2026-11-20 09:56:05
ᠬᠠᠮᠢᠶ᠎ᠠ ᠪᠦᠬᠦᠢ ᠬᠤᠯᠪᠤᠭᠠᠰᠦ ᠄
ᠬᠠᠳᠠᠨ ᠨᠠᠭᠤᠷ ᠨᠢ ᠬᠢᠩᠭᠠᠨ ᠠᠢᠮᠠᠬᠤᠨ ᠵᠠᠯᠠᠢᠳ ᠬᠤᠰᠢᠭᠤᠨᠤ ᠲᠡᠮᠡᠭᠡᠵᠢ ᠪᠠᠯᠭᠠᠰᠤᠨᠳᠦ ᠪᠠᠢᠷᠢᠯᠠᠵᠤ᠂ ᠳᠡᠮᠡᠭᠡᠵᠢ ᠤᠯᠤᠰᠤᠨ ᠳᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨᠤ ᠪᠠᠷᠠᠭᠤᠨ ᠬᠤᠢᠳᠤ ᠬᠡᠰᠡᠭᠲᠦ ᠪᠠᠢᠷᠢᠰᠢᠳᠠᠬ᠃ ᠬᠠᠳᠠᠨ ᠨᠠᠭᠤᠷ ᠨᠢ ᠬᠠᠳᠠᠨ ᠠᠭᠤᠯᠠ ᠵᠢᠨ ᠪᠡᠯ ᠳ᠋ᠡᠬᠢ ᠮᠤᠷᠢᠨ ᠲᠤᠭᠤᠷᠠᠢ ᠵᠢᠨ ᠲᠤᠭᠤᠷᠢᠮ ᠡᠴᠡ ᠢᠷᠡᠯᠳᠡ ᠳᠠᠢ᠂ ᠨᠠᠭᠤᠷᠤᠨ ᠳᠠᠯᠠᠪᠠᠢ ᠨᠢ 2000 ᠾᠧᠺᠲ᠋ᠠᠷ ᠪᠠᠢᠵᠤ᠂ ᠬᠠᠮᠤᠭᠤᠨ ᠬᠦᠨ ᠳ᠋ᠡᠭᠡᠨ 17 ᠮᠧᠲᠷ ᠲᠸ᠋ ᠬᠦᠷᠳᠡᠭ᠃ ᠬᠠᠳᠠᠨ ᠨᠠᠭᠤᠷ ᠨᠢ ᠮᠦᠨ ᠳᠡᠮᠡᠭᠡᠵᠢ ᠤᠯᠤᠰᠤᠨ ᠳᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨᠤ ᠭᠤᠤᠯ ᠤᠰᠤᠨ ᠰᠢᠰᠲᠧᠮ ᠪᠠᠢᠵᠤ᠂ ᠭᠤᠷᠪᠡᠨ ᠳᠠᠯ᠎ᠠ ᠪᠡᠷ ᠵᠢᠠᠨ ᠠᠭᠤᠯᠠᠨ ᠳ᠋ᠤ ᠬᠦᠷᠢᠶᠡᠯᠡᠭᠳᠡᠵᠦ᠂ ᠵᠢᠯ ᠪᠤᠯᠭᠠᠨ 300 ᠭᠠᠷᠤᠢ ᠲᠦᠷᠦᠯ ᠤᠨ ᠨᠡᠬᠦᠳᠡᠯᠤᠨ ᠰᠢᠪᠠᠭᠤᠳ ᠡᠨᠳᠡ ᠦᠷᠳᠡᠭᠡᠯᠡᠨ ᠪᠠᠭᠤᠵᠦ᠂ ᠭᠠᠩᠭᠠᠩ ᠪᠠᠢᠭᠠᠯᠢ ᠪᠡᠨ ᠴᠢᠮᠡᠵᠦ ᠪᠠᠢᠳᠠᠭ᠃ ᠲᠡᠢᠮᠦ ᠪᠡᠷ ᠵᠢᠨᠨ 《ᠳᠠᠯ᠎ᠠ ᠨᠤᠲᠤᠭᠤᠨ ᠬᠡᠷᠡᠯᠳᠦ ᠰᠤᠪᠤᠳ》 ᠬᠡᠮᠡᠨ ᠠᠯᠳᠠᠷᠰᠢᠵᠡᠢ᠃
ᠴᠠᠭᠤᠨ ᠬᠦᠷᠳᠤ ᠡᠷᠬᠢᠵᠦ᠂ ᠣᠨ ᠦ ᠪᠤᠱᠤᠭ᠎ᠠ ᠤᠯᠠᠷᠢᠭᠰᠠᠭᠠᠷ ᠁
ᠤᠰᠤ ᠮᠦᠷᠡᠨ ᠦᠩᠭᠡᠷᠡᠭᠰᠡᠨᠢ ᠦᠬᠦᠯᠡᠬᠦ ᠮᠡᠳᠤ ᠠᠯᠤᠰ ᠲᠸ᠋ ᠴᠢᠳᠬᠤᠯᠠᠨ᠎ᠠ᠂ ᠠᠭᠤᠯᠠ ᠳᠠᠯ᠎ᠠ ᠦᠨᠤᠳᠤᠷᠢ ᠭᠡᠷᠡᠴᠢᠯᠡᠬᠦ ᠮᠡᠳᠤ ᠳᠡᠷᠳᠡᠭᠡ ᠳ᠋ᠤ ᠰᠦᠨᠳᠡᠷᠯᠡᠨᠠ᠃ ᠴᠡᠬᠡᠨ ᠳᠤᠩᠭᠠᠯᠠᠭ ᠤᠰᠤᠨ ᠳ᠋ᠤᠨᠢ ᠵᠢᠰᠤ ᠪᠡᠨ ᠳᠤᠯᠢᠳᠠᠬᠤ ᠬᠡᠮᠡᠨ ᠶᠡᠬᠡ ᠬᠢᠩᠭᠠᠨ ᠡᠨᠳᠡ ᠬᠦᠷᠳᠡᠯ᠎ᠠ ᠦᠷᠬᠦᠯᠵᠢᠯᠡᠭᠰᠡᠨ ᠪᠠᠢᠵᠠᠢ᠂ ᠴᠡᠭᠡᠯᠤᠨ ᠠᠷᠢᠭᠤᠨ ᠷᠡᠰᠢᠶᠡᠨ ᠳ᠋ᠤᠨᠢ ᠪᠡᠶ᠎ᠠ ᠪᠡᠨ ᠠᠷᠢᠭᠤᠳᠬᠠᠬᠤ ᠬᠡᠮᠡᠨ ᠦᠷᠭᠡᠨ ᠰᠤᠩᠭᠠᠷᠢ ᠡᠨᠳᠡ ᠬᠦᠷᠳᠡᠯ᠎ᠠ ᠰᠤᠨᠤᠯᠵᠠᠭᠰᠠᠨ ᠪᠠᠢᠵᠠᠢ᠃ ᠠᠭᠤᠯᠠ ᠨᠢᠷᠤᠭᠤᠳ᠂ ᠳᠠᠯ᠎ᠠ ᠵᠣ᠋ ᠵᠢᠨ ᠠᠮᠢᠰᠬᠤᠭ᠎ᠠ ᠬᠤᠯᠪᠤᠭᠰᠠᠨ ᠡᠨᠡ ᠭᠠᠵᠠᠷ ᠲᠸ᠋ ᠬᠡᠳᠤᠨ ᠠᠷᠪᠠᠨ ᠭᠠᠵᠠᠷ ᠦᠷᠬᠦᠯᠵᠢᠯᠡᠭᠰᠡᠨ ᠨᠤᠭᠤ ᠭᠠᠵᠠᠷᠤᠳ ᠪᠦᠷᠢᠯᠳᠤᠵᠦ᠂ ᠳᠡᠬᠦᠨᠦ ᠳᠤᠮᠳᠡᠬᠢ ᠪᠤᠯᠤᠷ ᠨᠢᠳᠤᠨ ᠮᠡᠳᠤ ᠨᠢᠭᠡᠨ ᠨᠠᠭᠤᠷᠢ ᠨᠢ ᠬᠠᠳᠠᠨ ᠨᠠᠭᠤᠷ ᠬᠡᠮᠡᠳᠡᠭ᠃
ᠲᠡᠮᠡᠭᠡᠵᠢ ᠤᠯᠤᠰᠤᠨ ᠳᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨᠤ ᠭᠤᠤᠯ ᠬᠡᠰᠡᠭ ᠪᠤᠯᠤᠬᠰᠠᠨ ᠬᠠᠳᠠᠨ ᠨᠠᠭᠤᠷ ᠪᠤᠯ ᠨᠡᠬᠦᠳᠡᠯᠤᠨ ᠰᠢᠪᠠᠭᠤᠳᠤᠨ ᠳᠠᠷᠬᠠᠨ ᠭᠤᠯᠤᠮᠳᠠ᠂ 《ᠳᠤᠭᠤᠳᠠᠭᠤᠨ ᠦᠯᠦᠭᠡᠢ》᠂《ᠬᠠᠰᠢᠯᠠ ᠬᠢᠩᠭᠠᠨᠤ ᠳᠤᠳᠤᠷᠭ᠎ᠠ》 ᠭᠡᠵᠦ ᠶᠠᠷᠢᠭᠳᠠᠳᠠᠭ ᠬᠦᠳᠡᠯᠮᠤᠷᠢᠴᠢ ᠲᠦᠮᠡᠨᠦ ᠬᠢᠨᠢ ᠤᠤᠭᠠᠯ ᠨᠤᠳᠤᠭ ᠪᠢᠯᠡ᠃ ᠠᠰᠬ᠎ᠠ ᠦᠨᠳᠤᠷ ᠬᠠᠳᠠ ᠬᠠᠢᠷᠬᠠᠨ ᠨᠢ ᠬᠦᠷᠢᠶᠡᠯᠡᠵᠦ ᠪᠦᠳᠦᠭᠰᠡᠨᠦ ᠤᠴᠢᠷ ᠪᠤᠯᠪᠠᠤ᠂ ᠠᠪᠤᠷᠭᠤ ᠰᠦᠮᠪᠤᠷ ᠬᠢᠩᠭᠠᠨ ᠳᠠᠪᠠᠭ᠎ᠠ ᠨᠢ ᠲᠦᠰᠢᠯᠭᠡ ᠪᠤᠯᠤᠭᠰᠠᠨᠦ ᠶᠠᠪᠤᠳᠠᠯ ᠪᠢᠯᠢᠤ⁈ ᠥᠪᠦᠷ ᠮᠤᠩᠭᠤᠯ᠂ ᠬᠠᠷᠠᠮᠦ᠋ᠷᠡᠨ᠂ ᠭᠢᠷᠢᠨ ᠭᠤᠷᠪᠠᠨ ᠮᠤᠵᠢ ᠤᠷᠤᠨᠤ ᠠᠭᠤᠯᠵᠠᠷ ᠲᠸ᠋ ᠪᠠᠢᠷᠢᠯᠠᠭ᠎ᠠ ᠳᠡᠮᠡᠭᠡᠵᠢ ᠨᠤᠳᠤᠭ ᠲᠸ᠋ ᠳᠤᠨᠤᠯᠵᠠᠭᠰᠠᠨ ᠬᠠᠳᠠᠨ ᠨᠠᠭᠤᠷ ᠮᠠᠨᠢ ᠡᠳᠡᠭᠡᠳ ᠭᠤᠶᠤᠬᠠᠨ ᠪᠠᠢᠭᠠᠯᠢ ᠵᠢᠨ ᠦᠵᠡᠮᠵᠢ ᠪᠡᠷ ᠵᠢᠠᠨ ᠭᠠᠢᠬᠠᠭᠳᠠᠵᠦ᠂ ᠠᠷᠢᠭᠤᠨ ᠰᠢᠮ᠎ᠠ ᠦᠭᠬᠢᠶᠡᠮᠤᠷᠴᠢ ᠭᠡᠰᠢᠭ ᠵᠢᠠᠷ ᠵᠢᠠᠨ ᠬᠦᠮᠦᠨ ᠠᠷᠠᠳ ᠵᠢᠠᠨ ᠢᠪᠡᠭᠡᠵᠦ ᠶᠠᠪᠤᠨ᠎ᠠ ᠁

ᠬᠠᠳᠠᠨ ᠨᠠᠭᠤᠷᠤᠨ ᠬᠠᠯᠬᠢᠶ᠎ᠠ ︱ ᠦᠶ᠎ᠠ ᠳᠠᠮᠵᠢᠭᠰᠠᠨ ᠠᠮᠤ ᠬᠦᠮᠦᠷᠭᠡ ᠵᠢᠨ ᠠᠵᠢᠯᠳᠠᠨ
ᠤᠨ ᠴᠠᠬᠤᠨ ᠤᠳᠠᠭᠠᠨᠳᠦ ᠡᠯᠡᠭᠳᠡᠭᠰᠡᠨ ᠪᠤᠯᠤᠯᠲᠠᠢ ᠬᠡᠮᠡᠷ ᠥᠩᠭᠡ ᠲᠦᠷᠬᠦ ᠪᠡᠨ ᠠᠯᠳᠠᠭᠰᠠᠨ ᠰᠢᠪᠠᠷ ᠪᠠᠢᠰᠢᠩᠤᠨ ᠬᠠᠵᠠᠭᠤ ᠳ᠋ᠤᠨᠢ ᠰᠢᠨᠡᠬᠡᠨ ᠲᠤᠭᠤᠰᠬᠠᠨ ᠪᠠᠢᠰᠢᠩ ᠶᠤᠵᠤᠯᠠᠬᠰᠠᠨ ᠶᠤᠮ ᠰᠢᠬ ᠨᠠᠮᠪᠠᠳᠠᠢᠬᠠᠨ ᠬᠠᠷᠠᠬᠳᠠᠨ᠎ᠠ᠃ ᠬᠡᠬᠦ ᠳ᠋ᠡᠭᠡᠨ ᠡᠨᠡᠬᠦ ᠰᠢᠪᠠᠷ ᠪᠠᠢᠰᠢᠩ ᠨᠢ ᠲᠦᠩ ᠲᠢᠶᠧ ᠰᠢ᠂ ᠸᠠᠩ ᠪᠤᠤ ᠵᠧᠨ ᠬᠤᠶᠠᠭᠤᠯᠠ ᠵᠢᠨ ᠲᠦᠴᠢᠨ ᠬᠡᠳᠦᠨ ᠬᠠᠪᠤᠷ ᠨᠠᠮᠤᠷᠢ ᠬᠠᠭᠠᠴᠠᠢᠯᠠᠵᠤ᠂ ᠳᠡᠳᠡᠨᠤ ᠬᠠᠭᠠᠰ ᠨᠠᠰᠤᠨᠤ ᠳᠤᠷᠠᠰᠤᠮᠵᠢ᠂ ᠬᠠᠢᠷᠠᠯᠠᠨ ᠰᠠᠨᠠᠬᠤ ᠡᠷᠬᠢᠴᠡᠬᠦᠯᠦᠯᠢ ᠬᠠᠳᠠᠭᠠᠯᠠᠵᠠᠢ᠃ ᠬᠠᠳᠠᠨ ᠨᠠᠭᠤᠷᠤᠨ ᠬᠤᠵᠢᠷ ᠵᠢᠡᠷ ᠨᠢᠯᠠᠨ ᠰᠢᠪᠠᠨ ᠰᠢᠨᠡᠳᠬᠡᠭᠰᠡᠭᠡᠷ᠂ ᠬᠠᠳᠠᠭᠤ ᠴᠠᠭᠤᠨ ᠤᠷᠲᠤ ᠵᠢ ᠬᠡᠳᠦᠨ ᠠᠷᠪᠠᠨ ᠵᠢᠯ ᠵᠢᠡᠷ ᠨᠤᠭᠤᠯᠤᠭᠰᠠᠨ ᠬᠠᠭᠤᠴᠢᠨ ᠰᠠᠭᠤᠴᠠ ᠨᠢ ᠶᠤᠮᠰᠠᠨᠵᠠᠢ᠃
《ᠬᠠᠳᠠᠮ ᠠᠪᠤ ᠡᠵᠢ᠂ ᠠᠪᠢᠰᠤᠨ ᠠᠵᠢᠨ ᠵᠢᠴᠢ ᠲᠡᠳᠡᠨᠤ ᠨᠠᠢ᠍ᠮᠠᠨ ᠬᠡᠤᠬᠡᠳ᠂ ᠮᠠᠨᠤ ᠭᠡᠷ ᠪᠦᠯᠢ ᠵᠢᠨ ᠬᠢᠨ ᠲᠠᠢ ᠨᠡᠢᠳᠡ ᠬᠤᠷᠢᠭᠠᠳ ᠠᠮᠠ ᠪᠦᠯᠢ ᠪᠡᠷ ᠵᠢᠨᠨ ᠲᠦᠴᠢᠨ ᠬᠡᠳᠦᠨ ᠵᠢᠯ ᠠᠮᠢᠳᠤᠷᠠᠬᠰᠠᠨ ᠬᠠᠭᠤᠴᠢᠨ ᠭᠡᠷ ᠮᠠᠨᠢ ᠶᠤᠮ ᠳᠠ᠃ ᠠᠮᠢᠳᠤᠷᠠᠯ ᠠᠨᠠᠢ ᠪᠠᠢᠬᠰᠠᠨ ᠲᠡᠷᠡ ᠦᠶ᠎ᠡ ᠵᠢ ᠬᠠᠮᠲᠤ ᠲᠤᠭᠤᠯᠤᠭᠰᠠᠨ ᠳᠤᠷᠠᠳᠬᠠᠯ ᠲᠠᠢ ᠪᠠᠭᠤᠴᠠ》 ᠭᠡᠵᠦ ᠸᠠᠩ ᠪᠤᠤ ᠵᠧᠨ ᠡᠷᠬᠢᠴᠡᠬᠦᠯᠬᠦ ᠪᠦᠷᠢ ᠰᠢᠨ᠎ᠡ ᠳᠤᠭᠤᠰᠬᠠᠨ ᠪᠠᠢᠰᠢᠩ ᠲᠠᠢ ᠪᠤᠯᠤᠬᠰᠠᠨ ᠬᠤᠢᠨ᠎ᠠ ᠪᠠᠨᠴᠤ ᠰᠢᠪᠠᠷ ᠪᠠᠢᠰᠢᠩ ᠵᠢᠨᠨ ᠨᠤᠷᠠᠭᠠᠵᠤ ᠲᠦᠪᠳᠡᠬᠦ ᠦᠭᠡᠢ ᠡᠳᠦᠢ ᠬᠦᠷᠴᠡᠢ᠃
ᠸᠠᠩ ᠪᠤᠤ ᠵᠧᠨᠤ ᠤᠬ ᠨᠤᠳᠤᠭ ᠨᠢ ᠬᠢᠷᠢᠨ ᠮᠤᠵᠢ ᠵᠢᠨ ᠮᠦᠮᠦᠬᠦ ᠮᠤᠩᠭᠤᠯ ᠦᠨᠳᠦᠰᠦᠳᠡᠨᠤ ᠰᠢᠶᠠᠩ᠃ ᠲᠦᠴᠢᠨ ᠬᠡᠳᠦᠨ ᠵᠢᠯᠤᠨ ᠡᠮᠦᠨ᠎ᠡ ᠵᠠᠯᠠᠢᠳ ᠬᠤᠰᠢᠭᠤᠨᠳᠦ ᠨᠠᠭᠠᠴᠤ ᠵᠢᠨ ᠳ᠋ᠠᠭᠠᠨ ᠠᠢᠯᠴᠢᠯᠠᠬᠤ ᠪᠡᠷ ᠢᠷᠡᠭᠡᠳ ᠠᠬᠠᠮᠠᠳᠤᠨ ᠵᠢᠨᠨ ᠲᠠᠨᠢᠯᠴᠠᠭᠤᠯᠭ᠎ᠠ ᠪᠡᠷ ᠲᠡᠮᠡᠭᠡᠵᠢ ᠪᠠᠯᠭᠠᠰᠤᠨᠤ ᠲᠡᠮᠡᠭᠡᠵᠢ ᠭᠠᠴᠠᠭᠠᠨᠤ ᠲᠦᠩ ᠲᠢᠶᠧ ᠰᠢ ᠲᠠᠢ ᠲᠠᠨᠢᠯᠴᠠᠵᠤ᠂ ᠠᠢᠯ ᠬᠡᠷ ᠪᠤᠯᠤᠨ ᠠᠮᠢᠳᠤᠷᠠᠵᠠᠢ᠃ ᠸᠠᠩ ᠪᠤᠤ ᠵᠧᠨᠢ ᠠᠩᠬ᠎ᠠ ᠮᠤᠷᠳᠠᠵᠤ ᠢᠷᠡᠬᠦᠳᠦ ᠬᠠᠳᠠᠮ ᠡᠵᠢ ᠨᠢ ᠪᠡᠶ᠎ᠡ ᠮᠠᠭᠤ ᠤᠷᠤᠨ ᠡᠴᠡ ᠪᠡᠨ ᠬᠦᠳᠡᠯᠵᠦ ᠲᠡᠢᠯᠬᠦ ᠦᠭᠡᠢ ᠪᠠᠢᠪᠠ᠃ ᠲᠡᠷᠡ ᠪᠡᠷ ᠨᠠᠰᠤᠳᠠᠨ ᠵᠢᠨᠨ ᠠᠰᠠᠷᠠᠨ ᠨᠢᠯᠬ᠎ᠠ ᠪᠡᠨ ᠬᠠᠷᠠᠭᠠᠯᠵᠠᠵᠤ ᠶᠤᠰᠤᠳᠠᠢ ᠵᠦᠳᠡᠷᠡᠬᠦ ᠵᠢᠨ ᠲᠤᠢᠯ ᠪᠤᠯᠵᠤ ᠪᠠᠢᠵᠠᠢ᠃ 《ᠲᠡᠭᠡᠭᠰᠢ ᠪᠡᠨ ᠨᠠᠰᠤᠳᠠᠨ ᠵᠢᠨᠨ ᠠᠰᠠᠷᠠᠨ᠂ ᠲᠤᠷᠤᠬᠰᠢ ᠪᠡᠨ ᠲᠡᠭᠦᠦ ᠨᠠᠷ ᠵᠢᠨᠨ ᠬᠠᠷᠠᠭᠠᠯᠵᠠᠭᠠᠳ ᠵᠦᠳᠡᠷᠡᠵᠦ ᠪᠠᠢᠬᠰᠠᠨᠴᠦ ᠪᠠᠰᠠ ᠶᠡᠬᠡ ᠵᠢᠷᠭᠠᠯᠳᠠᠢ ᠪᠠᠢᠬᠰᠠᠨ》ᠭᠡᠵᠦ ᠸᠠᠩ ᠪᠤᠤ ᠵᠧᠨ ᠡᠷᠭᠢᠴᠡᠭᠦᠯᠦᠨ᠎ᠡ᠃
