠵᠡᠳᠡᠭ᠃ 2020 ᠣᠨ᠎ᠤ ᠦᠶ᠎ᠡ᠎ᠪᠡᠷ ᠴᠠᠭᠠᠨᠨᠠᠭᠤᠷ᠎ᠤᠨ ᠤᠰᠤᠨ ᠭᠠᠳᠠᠷᠭᠤ᠎ᠵᠢᠨ ᠲᠠᠯᠠᠪᠠᠢ ᠨᠢ 2 ᠲᠡᠭᠰᠢ ᠳᠥᠷᠪᠡᠯᠵᠢᠨ ᠺᠢᠯᠣᠮᠧᠲᠷ ᠬᠦᠷᠬᠦ ᠦᠭᠡᠢ ᠪᠠᠢᠵᠠᠢ᠃ 2026 ᠣᠨ᠎ᠤ 10 ᠰᠠᠷ᠎ᠠ᠎ᠶᠢᠨ 1᠎ᠦ ᠡᠳᠦᠷ᠎ᠤᠨ ᠪᠠᠢᠴᠠᠭᠠᠯᠲᠠ᠎ᠵᠢ ᠦᠨᠳᠦᠰᠦᠯᠡᠪᠡᠯ᠂ ᠨᠠᠭᠤᠷ ᠤᠨ ᠲᠠᠯᠠᠪᠠᠶ ᠨᠢ 76.9 ᠲᠡᠭᠰᠢ ᠳᠥᠷᠪᠡᠯᠵᠢᠨ ᠺᠢᠯᠣᠮᠧᠲᠷ᠂ ᠳᠤᠮᠳᠠᠴᠢ ᠤᠰᠤᠨ᠎ᠤ ᠭᠦᠨ ᠨᠢ 1.5 ᠮᠧᠲᠷ᠎ᠲᠦ ᠬᠦᠷᠦᠭᠰᠡᠨ᠎ᠢ ᠲᠡᠷᠡ ᠲᠡᠮᠳᠡᠭᠯᠡᠯ ᠳᠡᠭᠡᠷ᠎ᠡ᠎ᠪᠡᠨ ᠨᠢᠭᠡᠳ ᠨᠢᠭᠡ᠎ᠪᠡᠷ ᠲᠡᠮᠳᠡᠭᠯᠡᠭᠰᠡᠨ ᠪᠠᠢᠯ᠎ᠠ᠃ ᠡᠭᠦᠨ᠎ᠦ ᠬᠠᠮᠲᠤ ᠲᠡᠷᠡᠪᠡᠷ 2026 ᠣᠨ᠎ᠳᠤ ᠴᠠᠭᠠᠨᠨᠠᠭᠤᠷ᠎ᠲᠦ ᠥᠯᠢᠭ ᠬᠠᠮᠠᠷ᠎ᠲᠤ ᠬᠤᠨ ᠭᠠᠯᠠᠭᠤ᠂ ᠴᠠᠬᠢᠷ ᠨᠤᠭᠤᠰᠤ᠂ ᠠᠯᠠᠭ ᠲᠣᠯᠣᠭᠠᠢᠲᠤ ᠡᠯᠡᠰᠦᠨ ᠨᠤᠭᠤᠰᠤ᠂ ᠴᠠᠭᠠᠨ ᠬᠥᠮᠥᠰᠬᠡ᠎ᠲᠦ ᠨᠤᠭᠤᠰᠤ᠂ ᠠᠯᠠᠭ ᠬᠠᠴᠠᠷᠲᠤ ᠨᠤᠭᠤᠰᠤ ᠵᠡᠷᠭᠡ ᠣᠯᠠᠨ ᠵᠦᠢᠯ᠎ᠦᠨ ᠰᠢᠪᠠᠭᠤ ᠠᠩᠬ᠎ᠠ ᠤᠳᠠᠭ᠎ᠠ ᠢᠯᠡᠷᠡᠭᠰᠡᠨ᠎ᠢ ᠡᠳᠦᠷ ᠰᠠᠷ᠎ᠠ ᠲᠠᠢ ᠨᠢ ᠲᠡᠮᠳᠡᠭᠯᠡᠵᠡᠢ᠃ ᠲᠡᠷᠡ ᠪᠡᠷ ᠳᠣᠷᠣᠨᠠᠳᠠᠬᠢᠨ᠎ᠤ ᠴᠠᠭᠠᠨ ᠥᠷᠪᠢ᠂ ᠬᠠᠷ᠎ᠠ ᠥᠷᠪᠢ ᠵᠡᠷᠭᠡ ᠤᠯᠤᠰ᠎ᠤᠨ ᠨᠢᠭᠡᠳᠦᠭᠡᠷ ᠳᠡᠰ᠎ᠤᠨ ᠬᠠᠮᠠᠭᠠᠯᠠᠯᠲᠠ᠎ᠶᠢᠨ ᠠᠮᠢᠲᠠᠨ ᠨᠢᠭᠡᠨᠲᠡ 6 ᠰᠠᠷ᠎ᠠ ᠦᠷᠭᠦᠯᠵᠢᠯᠡᠨ ᠡᠨᠳᠡ ᠬᠥᠯ ᠲᠣᠭᠲᠠᠵᠤ ᠪᠠᠢᠭ᠎ᠠ᠎ᠳᠦ ᠰᠡᠳᠬᠢᠯ ᠳᠤᠭᠳᠤᠯᠤᠨ᠎ᠠ᠃
ᠨᠡᠭᠦᠳᠡᠯ᠎ᠤᠨ ᠤᠯᠠᠷᠢᠯ ᠤᠢᠷᠠᠳᠬᠤ ᠳᠤᠰᠤᠮ ᠨᠠᠭᠤᠷ᠎ᠤᠨ ᠬᠥᠪᠡᠭᠡᠨ᠎ᠤ ᠡᠪᠡᠰᠦᠨ ᠳᠤᠯᠤᠭᠠᠳ᠎ᠤᠨ ᠨᠠᠬᠢᠯᠵᠠᠨ ᠪᠥᠭᠥᠯᠵᠡᠬᠦ ᠨᠢ ᠬᠦᠷᠲᠡᠯ᠎ᠡ ᠲᠡᠢᠮᠦ ᠯᠡ ᠭᠤᠨᠢᠭᠲᠠᠢ ᠰᠠᠨᠠᠭᠳᠠᠳᠠᠭ ᠳᠠ᠃ ᠭᠡᠬᠦ᠎ᠳᠦ ᠨᠢᠳᠤᠨᠤᠨ ᠡᠪᠦᠯ ᠴᠠᠭᠠᠨᠨᠠᠭᠤᠷ᠎ᠤᠨ ᠨᠢᠭᠡ ᠬᠡᠰᠡᠭ ᠨᠢ ᠬᠥᠯᠳᠡᠭᠰᠡᠨ ᠦᠭᠡᠢ᠎ᠡᠴᠡ ᠨᠡᠭᠦᠳᠡᠯᠯᠡᠬᠦ ᠤᠯᠠᠷᠢᠯ ᠬᠦᠷᠴᠦ ᠢᠷᠡᠭᠰᠡᠨᠴᠤ ᠬᠡᠰᠡᠭ ᠰᠢᠪᠠᠭᠤᠳ ᠪᠤᠴᠠᠭᠰᠠᠨ ᠦᠭᠡᠢ ᠦᠵᠡᠭᠳᠡᠯ ᠭᠠᠷᠤᠭᠰᠠᠨ ᠨᠢᠯᠢᠦ ᠡᠾᠸᠩ ᠢᠦᠢ᠎ᠳᠦ ᠮᠠᠰᠢ ᠰᠤᠨᠢᠷᠬᠠᠯ᠎ᠲᠠᠢ ᠰᠠᠨᠠᠭᠳᠠᠵᠠᠢ᠃ ᠲᠡᠷᠡ ᠡᠨᠡ ᠵᠢᠯ ᠪᠠᠰᠠ ᠡᠢᠮᠦᠷᠬᠦᠦ ᠦᠵᠡᠭᠳᠡᠯ ᠭᠠᠷᠳᠠᠭ ᠪᠤᠯᠪᠠᠤ ᠬᠡᠮᠡᠨ ᠬᠥᠭᠰᠡᠨ ᠬᠦᠯᠢᠶᠡᠵᠦ ᠪᠠᠢᠯ᠎ᠠ᠃
ᠴᠠᠭᠠᠨᠨᠠᠭᠤᠷᠵᠢᠡᠨ ᠴᠠᠭᠳᠠᠵᠤ ᠬᠠᠮᠠᠭᠠᠯᠠᠨ᠎ᠠ — ᠬᠤᠶᠠᠷ ᠠᠵᠢᠯᠴᠢᠨ᠎ᠤ ᠭᠤᠶᠠᠴᠢ ᠦᠭᠡᠢ ᠰᠡᠳᠬᠢᠯ