ᠲᠦᠩ ᠲᠢᠶᠧ ᠰᠢ ᠪᠤᠯ ᠬᠠᠳᠠᠨ ᠨᠠᠭᠤᠷᠤᠨ ᠬᠦᠪᠡᠬᠡᠨᠳᠦ ᠦᠰᠴᠦ᠂ ᠬᠠᠷᠠᠬᠠᠨ ᠪᠠᠭ᠎ᠠ ᠡᠴᠡ ᠪᠡᠨ ᠨᠠᠭᠤᠷᠤᠨ ᠡᠷᠬᠢᠨ ᠲᠤᠭᠤᠷᠢᠨ ᠵᠢᠨᠷ ᠨᠠᠭᠠᠳᠤᠨ ᠳᠤᠬᠯᠠᠵᠤ ᠦᠰᠦᠭᠰᠡᠨ ᠪᠤᠯᠬᠤᠷ ᠬᠤᠵᠢᠷ ᠲᠠᠢ ᠨᠠᠮᠤᠭ᠂ ᠬᠠᠳᠠᠨ ᠤᠪᠤᠭᠠᠨᠤ ᠳᠡᠨᠵᠢᠨᠳᠤ ᠮᠦᠷ ᠵᠢᠡᠨ ᠦᠯᠡᠳᠡᠭᠡᠵᠦ ᠶᠠᠪᠤᠭᠰᠠᠨ ᠨᠢᠭᠡᠨ᠃ ᠤᠳᠤᠴᠦ ᠬᠡᠰᠡᠨ ᠵᠢᠯ ᠪᠦᠷᠢ ᠵᠢᠨ ᠳᠠᠪᠤᠨ ᠰᠠᠷ᠎ᠠ ᠵᠢᠨ ᠰᠢᠨ᠎ᠡ ᠵᠢᠨ ᠳᠠᠪᠤᠨᠳᠦ ᠬᠤᠶᠠᠷ ᠨᠠᠰᠤᠳᠠᠨ ᠬᠠᠳᠠᠨ ᠤᠪᠤᠭ᠎ᠠ ᠪᠡᠨ ᠳᠠᠬᠢᠵᠤ᠂ ᠬᠠᠳᠠᠨ ᠨᠠᠭᠤᠷ ᠲᠠᠭᠠᠨ ᠰᠦᠰᠦᠭᠯᠡᠨ ᠲᠠᠭᠠᠳᠬᠠᠳᠠᠬ ᠳᠤᠰ ᠨᠤᠳᠤᠭᠤᠨ ᠬᠦᠮᠦᠨ ᠠᠷᠠᠳᠤᠨ ᠵᠢᠡᠨ ᠵᠠᠩᠰᠢᠯᠢ ᠬᠠᠳᠠᠭᠠᠯᠠᠭᠰᠠᠭᠠᠷ᠃
ᠲᠦᠩ ᠲᠢᠶᠧ ᠰᠢ ᠵᠢᠨ ᠠᠪᠤ ᠨᠢ ᠤᠯᠤᠰ ᠡᠴᠡ ᠡᠵᠡᠩᠨᠡᠭᠰᠡᠨ ᠠᠮᠤ ᠪᠤᠳᠠᠭᠠᠨᠤ ᠬᠦᠮᠦᠷᠬᠡᠳᠦ ᠠᠵᠢᠯᠯᠠᠵᠤ ᠪᠠᠢᠪᠠ᠃ ᠡᠬᠦᠨ ᠡᠴᠡ ᠪᠤᠯᠵᠤ ᠲᠦᠩ ᠲᠢᠶᠧ ᠰᠢᠴᠦ ᠠᠪᠤ ᠵᠢᠨ ᠵᠢᠨᠨ ᠤᠷᠤᠶᠢ ᠵᠠᠯᠭᠠᠮᠵᠢᠯᠠᠬᠰᠠᠨ ᠠᠮᠤ ᠪᠤᠳᠠᠭᠠᠨᠤ ᠬᠦᠮᠦᠷᠭᠡ ᠵᠢᠨ ᠠᠵᠢᠯᠳᠠᠨ ᠪᠤᠯᠪᠠ᠃ ᠠᠬ᠎ᠠ ᠨᠢ ᠦᠢᠯᠡᠳᠪᠦᠷᠢᠯᠡᠯᠤᠨ ᠪᠠᠷᠢᠭᠠᠳᠠᠳᠦ ᠠᠵᠢᠯᠯᠠᠵᠤ ᠪᠠᠢᠬᠰᠠᠨ ᠵᠢᠡᠨ ᠰᠡᠬᠦᠯᠡᠷ ᠨᠢ ᠮᠦᠨᠴᠦ ᠠᠮᠤ ᠪᠤᠳᠠᠭᠠᠨᠤ ᠬᠦᠮᠦᠷᠬᠡᠳᠦ ᠠᠵᠢᠯᠯᠠᠵᠠᠢ᠃ ᠢᠩᠬᠢᠵᠦ ᠨᠢᠬᠡ ᠭᠡᠷᠤᠨ ᠭᠤᠷᠪᠠᠨ ᠬᠦᠮᠦᠨ ᠠᠷᠠᠳ ᠤᠯᠠᠨᠤ ᠪᠡᠨ ᠪᠤᠳᠠᠭᠠᠨ ᠠᠶᠠᠭᠠᠨᠤ ᠲᠦᠯᠦᠭᠡ ᠤᠢᠭ᠎ᠠ ᠦᠭᠡᠢ ᠵᠢᠳᠬᠦᠵᠠᠢ᠃ ᠲᠦᠩ ᠲᠢᠶᠧ ᠰᠢ ᠬᠠᠷᠠᠬᠠᠨ ᠪᠠᠭ᠎ᠠ ᠡᠴᠡ ᠪᠡᠨ ᠪᠡᠶ᠎ᠡ ᠵᠢᠨ ᠲᠠᠮᠢᠷ ᠲᠦ᠍ ᠠᠪᠢᠶᠠᠰ ᠲᠠᠢ᠂ ᠴᠢᠳᠠᠯ ᠬᠦᠴᠦ ᠪᠡᠷ ᠪᠤᠰᠤᠳ ᠡᠴᠡ ᠪᠡᠨ ᠤᠷᠤᠢᠯᠠᠳᠠᠬ ᠪᠠᠢᠭᠰᠠᠨ ᠡᠴᠡ ᠠᠮᠤ ᠪᠤᠳᠠᠭᠠᠨᠤ ᠬᠦᠮᠦᠷᠭᠡᠳᠤ ᠪᠤᠳᠠᠭ᠎ᠠ ᠡᠭᠦᠷᠬᠦ ᠠᠵᠢᠯᠢ ᠭᠤᠤᠯᠴᠢᠯᠠᠨ ᠬᠢᠳᠡᠭ ᠪᠠᠢᠵᠠᠢ᠃
— ᠲᠡᠷᠡ ᠦᠶᠡᠳᠦ ᠤᠳᠤ ᠲᠠᠢ ᠠᠳᠠᠯᠢ ᠮᠠᠰᠢᠨ ᠮᠧᠬᠠᠨᠢᠬ ᠭᠡᠵᠦ ᠪᠠᠢᠬᠰᠠᠨ ᠦᠭᠡᠢ᠂ ᠪᠦᠷ ᠯᠠ ᠬᠦᠮᠦᠨᠤ ᠬᠦᠴᠦ ᠪᠡᠷ ᠡᠬᠦᠷᠴᠦ ᠬᠦᠮᠦᠷᠬᠡᠯᠡᠳᠡᠭ᠃ ᠵᠠᠷᠢᠮ ᠮᠠᠳᠠᠢ ᠨᠢ 200 ᠰᠢᠬᠠᠮ ᠵᠢᠩ ᠬᠦᠨᠳᠦ ᠪᠠᠢᠵᠤ᠂ ᠪᠠᠷᠤᠭ ᠲᠡᠭᠰᠢᠳᠬᠡᠬᠡᠳ 180 ᠵᠢᠩ ᠤᠷᠴᠢᠮ ᠪᠠᠢᠳᠠᠬ᠃ ᠡᠳᠦᠷᠤᠨ ᠬᠡᠳᠦᠨ ᠵᠠᠭᠤᠨ ᠮᠠᠳᠠᠢ ᠡᠬᠦᠷᠳᠡᠭ ᠪᠠᠢᠬᠰᠠᠨ ᠭᠡᠵᠦ ᠲᠦᠩ ᠲᠢᠶᠧ ᠰᠢ ᠨᠠᠰᠤᠳᠠᠨ ᠥᠩᠬᠡᠷᠡᠭᠰᠡᠨ ᠵᠢᠨᠨ ᠡᠷᠬᠢᠴᠡᠬᠦᠯᠦᠨᠡ᠃
ᠲᠤᠬᠠᠢ ᠵᠢᠨ ᠦᠶᠡᠳᠤ ᠬᠠᠳᠠᠨ ᠨᠠᠭᠤᠷᠤᠨ ᠵᠢᠡᠨ ᠬᠡᠰᠢᠭ ᠵᠢᠡᠷ ᠲᠠᠷᠢᠶ᠎ᠠ ᠪᠤᠳᠠᠭ᠎ᠠ ᠪᠠᠨ ᠡᠯᠪᠡᠭ ᠬᠤᠷᠢᠶᠠᠳᠠᠭ ᠨᠤᠲᠤᠭ ᠤᠨ ᠲᠠᠷᠢᠶᠠᠴᠢᠳ ᠠᠮᠤ ᠲᠠᠷᠢᠶ᠎ᠠ ᠪᠡᠨ ᠮᠤᠷᠢᠨ ᠲᠡᠷᠭᠡ ᠪᠡᠷ ᠲᠡᠭᠡᠭᠡᠵᠦ ᠠᠮᠤ ᠪᠤᠳᠠᠭᠠᠨᠤ ᠬᠦᠮᠦᠷᠬᠡ ᠳᠦ ᠠᠪᠴᠢᠷᠠᠵᠤ ᠦᠭᠳᠡᠭ ᠪᠠᠢᠬᠰᠠᠨ ᠠᠵᠢ᠃
ᠨᠡᠢᠬᠡᠮ ᠤᠨ ᠬᠦᠭᠵᠢᠯ ᠬᠤᠪᠢᠷᠠᠯᠲᠠ ᠵᠢ ᠳᠠᠭᠠᠯᠳᠤᠨ ᠤᠯᠤᠰᠤᠨ ᠠᠮᠤ ᠪᠤᠳᠠᠭᠠᠨᠤ ᠬᠦᠮᠦᠷᠭᠡ ᠡᠭᠦᠳᠡ ᠪᠡᠨ ᠬᠠᠭᠠᠵᠤ᠂ ᠲᠦᠩ ᠲᠢᠶᠧ ᠰᠢ ᠠᠵᠢᠯ ᠠᠯᠳᠠᠵᠠᠢ᠃ ᠡᠨᠡ ᠨᠢ ᠤᠷᠤᠯᠭ᠎ᠠ ᠨᠢᠮᠬᠡᠨ ᠬᠡᠷ ᠪᠦᠯᠢᠳᠦᠨᠢ ᠤᠯᠠᠮᠴᠦ ᠲᠠᠷᠤᠭᠠᠰᠤ ᠪᠤᠯᠤᠬᠰᠠᠨ ᠪᠠᠢᠨ᠎ᠠ᠃ ᠭᠡᠪᠡᠴᠦ ᠬᠦᠴᠢᠷᠤᠨ ᠡᠮᠦᠨ᠎ᠡ ᠳᠡᠳᠡ ᠶᠡᠷᠦ ᠨᠢ ᠨᠤᠭᠤᠷᠠᠵᠤ ᠥᠩᠬᠡᠷᠡᠭᠡ ᠦᠭᠡᠢ᠃ ᠬᠠᠳᠤᠭᠤᠷ ᠠᠨᠵᠢᠰᠤ ᠪᠡᠨ ᠠᠪᠴᠤ ᠬᠤᠪᠢᠳᠠᠨ ᠤᠯᠤᠬᠰᠠᠨ ᠭᠤᠴᠢᠭᠠᠳ ᠮᠦ᠍ ᠲᠠᠷᠢᠶ᠎ᠠ ᠪᠡᠨ ᠲᠠᠷᠢᠬᠤ ᠵᠢᠨ ᠳᠠᠭᠠᠤ ᠵᠢᠵᠢᠭᠬᠡᠨ ᠬᠠᠰᠢᠶᠠᠨ ᠳ᠋ᠠᠭᠠᠨ ᠬᠦᠷᠲᠡᠯ᠎ᠡ ᠵᠢᠮᠢᠰ ᠨᠤᠭᠤᠭ᠎ᠠ ᠲᠠᠷᠢᠵᠤ ᠂ ᠬᠠᠳᠠᠨ ᠨᠠᠭᠤᠷ ᠤᠨ ᠵᠢᠨᠨ ᠰᠢᠮᠡᠶᠢ ᠠᠪᠤᠬᠰᠠᠨ ᠬᠠᠷ᠎ᠠ ᠬᠦᠷᠦᠰᠦᠳᠦ ᠲᠦᠰᠢᠨ ᠠᠳᠠᠯ ᠦᠢᠯᠡᠰ ᠵᠢᠨᠨ ᠳᠠᠬᠢᠨ ᠴᠤᠬᠴᠠᠯᠠᠵᠠᠢ᠃
ᠤᠤᠯ ᠨᠢ ᠲᠡᠮᠡᠭᠡᠵᠢ ᠭᠠᠴᠠᠭᠠᠨᠳᠦ ᠬᠠᠰᠢᠶᠠᠨ ᠳ᠋ᠠᠭᠠᠨ ᠨᠤᠭᠤᠭ᠎ᠠ ᠵᠢᠮᠢᠰ ᠲᠠᠷᠢᠬᠤ ᠳᠠᠳᠬᠠᠯ ᠪᠠᠷᠤᠬ ᠪᠠᠢᠬᠰᠠᠨ ᠦᠭᠡᠢ᠃ ᠸᠠᠩ ᠪᠤᠤ ᠵᠧᠨ ᠪᠠᠷᠤᠭ ᠡᠨᠡ ᠨᠤᠳᠤᠭᠲᠦ ᠬᠠᠮᠤᠭᠤᠨ ᠠᠩᠬ᠎ᠠ ᠡᠬᠢᠯᠡᠬᠦᠯᠦᠭᠰᠡᠨ ᠳᠦ ᠲᠤᠭᠠᠴᠠᠬᠳᠠᠨ᠎ᠠ᠃ ᠲᠡᠷᠡ ᠪᠡᠷ ᠬᠠᠷᠠᠬᠠᠨ ᠪᠠᠭ᠎ᠠ ᠡᠴᠡ ᠪᠡᠨ ᠰᠤᠷᠤᠬᠰᠠᠨ ᠮᠡᠷᠭᠡᠵᠢᠯ ᠵᠢᠨᠨ ᠵᠢᠵᠢᠭᠬᠡᠨ ᠬᠠᠰᠢᠶᠠᠨ ᠳ᠋ᠠᠭᠠᠨ ᠭᠠᠷᠭᠠᠵᠤ ᠰᠠᠨᠠᠭᠠᠨ ᠡᠴᠡ ᠭᠠᠳᠠᠭᠤᠷ ᠡᠯᠪᠡᠭ ᠬᠤᠷᠢᠶᠠᠯᠳᠠ ᠤᠯᠵᠤ ᠬᠤᠯᠠ ᠤᠢᠷ᠎ᠠ ᠵᠢᠨ ᠴᠠᠢ ᠵᠢᠨ ᠵᠤᠭᠤᠭ ᠪᠤᠯᠤᠨ ᠳᠠᠮᠵᠢᠬᠳᠠᠵᠠᠢ᠃ ᠰᠡᠬᠦᠯᠡᠷ ᠨᠢ ᠬᠠᠰᠢᠶ᠎ᠠ ᠪᠡᠨ ᠦᠷᠬᠡᠳᠬᠡᠵᠦ ᠪᠠᠷᠤᠭ ᠬᠤᠶᠠᠷ ᠮᠦ᠍ ᠤᠷᠴᠢᠮ ᠪᠤᠯᠭᠠᠵᠤ᠂ ᠡᠷᠳᠡᠨᠢ ᠰᠢᠰᠢ᠂ ᠪᠤᠷᠴᠠᠭ᠂ ᠦᠵᠦᠮ᠂ ᠦᠷᠬᠦᠯᠵᠢ ᠢᠳᠡᠳᠡᠭ ᠬᠦᠬᠡ ᠨᠤᠭᠤᠭ᠎ᠠ ᠪᠡᠨ ᠲᠠᠷᠢᠳᠠᠬ ᠪᠤᠯᠵᠠᠢ᠃ ᠥᠪᠡᠰᠦᠪᠡᠨ ᠢᠳᠡᠬᠡᠳ ᠪᠠᠷᠠᠬᠤ ᠦᠭᠡᠢ ᠪᠡᠨ ᠤᠢᠷ᠎ᠠ ᠤᠷᠴᠢᠮᠤᠨ ᠬᠦᠮᠦᠰᠲᠦ ᠬᠤᠳᠠᠯᠳᠤᠳᠠᠬ᠃ ᠡᠨᠡ ᠵᠢᠯ ᠵᠢᠨᠷ ᠵᠢᠱ᠌ᠢᠶᠠᠯᠠᠪᠠᠯ᠂ ᠨᠤᠭᠤᠭᠠᠨ ᠪᠤᠷᠴᠠᠭ ᠬᠠᠳᠠᠭᠠᠵᠤ ᠬᠤᠳᠠᠯᠳᠤᠭᠠᠳ 1200 ᠲᠦᠭᠦᠷᠢᠭ᠂ ᠦᠵᠦᠮ ᠡᠴᠡ ᠪᠡᠨ 260 ᠲᠦᠭᠦᠷᠢᠭ᠂ ᠨᠤᠭᠤᠭ᠎ᠠ ᠴᠠᠭ᠎ᠠ ᠬᠤᠳᠠᠯᠳᠤᠭᠠᠳ ᠮᠢᠩᠭ᠎ᠠ ᠭᠠᠷᠤᠢ ᠲᠦᠬᠦᠷᠢᠭ ᠤᠯᠵᠠᠢ᠃ ᠡᠨᠡ ᠨᠢ ᠠᠮᠢᠳᠤᠷᠠᠯ ᠳ᠋ᠤᠨᠢ ᠳᠤᠰᠠ ᠳᠡᠮ ᠪᠤᠯᠤᠬᠰᠠᠨ ᠨᠢ ᠢᠯᠡᠷᠬᠡᠢ᠃ ᠡᠭᠦᠨᠤ ᠲᠡᠭᠡᠷ᠎ᠡ ᠬᠡᠳᠦᠨ ᠵᠢᠯᠤᠨ ᠡᠮᠦᠨ᠎ᠡ ᠤᠯᠤᠰᠤᠨ ᠲᠦᠷᠦᠯ ᠵᠦᠢᠯᠤᠨ ᠳᠡᠮᠵᠢᠯᠬᠡ ᠪᠡᠷ ᠤᠳᠤ ᠵᠢᠨ ᠰᠠᠭᠤᠵᠤ ᠪᠠᠢᠭ᠎ᠠ 72 ᠲᠡᠭᠰᠢ ᠲᠦᠷᠪᠡᠯᠵᠢᠨ ᠮᠧᠲᠷᠤᠨ ᠲᠤᠭᠤᠰᠬᠠᠨ ᠪᠠᠢᠰᠢᠩ ᠵᠢᠨᠨ ᠪᠠᠷᠢᠬᠰᠠᠨ ᠪᠠᠢᠨ᠎ᠠ᠃
ᠸᠠᠩ ᠪᠤᠤ ᠵᠧᠨ ᠲᠦᠩ ᠲᠢᠶᠧ ᠰᠢ ᠬᠤᠶᠠᠭᠤᠯᠠ ᠡᠴᠡ ᠭᠤᠷᠪᠠᠨ ᠬᠦᠦ ᠲᠠᠢ᠂ ᠶᠡᠬᠡ ᠬᠦᠦ ᠨᠢ ᠨᠤᠳᠤᠭ ᠲᠠᠭᠠᠨ ᠲᠠᠷᠢᠶ᠎ᠠ ᠲᠠᠷᠢᠵᠤ ᠪᠠᠢᠬᠤ ᠡᠴᠡ ᠭᠠᠳᠠᠨ᠎ᠠ ᠨᠦᠬᠦᠬᠡ ᠬᠤᠶᠠᠷ ᠬᠦᠦ ᠨᠢ ᠪᠦᠷ ᠭᠤᠸᠠᠩᠵᠧᠦ ᠬᠤᠳᠠᠳᠦ ᠠᠵᠢᠯ ᠬᠢᠵᠦ ᠪᠠᠢᠨ᠎ᠠ᠃
— ᠭᠤᠷᠪᠠᠨ ᠬᠦᠦ ᠮᠢᠨᠢ ᠲᠦᠩᠭᠡᠵᠢ ᠠᠷᠪᠠᠨ ᠵᠢᠷᠭᠤᠭ᠎ᠠ ᠳᠤᠯᠤᠭ᠎ᠠ ᠬᠦᠷᠦᠮᠡᠭᠴᠡ ᠰᠤᠷᠤᠯᠭ᠎ᠠ ᠪᠡᠨ ᠳᠤᠷᠭᠤᠨ ᠵᠤᠬᠰᠤᠵᠤ ᠠᠵᠢᠯᠳᠤ ᠤᠷᠤᠭᠰᠠᠨ᠂ ᠬᠡᠤᠬᠡᠳ ᠵᠢᠡᠨ ᠪᠢᠴᠢᠭ ᠨᠤᠮ ᠦᠵᠡᠬᠦᠯᠵᠦ ᠲᠡᠢᠯᠦᠭᠰᠡᠨ ᠦᠭᠡᠢ ᠨᠢ ᠪᠢᠳᠡᠨᠤ ᠨᠢᠭᠡᠨ ᠬᠠᠷᠠᠮᠰᠠᠯ ᠬᠡᠮᠡᠨ ᠶᠠᠷᠢᠭᠠᠳ ᠸᠠᠩ ᠪᠤᠤ ᠵᠧᠨ ᠨᠠᠰᠤᠳᠠᠨᠤ ᠬᠤᠭᠤᠯᠠᠢ ᠨᠢ ᠡᠷᠢᠶᠡᠨᠳᠦᠵᠦ ᠪᠠᠢᠯ᠎ᠠ᠃