ᠯᠢ ᠱᠦ᠍ ᠸᠸᠨ ᠡᠨᠡ ᠵᠢᠯ ᠵᠢᠷᠠᠨ ᠨᠠᠰᠤ᠎ᠵᠢ ᠵᠤᠭᠤᠭᠯᠠᠵᠤ ᠶᠠᠪᠤᠭ᠎ᠠ᠂ ᠲᠡᠷᠡ ᠪᠤᠯ ᠱᠠᠩᠳᠤ᠎ᠵᠢᠨ ᠴᠠᠭᠠᠨᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ 22 ᠲᠤᠭᠤᠷᠢᠨ ᠬᠠᠮᠠᠭᠠᠯᠠᠭᠴᠢ᠎ᠵᠢᠨ ᠨᠢᠭᠡ᠂ ᠡᠨᠡᠬᠦ ᠠᠵᠢᠯ᠎ᠢ ᠬᠠᠷᠢᠭᠤᠴᠠᠭᠠᠳ ᠳᠦᠷᠪᠡᠨ ᠵᠢᠯ᠎ᠤᠨ ᠨᠢᠭᠤᠷ᠎ᠢ ᠦᠵᠡᠬᠦ ᠭᠡᠵᠦ ᠪᠠᠢᠭ᠎ᠠ ᠠᠵᠢ᠃ ᠲᠡᠭᠦᠨ᠎ᠤ ᠵᠢᠯ᠎ᠤᠨ ᠳᠦᠷᠪᠡᠨ ᠤᠯᠠᠷᠢᠯ᠎ᠳᠦ ᠴᠡᠪᠡᠷᠯᠡᠭᠴᠢ᠎ᠵᠢᠨ ᠰᠢᠷ᠎ᠠ ᠬᠤᠪᠴᠠᠰᠤ᠎ᠪᠡᠨ ᠡᠮᠦᠰᠴᠦ᠂ ᠪᠠᠭᠠᠵᠢ᠎ᠪᠡᠨ ᠳᠡᠭᠦᠵᠢᠯᠡᠭᠰᠡᠭᠡᠷ ᠶᠠᠪᠤᠭ᠎ᠠ ᠪᠠᠷ᠎ᠠ ᠨᠢ ᠴᠠᠭᠠᠨᠨᠠᠭᠤᠷ᠎ᠤᠨ ᠨᠤᠭᠤ ᠭᠠᠵᠠᠷ᠎ᠤᠨ ᠴᠡᠴᠡᠷᠯᠢᠭ᠎ᠤᠨ ᠪᠠᠰᠠ ᠨᠢᠭᠡᠨ ᠦᠵᠡᠮᠵᠢ ᠪᠤᠯᠵᠠᠢ᠃

ᠡᠳᠦᠷ᠎ᠲᠦ 3 ᠺᠢᠯᠤᠮᠸᠲᠷ ᠵᠠᠢ ᠲᠠᠢ ᠭᠠᠰᠢᠭᠤᠨ ᠤᠰᠦ᠍ ᠲᠤᠰᠬᠤᠨ᠎ᠡᠴᠡ ᠨᠠᠭᠤᠷ᠎ᠤᠨ ᠬᠥᠪᠡᠭᠡᠨ᠎ᠳᠦ ᠢᠷᠡᠵᠦ᠂ ᠭᠠᠯ᠎ᠤᠨ ᠠᠶᠤᠯ ᠭᠠᠷᠬᠤ ᠳᠦᠭᠰᠢᠭᠦᠷᠢ ᠪᠠᠢᠬᠤ ᠡᠰᠡᠬᠦ᠎ᠵᠢ ᠴᠠᠭᠳᠠᠨ ᠪᠠᠢᠴᠠᠭᠠᠬᠤ᠂ ᠠᠷᠢᠭᠤᠨ ᠴᠡᠪᠡᠷ᠎ᠢ ᠪᠠᠲᠤᠯᠠᠬᠤ᠂ ᠵᠢᠭᠤᠯᠴᠢᠯᠠᠭᠰᠠᠳ᠎ᠲᠦ ᠭᠠᠯ᠎ᠤᠨ ᠠᠶᠤᠯ᠎ᠡᠴᠡ ᠰᠡᠷᠭᠡᠢᠯᠡᠬᠦ᠂ ᠬᠤᠭ ᠨᠤᠪᠰᠢ᠎ᠪᠡᠨ ᠳᠤᠷᠠᠪᠡᠷ ᠬᠠᠶᠠᠵᠤ ᠪᠤᠯᠬᠤ ᠦᠭᠡᠢ ᠲᠤᠬᠠᠢ ᠰᠡᠷᠡᠮᠵᠢᠯᠡᠭᠦᠯᠬᠦ ᠪᠤᠯ ᠲᠡᠭᠦᠨ᠎ᠤ ᠡᠳᠦᠷ ᠲᠤᠳᠤᠮ᠎ᠤᠨ ᠬᠠᠷᠢᠭᠤᠴᠠᠵᠤ ᠪᠠᠢᠭ᠎ᠠ ᠠᠵᠢᠯ ᠪᠢᠯᠡ᠃ ᠲᠡᠭᠦᠨ᠎ᠤ ᠡᠷᠭᠢᠴᠡᠭᠦᠯᠦᠯᠵᠢᠡᠷ ᠡᠨᠳᠡᠬᠢ ᠨᠠᠭᠤᠷ᠎ᠤᠨ ᠤᠰᠤ ᠬᠤᠵᠢᠷᠰᠢᠬᠰᠠᠨ ᠦᠶ᠎ᠡ᠎ᠳᠦ ᠰᠢᠪᠠᠭᠤᠨ᠎ᠤ ᠪᠠᠷ᠎ᠠ᠎ᠵᠢ ᠪᠦᠦ ᠬᠡᠯᠡ᠂ ᠬᠦᠮᠦᠨ᠎ᠤ ᠪᠠᠷᠠᠴᠤ ᠴᠥᠬᠡᠨ ᠪᠠᠢᠭᠰᠠᠨ᠃ ᠰᠠᠯᠬᠢ ᠰᠢᠷᠤᠢ ᠲᠡᠭᠳᠡᠬᠦ ᠦᠶ᠎ᠡ᠎ᠳᠦ ᠨᠢᠳᠦ᠎ᠪᠡᠨ ᠨᠡᠭᠡᠭᠡᠬᠦᠵᠢᠨᠴᠤ ᠠᠷᠭ᠎ᠠ ᠦᠭᠡᠢ᠂ ᠭᠡᠷ᠎ᠲᠡᠭᠡᠨ ᠬᠠᠷᠢᠬᠤ᠎ᠳᠦ ᠨᠢᠭᠤᠷ ᠴᠢᠬᠢ ᠪᠦᠷ ᠴᠠᠭᠠᠷᠠᠭᠰᠠᠨ ᠪᠠᠢᠳᠠᠭ ᠭᠡᠨ᠎ᠡ᠃
— ᠠᠮᠢᠳᠤᠷᠠᠯ᠎ᠤᠨ ᠡᠷᠬᠡ᠎ᠪᠡᠷ ᠤᠯᠠᠨ ᠠᠵᠢᠯ ᠬᠢᠵᠦ ᠂ ᠥᠲᠡᠯᠬᠦ ᠵᠢᠨ ᠦᠵᠦᠭᠦᠷ᠎ᠲᠦ ᠪᠡᠶ᠎ᠡ᠎ᠳᠡᠭᠡᠨ ᠠᠮᠠᠷ ᠠᠵᠢᠯ ᠬᠢᠬᠦ ᠪᠤᠳᠤᠯ ᠶᠡᠷᠦ᠎ᠡᠴᠡ᠎ᠪᠡᠨ ᠯᠠ ᠪᠠᠢᠭᠰᠠᠨ᠃ 2023 ᠤᠨ᠎ᠳᠦ ᠴᠡᠴᠡᠷᠯᠢᠭ ᠠᠰᠢᠭᠯᠠᠯᠲᠠ᠎ᠳᠦ ᠤᠷᠤᠬᠤ᠎ᠳᠦ ᠴᠡᠪᠡᠷᠯᠡᠭᠴᠢ ᠡᠯᠰᠡᠵᠦ ᠪᠠᠢᠬᠤ ᠴᠢᠮᠡᠭᠡ᠎ᠪᠡᠷ ᠲᠤᠷᠰᠢᠵᠤ ᠦᠵᠡᠬᠦ ᠪᠤᠳᠤᠯ ᠲᠠᠢ ᠢᠷᠡᠵᠤ ᠠᠵᠢᠯᠯᠠᠭᠰᠠᠨ ᠪᠢᠯᠡ᠃ ᠬᠥᠨᠳᠥ ᠭᠡᠴᠡᠭᠦᠦ ᠠᠵᠢᠯ ᠬᠢᠵᠦ ᠶᠠᠪᠤᠭᠰᠠᠨ ᠥᠩᠭᠡᠷᠡᠭᠰᠡᠨ᠎ᠤ ᠬᠠᠳᠠᠭᠤ ᠡᠳᠦᠷ ᠬᠤᠨᠤᠭ᠎ᠤᠳ ᠵᠢᠡᠨ ᠪᠤᠳᠤᠬᠤ᠎ᠳᠦ ᠰᠡᠳᠬᠢᠯ ᠬᠦᠨᠳᠦᠷᠡᠳᠡᠭ ᠴᠸ᠋ ᠠᠮᠢᠯᠠᠨ ᠰᠡᠷᠭᠦᠵᠦ ᠪᠠᠢᠭ᠎ᠠ ᠨᠠᠭᠤᠷᠵᠢᠡᠨ ᠦᠵᠡᠬᠦ ᠪᠠᠷ ᠯᠡ ᠰᠡᠳᠬᠢᠯ ᠰᠡᠷᠭᠦᠳᠡᠭ ᠰᠢᠦ ᠬᠡᠮᠡᠨ ᠲᠡᠷᠡ ᠰᠡᠳᠬᠢᠯ ᠬᠠᠩᠬᠤᠯᠤᠭᠤᠨ ᠶᠠᠷᠢᠵᠤ ᠪᠠᠢᠯ᠎ᠠ᠃
ᠯᠢ ᠱᠦ᠍ ᠸᠸᠨ ᠡᠬᠡᠨᠡᠷ ᠲᠠᠢ᠎ᠪᠡᠨ ᠴᠦᠮ ᠥᠨᠳᠥᠷ ᠳᠤᠮᠳᠠᠳᠤᠲᠡᠭᠦᠰᠴᠡᠢ᠂ ᠮᠡᠳᠡᠯᠭᠡ᠎ᠵᠢᠨ ᠬᠡᠮᠵᠢᠶᠡᠨ᠎ᠳᠡᠭᠡᠨ ᠲᠦᠰᠢᠭᠯᠡᠨ 2000 – 2017 ᠤᠨ ᠬᠦᠷᠲᠡᠯ᠎ᠡ ᠰᠤᠷᠭᠠᠭᠤᠯᠢ᠎ᠵᠢᠨ ᠨᠠᠰᠤᠨ᠎ᠡᠴᠡ ᠡᠮᠦᠨᠡᠬᠢ ᠨᠠᠰᠤᠨ᠎ᠤ ᠬᠡᠦᠬᠡᠳ᠎ᠤᠨ ᠴᠡᠴᠡᠷᠯᠢᠭ ᠪᠠᠢᠭᠤᠯᠤᠭᠰᠠᠨ ᠥᠩᠭᠡᠷᠡᠯᠲᠡ ᠲᠠᠢ᠃ ᠭᠡᠬᠦ᠎ᠳᠡᠭᠡᠨ ᠰᠡᠭᠦᠯ᠎ᠤᠨ ᠦᠶ᠎ᠡ᠎ᠳᠦ ᠬᠡᠦᠬᠡᠳ᠎ᠤᠨ ᠴᠡᠴᠡᠷᠯᠢᠭ ᠪᠠᠢᠭᠤᠯᠬᠤ ᠨᠥᠬᠥᠴᠡᠯ ᠴᠢᠩᠭ᠎ᠠ᠂ᠬᠡᠦᠬᠡᠳ᠎ᠤᠨ ᠴᠡᠴᠡᠷᠯᠢᠭ᠎ᠲᠦ ᠰᠠᠭᠤᠬᠤ ᠬᠡᠦᠬᠡᠳ ᠴᠥᠭᠡᠷᠡᠭᠰᠡᠨ ᠵᠡᠷᠭᠡ ᠡᠯ᠎ᠡ ᠵᠦᠢᠯ᠎ᠤᠨ ᠰᠢᠯᠲᠠᠭᠠᠨ᠎ᠡᠴᠡ ᠪᠤᠯᠵᠤ ᠬᠡᠦᠬᠡᠳ᠎ᠤᠨ ᠴᠡᠴᠡᠷᠯᠢᠭᠵᠢᠡᠨ ᠠᠷᠭ᠎ᠠ ᠪᠤᠰᠤ ᠬᠠᠭᠠᠭᠰᠠᠨ ᠭᠡᠳᠡᠭ᠃ ᠰᠤᠷᠭᠠᠭᠤᠯᠢ᠎ᠳᠦ ᠰᠠᠭᠤᠬᠤ ᠬᠡᠦᠬᠡᠳ ᠴᠥᠭᠡᠷᠡᠭᠰᠡᠨ ᠲᠤᠬᠠᠢ᠎ᠪᠡᠨ ᠶᠡᠷᠢᠬᠤ᠎ᠳᠠᠭᠠᠨ ᠲᠡᠷᠡ᠄《ᠲᠤᠰᠬᠤᠨ᠎ᠤ ᠪᠠᠢᠩᠭᠤ ᠰᠠᠭᠤᠭ᠎ᠠ ᠬᠦᠮᠦᠨ ᠠᠮᠠ ᠴᠥᠬᠡᠨ᠂ ᠨᠥᠬᠥᠴᠡᠯ ᠲᠠᠢ ᠪᠤᠯ ᠬᠡᠦᠬᠡᠳᠵᠢᠡᠨ ᠭᠠᠳᠠᠭᠰᠢ ᠰᠤᠷᠭᠠᠭᠤᠯᠢ᠎ᠳᠦ ᠶᠠᠪᠤᠭᠤᠯᠬᠤ ᠨᠢ ᠤᠯᠠᠰᠢᠷᠠᠭᠰᠠᠨ》ᠭᠡᠵᠦ ᠪᠠᠢᠯ᠎ᠠ᠃ ᠯᠢ ᠱᠦ᠍ ᠸᠸᠨ᠄《ᠨᠠᠰᠤᠨ᠎ᠤ ᠨᠠᠮᠤᠷ ᠢᠷᠡᠬᠦ ᠦᠶ᠎ᠡ᠎ᠪᠡᠷ ᠡᠬᠡᠨᠡᠷ ᠲᠠᠢ᠎ᠪᠡᠨ ᠨᠤᠲᠤᠭ ᠤᠰᠤ᠎ᠪᠡᠨ ᠪᠥᠲᠥᠭᠡᠨ ᠪᠠᠢᠭᠤᠯᠬᠤ ᠠᠵᠢᠯ᠎ᠳᠦ ᠤᠷᠤᠯᠴᠠᠬᠤ᠎ᠵᠢᠨ ᠳᠠᠭᠠᠤ ᠬᠥᠯᠥᠰᠥ ᠤᠯᠭᠤᠮᠵᠢ ᠤᠯᠬᠤ ᠨᠢ ᠡᠩ ᠦᠭᠡᠢ ᠶᠡᠬᠡ ᠵᠢᠷᠭᠠᠯ ᠡ》 ᠭᠡᠮᠡᠨ ᠬᠡᠯᠡᠵᠦ ᠪᠠᠢᠯ᠎ᠠ᠃
ᠵᠠᠩ ᠶᠦᠨ ᠰᠢᠶᠠᠩ ᠪᠤᠯ《ᠤᠰᠤᠨ ᠠᠰᠢᠭ᠍ᠯᠠᠯᠲᠠ᠎ᠶᠢᠨ ᠥᠭᠡᠷᠡᠴᠢᠯᠡᠯᠲᠡ》ᠵᠢ ᠥᠪᠡᠷ᠎ᠤᠨ ᠲᠠᠷᠢᠶᠠᠨ᠎ᠳᠠᠭᠠᠨ ᠪᠡᠶᠡᠯᠡᠭᠦᠯᠦᠭᠰᠡᠨ ᠭᠠᠰᠢᠭᠤᠨ ᠤᠰᠤ ᠲᠤᠰᠬᠤᠨ᠎ᠤ ᠲᠠᠷᠢᠶᠠᠴᠢᠨ᠂ ᠱᠠᠩᠳᠤ᠎ᠵᠢᠨ ᠴᠠᠭᠠᠨᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠴᠡᠪᠡᠷᠯᠡᠭᠴᠢ᠎ᠵᠢᠨ ᠠᠵᠢᠯ᠎ᠢ ᠬᠠᠷᠢᠭᠤᠴᠠᠵᠤ ᠪᠠᠢᠭ᠎ᠠ ᠠᠵᠢᠯᠴᠢᠨ᠃
ᠱᠠᠩᠳᠤ ᠰᠢᠶᠠᠨ ᠤᠳᠤᠬᠠᠨ᠎ᠳᠦ 14.3 ᠲᠦᠮᠡᠨ ᠮᠦ᠍ᠵᠢᠨ《ᠤᠰᠤᠨ ᠠᠰᠢᠭ᠍ᠯᠠᠯᠲᠠ᠎ᠶᠢᠨ ᠥᠭᠡᠷᠡᠴᠢᠯᠡᠯᠲᠡ》ᠵᠢ ᠪᠡᠶᠡᠯᠡᠭᠦᠯᠵᠠᠢ᠃ ᠬᠠᠵᠠᠭᠤ ᠬᠠᠪᠢ᠎ᠳᠡᠬᠢ ᠲᠤᠰᠬᠤᠨ᠎ᠤ ᠠᠷᠠᠳᠵᠢᠡᠨ ᠳᠠᠢᠴᠢᠯᠠᠨ ᠴᠠᠭᠠᠨᠨᠠᠭᠤᠷ᠎ᠤᠨ ᠤᠰᠤ᠎ᠵᠢ ᠶᠡᠬᠡᠪᠡᠷ ᠬᠣᠷᠣᠭᠳᠠᠭᠤᠯᠬᠤ ᠲᠠᠷᠢᠮᠠᠯ᠎ᠢ 20 ᠲᠦᠮᠡᠨ ᠮᠦ᠍ ᠪᠠᠭᠠᠰᠬᠠᠵᠤ᠂ ᠤᠰᠤ ᠪᠠᠭ᠎ᠠ ᠬᠣᠷᠣᠭᠳᠠᠭᠤᠯᠬᠤ ᠭᠠᠩ᠎ᠳᠤ ᠲᠡᠰᠪᠦᠷᠢᠲᠡᠢ ᠲᠠᠷᠢᠮᠠᠯ᠎ᠢ 24 ᠲᠦᠮᠡᠨ ᠮᠦ᠍ ᠥᠷᠭᠡᠳᠬᠡᠵᠦ᠂ ᠬᠠᠭᠤᠷᠠᠢ ᠲᠠᠷᠢᠶᠠᠯᠠᠩ᠎ᠢ 100 ᠲᠦᠮᠡᠨ ᠮᠦ᠍ ᠪᠤᠢᠵᠢᠭᠤᠯᠵᠠᠢ᠃ ᠡᠭᠦᠨ᠎ᠳᠦ ᠵᠠᠩ ᠶᠦᠨ ᠰᠢᠶᠠᠩ᠎ᠤᠨ ᠬᠢᠴᠤ ᠪᠠᠭᠲᠠᠭᠰᠠᠨ ᠪᠠᠢᠨ᠎ᠠ᠃ ᠲᠡᠷᠡ ᠪᠡᠷ ᠬᠤᠶᠠᠷ ᠬᠡᠦᠬᠡᠳ ᠲᠠᠢ᠂ ᠦᠬᠢᠨ ᠨᠢ ᠤᠷᠤᠨ᠎ᠤ ᠲᠥᠪ ᠬᠦᠬᠡᠬᠤᠲᠠ᠎ᠳᠦ ᠠᠵᠢᠯ ᠦᠢᠯᠡᠰᠵᠢᠡᠨ ᠪᠤᠰᠬᠠᠵᠤ᠂ ᠬᠦᠦ ᠨᠢ ᠲᠤᠬᠠᠢ᠎ᠵᠢᠨ ᠭᠠᠵᠠᠷ᠎ᠲᠠᠭᠠᠨ ᠰᠤᠷᠤᠯᠭ᠎ᠠ ᠰᠤᠶᠤᠯ᠎ᠤᠨ ᠮᠥᠷ ᠬᠥᠭᠡᠭᠡᠵᠦ ᠪᠠᠢᠭ᠎ᠠ ᠠᠵᠢ᠃
— ᠮᠠᠨ᠎ᠤ ᠬᠢ 100 ᠢᠯᠡᠭᠦᠦ ᠮᠦ᠍ ᠭᠠᠵᠠᠷ᠎ᠲᠠᠢ᠂ 2020 ᠤᠨ᠎ᠡᠴᠡ ᠬᠤᠢᠰᠢ ᠰᠢᠶᠠᠨ᠎ᠤ ᠲᠥᠷᠥ᠎ᠵᠢᠨ ᠪᠤᠳᠤᠯᠭ᠎ᠠ᠎ᠵᠢ ᠴᠤᠤᠷᠢᠶᠠᠳᠤᠨ ᠲᠠᠷᠢᠮᠠᠯ᠎ᠤᠨ ᠪᠥᠲᠥᠴᠡ᠎ᠳᠡᠭᠡᠨ ᠥᠭᠡᠷᠡᠴᠢᠯᠡᠯᠲᠡ ᠬᠢᠵᠡᠢ᠃ ᠤᠳᠤᠬᠠᠨ᠎ᠳᠦ ᠤᠰᠤᠨ᠎ᠤ ᠠᠰᠢᠭᠯᠠᠯᠲᠠ᠎ᠪᠡᠷ ᠪᠠᠭ᠎ᠠ ᠪᠤᠭᠤᠳᠠᠢ ᠲᠠᠷᠢᠵᠤ ᠪᠠᠢᠭ᠎ᠠ ᠪᠢᠯᠡ᠃ ᠲᠤᠬᠠᠢ᠎ᠵᠢᠨ ᠦᠶ᠎ᠡ᠎ᠳᠦ ᠥᠭᠡᠷᠡᠴᠢᠯᠡᠯᠲᠡ᠎ᠵᠢᠨ ᠲᠤᠬᠠᠢ ᠪᠠᠭ᠎ᠠ ᠰᠠᠭ᠎ᠠ ᠤᠢᠯᠠᠭᠠᠯᠲᠠ ᠲᠠᠢ ᠪᠠᠢᠭᠰᠠᠨ᠂ ᠠᠮᠢ ᠠᠬᠤᠢ᠎ᠪᠡᠨ ᠰᠡᠷᠭᠦᠭᠡᠬᠦ᠎ᠵᠢᠨ ᠲᠥᠯᠥᠭᠡ ᠲᠤᠷᠰᠢᠵᠤ ᠦᠵᠡᠭᠰᠡᠨ ᠰᠢᠦ᠃ ᠥᠭᠡᠷᠡᠴᠢᠯᠡᠯᠲᠡ ᠬᠢᠬᠦ᠎ᠡᠴᠡ ᠡᠮᠦᠨ᠎ᠡ ᠨᠢᠭᠡ ᠮᠦ᠍᠎ᠳᠦ 200 ᠲᠥᠭᠥᠷᠢᠭ᠎ᠤᠨ ᠨᠥᠬᠥᠪᠥᠷᠢ ᠲᠠᠢ᠂ 135 ᠮᠦ᠍ ᠭᠠᠵᠠᠷ᠎ᠲᠠᠭᠠᠨ 27000 ᠲᠥᠭᠥᠷᠢᠭ᠎ᠤᠨ ᠤᠷᠤᠯᠭ᠎ᠠ ᠤᠯᠳᠠᠭ ᠪᠠᠢᠭᠰᠠᠨ᠃ ᠥᠭᠡᠷᠡᠴᠢᠯᠡᠯᠲᠡ ᠬᠢᠭᠰᠡᠨ᠎ᠤ ᠳᠠᠷᠠᠭ᠎ᠠ ᠨᠥᠬᠥᠪᠥᠷᠢ᠎ᠵᠢᠨ ᠲᠤᠭ᠎ᠠ ᠬᠤᠪᠢᠷᠠᠯᠲᠠ ᠦᠭᠡᠢ᠂ ᠡᠭᠦᠨ᠎ᠤ᠎ᠪᠡᠨ ᠳᠡᠭᠡᠷ᠎ᠡ᠎ᠪᠡᠨ ᠴᠡᠴᠡᠷᠯᠢᠭ ᠴᠡᠪᠡᠷᠯᠡᠬᠦ ᠠᠵᠢᠯᠬᠢᠵᠦ ᠲᠥᠮᠡᠨ ᠲᠥᠭᠥᠷᠢᠭ᠎ᠤᠨ ᠤᠷᠤᠯᠭ᠎ᠠ ᠢᠯᠡᠭᠦᠦ ᠤᠯᠬᠤ ᠪᠤᠯᠤᠭᠰᠠᠨ᠃ ᠡᠨᠡ ᠨᠢ ᠮᠠᠨ᠎ᠤ ᠭᠡᠷ᠎ᠤᠨ ᠳᠦᠷᠪᠡᠨ ᠬᠦᠮᠦᠨ᠎ᠳᠦ ᠪᠠᠭ᠎ᠠ ᠦᠭᠡᠢ ᠲᠤᠰᠠ ᠬᠦᠷᠭᠡᠭᠰᠡᠨ ᠭᠡᠵᠦ ᠲᠡᠷᠡ ᠮᠠᠰᠢ ᠬᠠᠨᠤᠮᠵᠢᠲᠠᠢ ᠶᠠᠷᠢᠵᠤ ᠪᠠᠢᠯ᠎ᠠ᠃
ᠴᠠᠭᠠᠨᠨᠠᠭᠤᠷ ᠢᠩᠭᠢᠵᠦ ᠯᠡ ᠨᠤᠲᠤᠭ᠎ᠤᠨ ᠲᠥᠮᠡᠨ᠎ᠳᠡᠭᠡᠨ ᠥᠭᠭᠥᠭᠡᠵᠢ ᠲᠠᠢ ᠵᠢᠷᠭᠠᠯ᠎ᠤᠨ ᠨᠠᠭᠤᠷ ᠪᠤᠯᠵᠤ ᠳᠦᠯᠭᠡᠨ ᠳᠤᠯᠭᠢᠶᠠᠯᠠᠭᠰᠠᠭᠠᠷ ᠁
ᠴᠠᠭᠠᠠᠨᠠᠭᠤᠷᠵᠢᠡᠨ ᠰᠡᠷᠭᠦᠭᠡᠵᠦ ᠰᠠᠢᠵᠢᠷᠠᠭᠤᠯᠤᠨ᠎ᠠ — ᠳ᠋ᠦᠩ ᠫᠸᠢ᠎ᠵᠢᠨ ᠠᠵᠢᠯ᠎ᠤᠨ ᠲᠡᠮᠡᠦᠯᠦᠯ
ᠱᠠᠩᠳᠤ᠎ᠵᠢᠨ ᠴᠠᠭᠠᠨᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠴᠠᠭᠳᠠᠨ ᠪᠠᠢᠴᠠᠭᠠᠬᠤ ᠲᠥᠪ᠎ᠤᠨ ᠠᠰᠠᠷ ᠴᠠᠭᠠᠨᠨᠠᠭᠤᠷ᠎ᠡᠴᠡ ᠲᠡᠮᠡᠢᠴᠤ ᠬᠤᠯᠠ ᠦᠭᠡᠢ ᠪᠠᠢᠷᠢᠯᠠᠨ᠎ᠠ᠃ ᠴᠠᠭᠳᠠᠨ ᠪᠠᠢᠴᠠᠭᠠᠬᠤ ᠲᠥᠪ᠎ᠤᠨ ᠨᠢᠭᠡᠳᠦᠭᠡᠷ ᠳᠠᠪᠬᠤᠷᠭ᠎ᠠ᠎ᠳᠦ ᠳ᠋ᠦᠩ ᠫᠸᠢ ᠠᠯᠪᠠᠨ ᠮᠠᠲᠸᠷᠢᠶᠠᠯ ᠡᠷᠭᠢᠭᠦᠯᠦᠨ᠂ ᠤᠳᠠᠰᠤ᠎ᠪᠡᠨ ᠲᠤᠰ᠎ᠤᠨ ᠶᠠᠭᠠᠷᠠᠵᠤ ᠯᠠ ᠪᠠᠢᠯ᠎ᠠ᠃ ᠠᠯᠪᠠᠨ ᠭᠡᠷ᠎ᠤᠨ ᠬᠢᠨᠢ ᠴᠤᠩᠬᠤᠨᠤ ᠬᠠᠵᠠᠭᠤ᠎ᠳᠦ ᠲᠠᠯᠪᠢᠭᠠᠰᠤᠳᠠᠢ ᠲᠤᠮᠤ ᠳᠤᠷᠠᠨᠵᠢᠡᠷ ᠭᠠᠳᠠᠭᠰᠢ ᠬᠠᠷᠠᠪᠠᠯ ᠨᠠᠭᠤᠷ᠎ᠤᠨ ᠳᠡᠭᠡᠭᠦᠷ ᠬᠠᠯᠢᠨ ᠨᠢᠰᠬᠦ ᠰᠢᠪᠠᠭᠤᠳ᠎ᠤᠨ ᠪᠠᠷ᠎ᠠ ᠳᠤᠪ ᠲᠤᠳᠤᠬᠠᠨ᠃

ᠳ᠋ᠦᠩ ᠫᠸᠢ 2022 ᠣᠨ᠎ᠤ ᠪᠦᠬᠦ ᠤᠯᠤᠰ᠎ᠤᠨ 《ᠬᠠᠮᠤᠭ᠎ᠤᠨ ᠭᠤᠶᠤ ᠴᠡᠷᠢᠭ᠎ᠦᠨ ᠠᠯᠪᠠ᠎ᠠᠴᠠ ᠬᠠᠯᠠᠭᠳᠠᠭᠰᠠᠳ》᠂ ᠪᠦᠬᠦ ᠤᠯᠤᠰ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠲᠠᠢᠯᠠᠯᠳᠤᠭᠠᠨ᠎ᠤ ᠲᠡᠷᠢᠭᠦᠨ᠎ᠦ ᠬᠤᠪᠢ ᠬᠥᠮᠥᠨ᠂ ᠥᠪᠡᠷᠲᠡᠭᠡᠨ ᠵᠠᠰᠠᠬᠤ ᠣᠷᠣᠨ᠎ᠤ ᠲᠡᠷᠢᠭᠦᠨ᠎ᠦ ᠠᠵᠢᠯᠲᠠᠨ᠎ᠤ ᠴᠤᠯᠠ ᠲᠠᠢ᠃ ᠬᠠᠷᠢᠨ ᠡᠳᠡᠭᠡᠷ ᠴᠤᠯᠠ᠎ᠡᠴᠡ ᠢᠯᠡᠭᠦᠦ ᠲᠠᠢ ᠱᠠᠩᠳᠤ᠎ᠵᠢᠨ ᠴᠠᠭᠠᠨᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠡᠷᠬᠢᠯᠡᠭᠴᠢ᠎ᠵᠢᠨ ᠬᠠᠷᠢᠭᠤᠴᠠᠯᠭ᠎ᠠ ᠲᠡᠭᠦᠨ᠎ᠳᠦ ᠨᠡᠩ ᠢᠯᠡᠭᠦᠦ ᠢᠷᠠᠭᠤ ᠠᠯᠳᠠᠷ ᠲᠠᠢ ᠰᠠᠨᠠᠭᠳᠠᠳᠠᠭ ᠪᠠᠢᠵᠠᠢ᠃ ᠲᠡᠷᠡ ᠬᠡᠳᠦᠢᠪᠡᠷ ᠡᠨᠳᠡᠬᠢ ᠠᠵᠢᠯ᠎ᠤᠨ ᠡᠭᠦᠷᠭᠡ᠎ᠵᠢ ᠬᠠᠷᠢᠭᠤᠴᠠᠭᠠᠳ ᠰᠠᠶᠢ ᠨᠢᠭᠡ ᠵᠢᠯ᠎ᠤᠨ ᠨᠢᠭᠤᠷ᠎ᠢ ᠦᠵᠡᠵᠦ ᠪᠠᠢᠭ᠎ᠠ ᠪᠤᠯᠪᠠᠴᠤ ᠴᠠᠭᠠᠨᠨᠠᠭᠤᠷ᠎ᠤᠨ ᠰᠢᠰᠲᠧᠮᠲᠦ ᠴᠢᠨᠠᠷᠲᠠᠢ ᠠᠮᠢ ᠠᠬᠤᠢ᠎ᠶᠢᠨ ᠰᠡᠷᠭᠦᠭᠡᠯᠲᠡ᠎ᠶᠢ ᠲᠦᠷᠦᠭᠦᠯᠡᠨ ᠨᠠᠢᠳᠠᠪᠤᠷᠢᠵᠢᠭᠤᠯᠵᠤ᠂ ᠲᠣᠣᠷᠯᠠᠵᠤ ᠪᠢᠲᠡᠭᠦᠮᠵᠢᠯᠡᠨ ᠪᠣᠢᠵᠢᠭᠤᠯᠬᠤ᠂ ᠬᠤᠵᠢᠷᠯᠢᠭ᠋ ᠭᠠᠵᠠᠷ᠎ᠤᠨ ᠤᠷᠭᠤᠮᠠᠯ᠎ᠤᠨ ᠪᠦᠷᠬᠦᠴᠡ᠎ᠶᠢ ᠰᠡᠷᠭᠦᠭᠡᠬᠦ᠂ ᠠᠮᠢ ᠠᠬᠤᠢ᠎ᠶᠢᠨ ᠤᠰᠤ ᠨᠥᠬᠥᠪᠦᠷᠢᠯᠡᠬᠦ ᠵᠡᠷᠭᠡ ᠢᠨᠵᠧᠨᠧᠷᠢᠩ᠎ᠢ ᠠᠬᠢᠭᠤᠯᠬᠤ ᠠᠵᠢᠯ᠎ᠳᠦ ᠭᠠᠷᠮᠠᠭᠠᠢᠯᠠᠨ ᠵᠢᠳᠬᠦᠭᠰᠡᠨ ᠪᠢᠯᠡ᠃
— ᠴᠠᠭᠠᠨᠨᠠᠭᠤᠷ᠎ᠤᠨ ᠨᠤᠭᠤ ᠭᠠᠵᠠᠷ ᠨᠢ ᠬᠣᠶᠠᠷ ᠮᠤᠵᠢ ᠣᠷᠣᠨ᠂ ᠭᠤᠷᠪᠠᠨ ᠠᠢᠮᠠᠭ ᠬᠣᠲᠠ᠂ ᠶᠢᠰᠦᠨ ᠬᠣᠰᠢᠭᠤ ᠰᠢᠶᠠᠨ᠎ᠳᠤ ᠬᠣᠯᠪᠣᠭᠳᠠᠨ᠎ᠠ᠃ ᠪᠢᠳᠡ ᠾᠧᠪᠧᠢ ᠮᠤᠵᠢ᠎ᠶᠢᠨ ᠱᠠᠩ ᠢ ᠰᠢᠶᠠᠨ᠎ᠲᠠᠢ ᠠᠵᠢᠯ᠎ᠤᠨ ᠬᠠᠷᠢᠯᠴᠠᠭ᠎ᠠ ᠬᠤᠯᠪᠤᠭ᠎ᠠ᠎ᠪᠡᠷ ᠮᠠᠰᠢ ᠨᠢᠭᠲᠠ᠃ ᠰᠠᠶᠢ ᠪᠠᠰᠠ ᠤᠳᠠᠰᠤ ᠢᠷᠡᠭᠡᠳ ᠤᠰᠤᠨ ᠠᠰᠢᠭ᠍ᠯᠠᠯᠲᠠ᠂ ᠲᠠᠷᠢᠶᠠᠯᠠᠩ ᠮᠠᠯ ᠠᠵᠤ ᠠᠬᠤᠢ᠂ ᠴᠠᠭ ᠠᠭᠤᠷ ᠵᠡᠷᠭᠡ 7 ᠲᠠᠯ᠎ᠠ᠎ᠶᠢᠨ ᠣᠷᠣᠨ ᠪᠦᠰᠡ ᠠᠯᠤᠰᠯᠠᠭᠰᠠᠨ 17 ᠵᠦᠢᠯ᠎ᠦᠨ ᠬᠠᠮᠲᠤᠷᠠᠯᠴᠠᠭᠠᠨ᠎ᠤ ᠵᠦᠢᠯᠡᠰ᠎ᠤᠨ ᠲᠤᠬᠠᠢ ᠶᠠᠷᠢᠯᠴᠠᠭᠰᠠᠠ᠂ ᠤᠳᠤ ᠤᠳᠠᠬᠤ ᠦᠭᠡᠢ ᠪᠠᠰᠠ ᠤᠬᠠᠭᠤᠯᠭ᠎ᠠ ᠰᠤᠷᠲᠠᠯᠴᠢᠯᠠᠭ᠎ᠠ᠎ᠵᠢᠨ ᠠᠵᠢᠯ ᠥᠷᠨᠢᠭᠦᠯᠬᠦ᠎ᠪᠡᠷ ᠪᠤᠢ᠃