ᠭᠡᠪᠡᠴᠦ ᠨᠤᠲᠤᠭ ᠤᠰᠤ᠂ ᠨᠠᠭᠤᠷ ᠤᠪᠤᠭᠠᠨᠤ ᠪᠠᠨ ᠰᠦᠯᠳᠡᠳᠤ ᠰᠢᠲᠦᠵᠦ᠂ ᠦᠷ᠎ᠡ ᠬᠡᠤᠬᠡᠳ ᠨᠢ ᠬᠦᠮᠦᠨᠤ ᠲᠡᠢᠳᠡᠢ ᠶᠠᠪᠤᠵᠤ ᠪᠠᠢᠭᠠᠳᠤ ᠬᠤᠶᠠᠷ ᠨᠠᠰᠤᠲᠠᠨ ᠰᠡᠳᠬᠢᠯ ᠬᠠᠩᠬᠤᠯᠤᠭᠤᠨ᠂ ᠦᠪᠡᠷᠰᠡᠳ ᠵᠢᠡᠨᠴᠤ ᠦᠲᠡᠯᠦᠭᠡ ᠨᠠᠰᠤᠨᠤ ᠠᠮᠢᠳᠤᠷᠠᠯ ᠵᠢᠡᠨ ᠪᠠᠶᠠᠷ ᠵᠢᠷᠭᠠᠯ ᠲᠠᠢ ᠦᠩᠭᠡᠷᠡᠭᠦᠯᠵᠦ ᠶᠠᠪᠤᠭ᠎ᠠ ᠳ᠋ᠠᠭᠠᠨ ᠪᠠᠶᠠᠷᠲᠠᠢ ᠪᠠᠢᠯ᠎ᠠ᠃
ᠬᠠᠳᠠᠨ ᠨᠠᠭᠤᠷᠤᠨ ᠴᠠᠯᠬᠢᠶ᠎ᠠ ︱ ᠮᠠᠰᠢᠨᠴᠢᠯᠠᠵᠦ ᠮᠸᠬᠠᠨᠢᠭᠵᠢᠭᠤᠯᠤᠭᠰᠠᠨ ᠤᠤᠭᠠᠨ ᠲᠷᠠᠺᠲ᠋ᠤᠷᠴᠢᠨ
ᠦᠳᠡᠰᠢ ᠵᠢᠨ ᠪᠦᠷᠦᠢ ᠳᠡᠮᠡᠭᠡᠵᠢ ᠨᠤᠳᠤᠭᠢ ᠪᠦᠷᠬᠦᠵᠦ᠂ ᠤᠷᠢᠳᠦ ᠮᠢᠨᠢ ᠰᠤᠨᠤᠯᠵᠠᠬᠤ ᠱᠦᠢᠨᠢ ᠵᠠᠮ ᠰᠤᠭᠤᠨᠠᠭ ᠭᠡᠭᠡ ᠰᠢᠭ ᠪᠦᠳᠡᠬᠢᠬᠡᠨ ᠴᠠᠢᠷᠠᠨ᠎ᠠ᠃ ᠨᠠᠮᠤᠷᠤᠨ ᠬᠤᠷᠢᠶᠠᠯᠲᠠ ᠪᠠᠨ ᠠᠪᠴᠤ ᠪᠤᠢ ᠲᠠᠷᠢᠶᠠᠴᠢᠳ ᠡᠳᠦᠷ ᠨᠢ ᠠᠵᠢᠯᠳ᠋ᠠᠭᠠᠨ ᠮᠤᠨᠭᠭᠠᠨᠢᠵᠤ᠂ ᠪᠦᠷᠦᠢ ᠪᠤᠯᠭᠠᠭᠠᠳ ᠬᠠᠷᠢᠵᠤ ᠢᠷᠡᠨ ᠬᠤᠭᠤᠯᠠ ᠤᠮᠳᠠ ᠪᠠᠨ ᠪᠡᠯᠡᠳᠭᠡᠵᠦ ᠪᠤᠢ ᠪᠤᠯᠤᠯᠲᠠᠢ᠂ ᠬᠤᠯᠠᠩ ᠵᠢᠨᠷ ᠨᠢ ᠬᠦᠬᠡ ᠤᠳᠤᠭ᠎ᠠ ᠰᠤᠭᠤᠨᠠᠬᠯᠠᠨ ᠬᠦᠳᠡᠬᠡ ᠵᠢᠨ ᠪᠤᠷᠤᠬᠵᠢᠭᠤᠨ ᠠᠮᠢᠳᠤᠷᠠᠯᠳᠤ ᠬᠦᠭ ᠠᠢᠵᠠᠮ ᠴᠢᠪᠬᠠᠳᠠᠨ᠎ᠠ᠃ᠡᠯᠪᠡᠭ ᠬᠤᠷᠢᠶᠠᠯᠲᠠ ᠵᠢᠨ ᠪᠤᠤᠬᠢᠶ᠎ᠠ ᠵᠠᠯᠭᠠᠬᠰᠠᠨ ᠠᠢᠯᠤᠨ ᠡᠬᠦᠳᠡ ᠪᠡᠷ ᠭᠠᠷᠬᠤᠳᠤ ᠬᠦᠷᠢᠶ᠎ᠡ ᠳᠦᠬᠦᠷᠡᠨᠭ ᠡᠷᠳᠡᠨᠢ ᠰᠢᠰᠢ ᠬᠦᠰᠡᠷ ᠳᠡᠭᠡᠷ᠎ᠡ ᠤᠪᠤᠭ᠎ᠠ ᠤᠪᠤᠭ᠎ᠠ ᠪᠡᠷ ᠰᠢᠷᠠᠯᠠᠨ ᠪᠦᠷᠳᠦᠯᠵᠡᠨ᠎ᠡ᠃ ᠰᠠᠭᠤᠭᠰᠠᠨ ᠮᠠᠰᠢᠨ ᠮᠠᠨᠢ ᠵᠠᠯᠠᠢᠳ ᠬᠤᠰᠢᠭᠤᠨᠤ ᠲᠡᠮᠡᠭᠡᠵᠢ ᠪᠠᠯᠭᠠᠰᠤᠨᠤ ᠺᠤᠤᠱᠠᠨ ᠭᠠᠴᠠᠭ᠎ᠠ ᠳ᠋ᠤ ᠬᠦᠷᠴᠤ ᠢᠷᠡᠭᠰᠡᠨ ᠪᠠᠢᠵᠠᠢ᠃

︱ ᠵᠠ ᠵᠠ᠂ ᠨᠠᠳᠠᠳᠤ ᠶᠠᠷᠢᠮᠠᠷ ᠶᠠᠭᠤ ᠯᠡ ᠪᠠᠢᠨᠠᠳᠠ?ᠭᠡᠵᠤ ᠰᠡᠬᠦᠳᠡᠷᠯᠡᠬᠦ ᠮᠠᠰᠢᠨᠬᠠᠷᠠᠭᠠᠳ ᠰᠢᠷᠬᠡᠢᠭᠰᠡᠨ ᠮᠠᠶᠢᠭ ᠲᠠᠢ ᠪᠠᠢᠭ᠎ᠠ ᠬᠠᠨ ᠭᠦᠸᠸ ᠴᠢᠨᠭᠳᠤ ᠠᠪᠴᠦ ᠬᠡᠯᠡᠪᠡᠯ ᠂ ᠠᠨᠭᠬ᠎ᠠ ᠤᠳᠠᠭ᠎ᠠ ᠪᠠᠨ ᠰᠤᠷᠪᠤᠯᠵᠢᠯᠠᠬᠴᠢ ᠲᠠᠢ ᠨᠢᠭᠤᠷᠳᠠᠵᠤ ᠪᠠᠢᠨ᠎ᠠ ᠭᠡᠯᠲᠡᠢ᠃ ᠭᠡᠪᠡᠴᠦ ᠲᠡᠷᠡ ᠦᠨᠡᠨ ᠳ᠋ᠡᠭᠡᠨ ᠶᠠᠷᠢᠬᠤ ᠶᠠᠭᠤᠮ᠎ᠠ ᠦᠭᠡᠢ ᠬᠦᠮᠦᠨ ᠪᠢᠰᠢ ᠭᠡᠳᠡᠭ ᠨᠢ ᠦᠯᠢᠭᠡᠷᠤᠨ ᠤᠭᠤᠲᠠ ᠨᠢ ᠨᠡᠭᠡᠭᠡᠭᠳᠡᠭᠡᠳ ᠢᠷᠡᠬᠦ ᠪᠡᠷ ᠠᠶᠠᠨᠳᠠᠭᠠᠨ ᠤᠢᠯᠠᠭᠠᠭᠳᠠᠯᠠ᠃