ᠴᠡᠷᠢᠭ ᠬᠦᠮᠦᠨ᠎ᠤ ᠲᠥᠪ ᠬᠢᠴᠢᠶᠡᠩᠭᠦᠢ᠂ ᠨᠠᠷᠢᠨ ᠬᠢᠨᠠᠮᠠᠭᠠᠢ ᠳᠦᠷᠢ ᠪᠠᠢᠳᠠᠯ ᠲᠡᠭᠦᠨ᠎ᠤ ᠠᠯᠬᠤᠵᠤ ᠬᠢᠰᠬᠢᠬᠦ᠂ ᠶᠠᠷᠢᠬᠤ ᠶᠠᠷᠢᠶᠠᠨ᠎ᠡᠴᠡ ᠨᠢ ᠬᠦᠷᠲᠡᠯ᠎ᠡ ᠮᠡᠳᠡᠷᠡᠭᠳᠡᠨ᠎ᠡ᠃ ᠡᠢᠨᠬᠦ ᠴᠠᠭᠠᠨᠨᠠᠭᠤᠷ᠎ᠤᠨ ᠠᠵᠢᠯ᠎ᠤᠨ ᠵᠤᠬᠢᠶᠠᠨ ᠪᠠᠢᠭᠤᠯᠤᠯᠲᠠ᠎ᠵᠢ ᠠᠯᠠᠭᠠᠨ᠎ᠤ᠎ᠪᠡᠨ ᠵᠢᠷᠤᠭᠠᠰᠦ ᠰᠢᠭ᠋ᠵᠢᠡᠨ ᠠᠨᠳᠠᠬᠤ ᠦᠭᠡᠢ ᠮᠡᠳᠡᠳᠡᠭ ᠨᠢ ᠲᠡᠭᠦᠨ᠎ᠤ ᠤᠳᠠᠭᠠᠨ ᠵᠢᠯ ᠦᠨᠳᠦᠰᠦᠨ ᠱᠠᠲᠤᠨ᠎ᠤ ᠠᠵᠢᠯ᠎ᠳᠦ ᠭᠦᠨᠵᠡᠭᠡᠢᠷᠡᠭᠰᠡᠨ᠎ᠳᠦ ᠪᠤᠢ᠃
ᠲᠡᠷᠡ ᠪᠡᠷ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠬᠤᠭᠤᠴᠠᠭᠠᠨ᠎ᠳᠤ ᠮᠠᠨᠢ᠎ᠵᠢᠨ ᠬᠤᠩᠬᠤᠷ ᠲᠣᠰᠬᠣᠨ᠎ᠤ ᠨᠢᠭᠡᠳᠦᠭᠡᠷ ᠱᠦᠵᠢ᠎ᠶᠢᠨ ᠲᠤᠰᠢᠶᠠᠯ᠎ᠢ ᠡᠭᠦᠷᠭᠡᠯᠡᠵᠦ᠂ ᠲᠤᠬᠠᠢ᠎ᠶᠢᠨ ᠭᠠᠵᠠᠷ᠎ᠤᠨ ᠬᠥᠷᠥᠰᠥ ᠰᠢᠷᠣᠢ᠎ᠶᠢᠨ ᠨᠥᠬᠥᠴᠡᠯ᠎ᠳᠦ ᠰᠠᠭᠤᠷᠢᠯᠠᠵᠤ᠂ ᠬᠦᠢᠲᠡᠨ ᠰᠡᠷᠢᠭᠦᠨ ᠤᠷᠤᠨ᠎ᠤ ᠢᠳᠡᠰᠢᠨ ᠨᠣᠭᠣᠭ᠎ᠠ᠎ᠶᠢᠨ ᠵᠠᠬᠢᠶᠠᠯᠠᠭ᠎ᠠ᠎ᠶᠢᠨ ᠠᠵᠤ ᠦᠢᠯᠡᠰ᠎ᠢ ᠶᠡᠬᠡᠪᠡᠷ ᠬᠥᠭᠵᠢᠭᠦᠯᠵᠦ᠂ ᠢᠳᠡᠰᠢᠨ ᠨᠣᠭᠣᠭ᠎ᠠ᠎ᠶᠢᠨ ᠬᠦᠯᠡᠮᠵᠢ ᠪᠣᠯᠣᠨ ᠲᠥᠮᠥᠰᠥ ᠬᠠᠳᠠᠭᠠᠯᠠᠬᠤ ᠵᠣᠭᠣᠷᠢ᠎ᠶᠢ ᠪᠠᠢᠭᠤᠯᠵᠠᠢ᠃ ᠵᠠᠮ᠂ ᠣᠷᠴᠢᠨ ᠲᠣᠭᠣᠷᠢᠨ᠎ᠤ ᠠᠷᠢᠭᠤᠨ ᠴᠡᠪᠡᠷ ᠵᠡᠷᠭᠡ ᠰᠠᠭᠤᠷᠢ ᠲᠦᠬᠦᠭᠡᠷᠦᠮᠵᠢ᠎ᠶᠢ ᠲᠡᠭᠦᠯᠳᠡᠷᠵᠢᠭᠦᠯᠵᠦ᠂ ᠨᠡᠶ᠋ᠢᠲᠡ᠎ᠶᠢᠨ ᠠᠰᠠᠷᠠᠮᠵᠢ᠎ᠶᠢᠨ ᠴᠢᠨᠠᠷᠲᠠᠢ ᠬᠡᠲᠦ ᠳᠡᠯᠭᠡᠭᠦᠷ᠎ᠢ ᠪᠠᠢᠭᠤᠯᠤᠨ᠂ ᠰᠠᠭᠤᠷᠢ ᠨᠥᠬᠥᠴᠡᠯ᠎ᠢ ᠨᠠᠢᠳᠠᠪᠤᠷᠢᠵᠢᠭᠤᠯᠬᠤ ᠡᠯ᠎ᠡ ᠵᠦᠢᠯ᠎ᠦᠨ ᠲᠥᠷᠥ᠎ᠶᠢᠨ ᠪᠣᠳᠣᠯᠭ᠎ᠠ᠎ᠶᠢ ᠰᠠᠢᠳᠤᠷ ᠬᠡᠷᠡᠭᠵᠢᠭᠦᠯᠦᠭᠰᠡᠨ ᠶᠤᠮ᠃
ᠡᠨᠳᠡ ᠠᠵᠢᠯᠯᠠᠭᠰᠠᠨ᠎ᠡᠴᠡ ᠬᠤᠢᠰᠢ ᠲᠠᠷᠠ ᠤᠷᠭᠤᠮᠠᠯ᠎ᠤᠨ ᠲᠥᠷᠥᠯ ᠵᠦᠢᠯ᠎ᠳᠦ ᠤᠨᠴᠠᠭᠠᠢ ᠠᠩᠬᠠᠷᠤᠯ᠎ᠵᠢᠡᠨ ᠲᠠᠯᠪᠢᠬᠤ ᠪᠤᠯᠵᠠᠢ᠃ ᠲᠡᠭᠦᠨ᠎ᠤ ᠦᠵᠡᠬᠦ᠎ᠪᠡᠷ ᠡᠨᠳᠡ ᠬᠤᠵᠢᠷᠯᠢᠭ ᠭᠠᠵᠠᠷ ᠲᠠᠷᠢᠬᠤ᠎ᠳᠦ ᠲᠤᠬᠢᠷᠠᠮᠵᠢᠲᠠᠢ ᠤᠷᠭᠤᠮᠠᠯ᠎ᠢ ᠲᠠᠷᠢᠬᠤ ᠨᠢ ᠮᠠᠰᠢ ᠴᠢᠬᠤᠯᠠ᠃ 2020 ᠣᠨ᠎ᠳᠤ ᠡᠨᠳᠡᠬᠢ ᠤᠷᠭᠤᠮᠠᠯ᠎ᠤᠨ ᠡᠬᠢ ᠪᠠᠶᠠᠯᠢᠭ᠋ ᠨᠡᠯᠢᠶᠡᠳ ᠳᠤᠲᠠᠮᠠᠭ᠂ ᠵᠥᠪᠬᠡᠨ 25 ᠰᠠᠯᠠᠭ᠎ᠠ᠂ 77 ᠵᠦᠢᠯ᠂ 99 ᠲᠦᠷᠦᠯ ᠪᠠᠢᠵᠠᠢ᠃ ᠣᠳᠣᠬᠠᠨ᠎ᠳᠤ ᠤᠷᠭᠤᠮᠠᠯ᠎ᠤᠨ ᠳᠦᠷᠥᠯ ᠨᠡᠮᠡᠭᠳᠡᠭᠡᠳ 41 ᠰᠠᠯᠠᠭ᠎ᠠ᠂ 99 ᠵᠦᠢᠯ᠂ 168 ᠲᠦᠷᠦᠯ ᠪᠣᠯᠤᠭᠰᠠᠨ᠃ ᠬᠤᠵᠢᠷᠯᠢᠭ᠋ ᠭᠠᠵᠠᠷ᠎ᠲᠤ ᠲᠡᠰᠪᠦᠷᠢᠲᠡᠢ ᠬᠢᠯᠭᠠᠨ᠎ᠠ᠂ ᠬᠢᠶᠠᠭ ᠡᠪᠡᠰᠦ᠂ ᠬᠤᠯᠤᠰᠤ ᠵᠡᠷᠭᠡ ᠡᠪᠡᠰᠦᠨ᠎ᠤ ᠬᠡᠮᠵᠢᠶ᠎ᠡ ᠨᠡᠮᠡᠭᠳᠡᠵᠦ᠂ ᠬᠡᠷᠡᠰᠦ ᠪᠠ ᠳᠡᠷᠡᠰᠦᠨᠤ ᠤᠷᠭᠤᠮᠠᠯ᠎ᠤᠨ ᠪᠦᠷᠬᠦᠴᠡ ᠨᠡᠯᠢᠶᠡᠳ ᠲᠣᠭᠲᠠᠭᠤᠨ ᠪᠤᠯᠵᠠᠢ᠃ ᠤᠨᠴᠠᠭᠠᠢᠯᠠᠨ ᠤᠯᠠᠷᠢᠯᠤᠨᠵᠢᠡᠨ ᠠᠶᠠᠰ᠎ᠢ ᠳᠠᠭᠠᠵᠤ ᠥᠩᠭᠡ ᠨᠢ ᠬᠤᠪᠢᠷᠠᠳᠠᠭ ᠬᠡᠷᠡᠰᠦ ᠡᠪᠡᠰᠦ ᠠᠷᠪᠢᠨ ᠤᠷᠭᠤᠬᠤ ᠪᠤᠯᠵᠠᠢ᠃ ᠨᠠᠭᠤᠷ᠎ᠤᠨ ᠬᠥᠪᠡᠭᠡ᠎ᠪᠡᠷ ᠤᠯᠠᠭᠠᠨ ᠥᠩᠭᠡ᠎ᠪᠡᠷ ᠭᠠᠩᠭᠠᠷᠠᠬᠤ ᠬᠡᠷᠡᠰᠦ ᠡᠪᠡᠰᠦ ᠶᠠᠭᠠᠬᠢᠬᠤ᠎ᠵᠢᠨ ᠠᠷᠭ᠎ᠠ ᠦᠭᠡᠢ ᠡᠭᠦᠨ᠎ᠢ ᠮᠡᠳᠡᠷᠡᠭᠦᠯᠦᠨ᠎ᠡ᠃
ᠳ᠋ᠦᠩ ᠫᠸᠢ᠎ᠵᠢᠨ ᠬᠡᠯᠡᠭᠰᠡᠨᠴᠢᠯᠡᠨ ᠴᠠᠭᠠᠨᠨᠠᠭᠤᠷ᠎ᠤᠨ ᠨᠤᠭᠤ ᠭᠠᠵᠠᠷ᠎ᠤᠨ ᠴᠡᠴᠡᠷᠯᠢᠭ᠎ᠤᠨ ᠤᠷᠭᠤᠮᠠᠯ᠎ᠤᠨ ᠲᠤᠭ᠎ᠠ ᠬᠡᠮᠵᠢᠶ᠎ᠡ ᠢᠯᠡᠳᠳᠡ ᠨᠡᠮᠡᠭᠳᠡᠭᠰᠡᠨ ᠨᠢ ᠲᠤᠭ᠎ᠠ ᠪᠠᠷᠢᠮᠲᠠ ᠲᠠᠢ ᠠᠵᠢ᠃ 2020 ᠣᠨ᠎ᠳᠤ ᠡᠨᠳᠡᠬᠢ ᠨᠤᠲᠤᠭ ᠪᠡᠯᠴᠢᠭᠡᠷ᠎ᠦᠨ ᠤᠷᠭᠤᠮᠠᠯ᠎ᠤᠨ ᠬᠤᠴᠢᠯᠭ᠎ᠠ᠎ᠶᠢᠨ ᠨᠤᠷᠮ᠎ᠠ ᠵᠥᠪᠬᠡᠨ 48.49% ᠪᠠᠢᠵᠤ᠂ 2025 ᠣᠨ ᠪᠤᠯᠬᠤ᠎ᠳᠤ 53.9% ᠪᠣᠯᠵᠤ ᠳᠡᠭᠡᠭᠰᠢᠯᠡᠵᠡᠢ᠃ ᠡᠳᠡᠭᠡᠷ ᠲᠤᠭ᠎ᠠ ᠪᠠᠷᠢᠮᠲᠠ᠎ᠵᠢ ᠲᠡᠮᠳᠡᠭᠯᠡᠭᠰᠡᠨ ᠲᠡᠮᠳᠡᠭᠯᠡᠯᠵᠢᠡᠨ ᠪᠢᠳᠡᠨ᠎ᠳᠦ ᠦᠵᠡᠭᠦᠯᠬᠦ᠎ᠳᠦ ᠳ᠋ᠦᠩ ᠫᠸᠢ᠎ᠵᠢᠨ ᠴᠢᠷᠠᠢ᠎ᠳᠦ ᠥᠪᠡᠷ᠎ᠤᠨ ᠡᠷᠬᠡ ᠦᠭᠡᠢ ᠵᠢᠷᠭᠠᠯ᠎ᠤᠨ ᠢᠨᠢᠶᠡᠳᠦ ᠳᠤᠳᠤᠷᠠᠵᠤ ᠪᠠᠢᠯ᠎ᠠ᠃
ᠴᠠᠭᠠᠨᠨᠠᠭᠤᠷ᠎ᠤᠨ ᠳᠡᠭᠡᠭᠦᠷ ᠳᠡᠭᠦᠯᠢᠨ ᠬᠠᠯᠢᠬᠤ ᠨᠡᠭᠦᠳᠡᠯ᠎ᠤᠨ ᠰᠢᠪᠠᠭᠤᠳ᠂ ᠨᠠᠮᠤᠷ᠎ᠤᠨ ᠳᠤᠮᠳᠠ ᠰᠠᠷ᠎ᠠ᠎ᠵᠢᠨ ᠥᠩᠭᠡ᠎ᠪᠡᠷ ᠤᠯᠠᠭᠠᠷᠠᠨ ᠭᠠᠩᠭᠠᠷᠠᠬᠤ ᠡᠪᠡᠰᠦᠨᠳᠤᠯᠤᠭᠠᠳ᠂ ᠬᠦᠴᠦᠲᠦ ᠵᠢᠭᠦᠷᠵᠢᠡᠨ ᠳᠡᠪᠢᠨ ᠱᠤᠩᠭᠤᠨ ᠳᠠᠭᠠᠷᠢᠬᠤ ᠲᠠᠯ᠎ᠠ᠎ᠵᠢᠨ ᠪᠦᠷᠭᠦᠳ᠂ ᠬᠤᠯᠠ᠎ᠡᠴᠡ ᠨᠡᠯᠦᠢᠨ ᠬᠠᠷᠠᠭᠳᠠᠬᠤ ᠲᠤᠩᠭᠠᠯᠠᠭ ᠤᠰᠤ ᠪᠦᠭᠦᠳᠡ ᠪᠠᠢᠭᠠᠯᠢ ᠠᠬᠤᠢ᠎ᠵᠢᠨ ᠡᠶ᠎ᠡ ᠵᠤᠬᠢᠴᠠᠯ᠎ᠢ ᠪᠦᠷᠢᠨ ᠬᠠᠷᠠᠭᠤᠯᠤᠨ᠎ᠠ᠃ᠲᠡᠭᠷᠢ ᠨᠢ ᠴᠡᠯᠮᠡᠭ᠂ ᠤᠰᠤ ᠨᠢ ᠲᠤᠩᠭᠠᠯᠠᠭ᠂ ᠲᠠᠯ᠎ᠠ ᠨᠢ ᠨᠤᠭᠤᠭᠠᠨ ᠦᠵᠡᠮᠵᠢ ᠪᠦᠷᠢᠳᠦᠭᠰᠡᠨ ᠳᠠᠷᠬᠠᠨ ᠰᠠᠢᠬᠠᠨ ᠤᠷᠤᠨ ᠵᠢᠡᠨ ᠬᠠᠮᠠᠭᠠᠯᠠᠬᠤ᠎ᠵᠢᠨ ᠬᠠᠮᠲᠤ ᠴᠤᠭᠴᠠᠯᠠᠨ ᠪᠠᠢᠭᠤᠯᠵᠤ ᠶᠠᠪᠤᠭ᠎ᠠ ᠴᠠᠭᠠᠨᠨᠠᠭᠤᠷ᠎ᠤᠨ ᠬᠦᠮᠦᠰ᠎ᠤᠨ ᠵᠢᠳᠬᠦᠯ ᠴᠢᠷᠮᠠᠢᠯᠭ᠎ᠠ ᠬᠤᠭᠤᠰᠤᠳᠠᠭᠠ ᠦᠭᠡᠢ ᠭᠡᠳᠡᠭ᠎ᠢ ᠴᠠᠭᠠᠨᠨᠠᠭᠤᠷ᠎ᠤᠨ ᠲᠡᠭᠷᠢ᠎ᠳᠤᠨᠢ ᠬᠠᠯᠢᠬᠤ ᠰᠢᠪᠠᠭᠤᠳ᠂ ᠴᠡᠭᠡᠯ᠎ᠳᠤᠨᠢ ᠢᠷᠠᠭᠠᠯᠠᠬᠤ ᠵᠢᠭᠠᠰᠦ᠂ ᠬᠦᠪᠡᠭᠡᠨ᠎ᠳᠤᠨᠢ ᠨᠠᠢᠭᠤᠬᠤ ᠵᠡᠭᠡᠰᠦ ᠬᠤᠯᠤᠰᠤ ᠬᠡᠯᠡᠭᠡᠳ ᠪᠠᠢᠭ᠎ᠠ ᠶᠤᠮ!
ᠰᠤᠷᠪᠤᠯᠵᠢᠯᠠᠬᠴᠢ ᠵᠢᠨ ᠡᠪᠦᠷ ᠲᠡᠮᠳᠡᠭᠯᠡᠯ ᠄
ᠬᠡᠳᠦᠬᠡᠨ ᠵᠢᠯ᠎ᠤᠨ ᠳᠤᠳᠤᠷ᠎ᠠ ᠴᠠᠭᠠᠨᠨᠠᠭᠤᠷ᠎ᠤᠨ ᠤᠰᠤᠨ᠎ᠤ ᠴᠠᠷᠠᠭ᠎ᠠ ᠤᠤᠯ᠎ᠤᠨ ᠬᠡᠪ ᠲᠡᠭᠡᠨ ᠤᠷᠤᠵᠦ᠂ ᠨᠠᠭᠤᠷ᠎ᠤᠨ ᠬᠦᠪᠡᠭᠡᠨ᠎ᠳᠦ ᠬᠦᠷᠬᠦ᠎ᠳᠦ ᠴᠢᠬᠢᠭᠯᠢᠭ ᠠᠮᠢᠰᠬᠤᠯ ᠴᠡᠭᠡᠵᠢ ᠠᠭᠤᠵᠢᠷᠠᠭᠤᠯᠤᠨ᠂ ᠤᠰᠤᠨ᠎ᠤ ᠰᠢᠪᠠᠭᠤᠳ᠎ᠤᠨ ᠭᠠᠩᠭᠠᠨᠠᠯᠳᠤᠬᠤ ᠳᠠᠭᠤᠨ ᠰᠤᠨᠤᠷ ᠪᠠᠶᠠᠰᠬᠠᠨ᠎ᠠ᠃ ᠰᠠᠯᠬᠢᠨ᠎ᠳᠦ ᠱᠤᠤᠬᠢᠬᠤ ᠡᠪᠡᠰᠦᠨ᠎ᠤ ᠴᠢᠮᠡᠭᠡ ᠵᠢ ᠴᠢᠩᠨᠠᠨ ᠰᠡᠳᠬᠢᠯ᠎ᠤᠨ ᠴᠢᠯᠡᠭᠡ ᠳᠠᠢᠯᠤᠨ᠂ ᠳᠤᠬᠢᠯᠵᠠᠨ ᠪᠦᠵᠢᠭᠯᠡᠬᠦ ᠵᠡᠭᠡᠰᠦ ᠬᠤᠯᠤᠰᠦ ᠵᠢ ᠬᠠᠷᠠᠨ ᠲᠦᠷ ᠵᠠᠭᠤᠷ᠎ᠠ ᠵᠢᠨ ᠨᠠᠮ ᠰᠡᠯᠡᠬᠦ᠎ᠨᠢ ᠡᠳ᠋ᠯᠡᠬᠦ ᠨᠢ ᠠᠷᠤ ᠪᠤᠮᠪᠠ ᠵᠢᠨ ᠤᠷᠤᠨ᠎ᠤ ᠠᠷᠢᠭᠤᠨ ᠳᠠᠭᠱ᠌ᠢᠨᠢ ᠮᠡᠳᠡᠷᠡᠬᠦᠯᠦᠨ᠎ᠡ᠃
ᠴᠠᠭᠠᠨᠨᠠᠭᠤᠷ᠎ᠤᠨ ᠵᠠᠰᠠᠯᠳᠠ ᠵᠢᠨ ᠬᠤᠷᠳᠤ᠂ ᠵᠠᠰᠠᠯᠳᠠ ᠵᠢᠨ ᠵᠠᠭᠪᠤᠷ ᠨᠢ ᠱᠠᠩᠳᠦ ᠵᠢᠨ ᠲᠠᠯ᠎ᠠ ᠵᠢᠨ ᠨᠤᠮᠢᠨ ᠨᠤᠭᠤᠭ᠎ᠠ᠎ᠨᠢ ᠰᠠᠬᠢᠨ ᠬᠠᠮᠠᠭᠠᠯᠠᠭᠰᠠᠨ ᠵᠢᠡᠷ ᠪᠠᠷᠠᠬᠤ ᠦᠭᠡᠢ ᠦᠪᠦᠷ ᠮᠤᠩᠭᠤᠯ ᠤᠨ ᠨᠤᠭᠤ ᠭᠠᠵᠠᠷ ᠤᠨ ᠵᠠᠰᠠᠯᠳᠠ᠎ᠳᠦ ᠰᠢᠨ᠎ᠠ ᠳᠤᠷᠰᠢᠯᠭ᠎ᠠ ᠬᠠᠩᠭᠠᠭᠰᠠᠨ ᠪᠠᠢᠨ᠎ᠠ᠃ ᠡᠨᠳᠡ ᠡᠴᠡ ᠪᠢᠳᠡ ᠵᠢᠯ ᠳᠤᠳᠤᠮ ᠵᠢᠡᠨ ᠰᠠᠷᠭᠦᠨ ᠰᠠᠢᠵᠢᠷᠠᠵᠦ ᠪᠠᠢᠭ᠎ᠠ ᠠᠮᠢ ᠠᠬᠤᠢ ᠂ ᠡᠳᠦᠷ ᠪᠤᠯᠭᠠᠨ ᠦᠭᠡᠳᠡᠯᠡᠨ ᠰᠠᠢᠵᠢᠷᠠᠵᠦ ᠪᠠᠢᠭ᠎ᠠ ᠠᠷᠠᠳ᠎ᠤᠨ ᠠᠮᠢᠳᠤᠷᠠᠯ ᠂ ᠴᠠᠭ ᠪᠦᠷᠢ ᠵᠢᠷᠭᠠᠯ ᠢ ᠮᠡᠳᠡᠷᠡᠵᠦ ᠪᠠᠢᠭ᠎ᠠ ᠬᠦᠮᠦᠨ ᠵᠤᠨ᠎ᠢ ᠬᠠᠷᠠᠨ ᠳᠤᠭᠳᠤᠯᠵᠦ᠂ ᠵᠤᠷᠢᠬᠵᠢᠨ ᠪᠠᠶᠠᠰᠴᠤ ᠶᠠᠪᠤᠯ᠎ᠠ᠃
ᠨᠠᠭᠤᠷ᠎ᠤᠨ ᠮᠠᠨᠳᠠᠯᠳᠦ ᠮᠠᠨᠠᠨ ᠬᠦᠰᠢᠭᠡᠯᠡᠵᠦ᠂ ᠲᠡᠭᠷᠢ ᠵᠢᠨ ᠴᠡᠭᠡᠯ ᠵᠢᠡᠷ ᠰᠢᠪᠠᠭᠤᠳ ᠵᠠᠯᠡᠯᠠᠨᠠ᠃ ᠴᠠᠭᠠᠠᠨᠠᠭᠤᠷ ᠵᠦᠭᠡᠯᠡᠨ ᠳᠤᠯᠬᠢᠶᠠᠯᠠᠬᠤ ᠨᠢ ᠦᠴᠦᠭᠡᠳᠦᠷ᠎ᠤᠨ ᠳᠡᠦᠭᠡ᠂ ᠦᠨᠦᠳᠦᠷ᠎ᠤᠨ ᠪᠠᠶᠠᠰᠤᠯ ᠵᠢᠡᠨ ᠬᠤᠪᠢᠶᠠᠯᠴᠠᠬᠤ ᠰᠢᠭ᠋ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