ᠬᠠᠳᠠᠨ ᠨᠠᠭᠤᠷᠤᠨ ᠵᠡᠬᠦᠨ ᠡᠷᠬᠢ ᠳ᠋ᠡᠬᠢ ᠬᠠᠳᠠᠨ ᠤᠪᠤᠭ᠎ᠠ ᠵᠢᠨ ᠠᠷᠤᠳᠤ ᠪᠠᠢᠷᠢᠯᠠᠭ᠎ᠠ ᠡᠳᠡᠨᠡᠢᠬᠢᠨ ᠳᠡᠭᠡᠳᠦ ᠵᠢᠨ ᠦᠶ᠎ᠡ ᠡᠴᠡ ᠪᠠᠨ ᠮᠠᠯᠵᠢᠬᠤ ᠲᠠᠷᠢᠶᠠᠯᠠᠬᠤ ᠵᠢ ᠬᠤᠤᠰᠯᠠᠭᠤᠯᠤᠬᠰᠠᠨ ᠠᠮᠢᠳᠤᠷᠠᠯ ᠦᠢᠯᠡᠳᠪᠦᠷᠢᠯᠡᠯ ᠵᠢᠡᠷ ᠠᠵᠤ ᠲᠦᠷᠦᠵᠤ ᠢᠷᠡᠭᠰᠡᠨ ᠵᠢᠨᠷ ᠬᠠᠨ ᠬᠦᠸᠸ ᠴᠢᠨᠭᠤᠨ ᠦᠶ᠎ᠡ ᠪᠤᠯᠬᠤᠳᠤ 400 ᠭᠠᠷᠤᠢ ᠮᠸ᠋ ᠲᠠᠷᠢᠶᠠᠨ ᠭᠠᠵᠠᠷ ᠲᠠᠢ᠂ 100 ᠭᠠᠷᠤᠢ ᠠᠳᠤᠭᠤ ᠮᠠᠯᠵᠢᠳᠠᠭ ᠴᠢᠨᠡᠭᠡᠯᠢᠭᠬᠡᠨ ᠠᠮᠢᠳᠤᠷᠠᠯ ᠳᠠᠢ ᠡᠷᠤᠬᠡ ᠪᠤᠯᠵᠠᠢ᠃ 1977 ᠤᠨᠳᠤ ᠲᠦᠷᠦᠭᠰᠡᠨ ᠬᠠᠨ ᠬᠦᠸᠸ ᠴᠢᠨᠭ ᠬᠠᠷ᠎ᠠ ᠪᠠᠭ᠎ᠠ ᠳ᠋ᠠᠭᠠᠨ ᠠᠪᠤ ᠪᠠᠨ ᠳᠠᠭᠠᠵᠤ ᠬᠠᠳᠠᠨ ᠨᠠᠭᠤᠷᠤᠨ ᠡᠷᠬᠢᠳᠤ ᠬᠦᠷᠴᠦ ᠨᠠᠭᠤᠷᠤᠨ ᠤᠰᠤ ᠵᠢ ᠮᠤᠷᠢᠨ ᠲᠡᠷᠭᠡ ᠪᠡᠷ ᠲᠡᠭᠡᠭᠡᠵᠤ ᠲᠠᠷᠢᠶ᠎ᠠ ᠤᠰᠤᠯᠠᠳᠠᠭ ᠪᠠᠢᠬᠰᠠᠨ ᠵᠢᠡᠨ ᠳᠤᠷᠠᠰᠬᠤᠳᠤ ᠡᠨᠡᠤᠬᠡᠨᠤ ᠤᠴᠢᠷ ᠰᠢᠤᠬᠠᠨ᠃ ᠬᠠᠳᠠᠨ ᠨᠠᠭᠤᠷᠤᠨ ᠤᠰᠤ ᠵᠠᠷᠢᠮ ᠵᠢᠯᠳ᠋ᠡᠭᠡᠨ ᠬᠤᠵᠢᠷ ᠭᠠᠷᠳᠠᠭ᠂ ᠡᠢᠨ ᠬᠦ᠌ ᠨᠤᠲᠤᠭᠤᠨ ᠬᠦᠮᠦᠰ ᠮᠤᠷᠢᠨ ᠲᠡᠷᠭᠡ ᠪᠡᠷ ᠬᠤᠵᠢᠷ ᠲᠡᠭᠡᠭᠡᠵᠤ ᠭᠡᠷ ᠪᠠᠷᠢᠬᠤᠳᠤ ᠬᠡᠷᠡᠭᠯᠡᠵᠤ ᠪᠠᠢᠵᠠᠢ᠃ ᠬᠤᠵᠢᠷ ᠲᠠᠢ ᠰᠢᠪᠡᠷ ᠵᠢᠨᠷ ᠭᠡᠷ ᠵᠢᠡᠨ ᠮᠢᠯᠢᠶᠠᠪᠠᠯ ᠴᠡᠪᠡᠷ ᠴᠠᠭᠠᠬᠠᠨ ᠦᠨᠭᠭᠡ ᠲᠠᠢ ᠪᠦᠭᠡᠳ ᠪᠤᠷᠤᠭᠠᠨᠳᠤ ᠤᠷᠤᠰᠬᠤ ᠦᠭᠡᠢ ᠳᠠᠭᠠᠭᠠᠮᠠᠭᠠᠢ ᠪᠤᠯᠳᠠᠭ ᠠᠵᠢ᠃
ᠮᠤᠷᠢᠨ ᠲᠡᠷᠭᠡ ᠪᠡᠷ ᠤᠰᠤ ᠲᠡᠭᠡᠭᠡᠵᠦ ᠲᠠᠷᠢᠶ᠎ᠠ ᠤᠰᠤᠯᠠᠳᠠᠭ ᠪᠠᠢᠭᠰᠠᠨ ᠡᠴᠡ ᠪᠠᠨ ᠲᠷᠠᠺᠲ᠋ᠤᠷᠵᠢᠡᠷ ᠤᠰᠤ ᠲᠡᠭᠡᠭᠡᠵᠦ ᠲᠠᠷᠢᠶ᠎ᠠ ᠤᠰᠤᠯᠠᠬᠤ ᠪᠤᠯᠤᠭᠰᠠᠨ ᠨᠢ 1987 ᠤᠨᠤ ᠤᠴᠢᠷ ᠪᠠᠢᠯ᠎ᠠ᠂ ᠲᠡᠳᠡᠨᠡᠢᠬᠢ ᠭᠠᠴᠠᠭᠠᠨᠤ ᠪᠠᠨ ᠠᠨᠭᠬᠠᠨᠤ ᠲᠷᠠᠺᠲ᠋ᠤᠷ ᠲᠠᠢ ᠡᠷᠦᠭᠡ ᠪᠤᠯᠪᠠ᠃《ᠠᠪᠤ ᠮᠢᠨᠢ ᠳᠡᠯᠭᠡᠬᠦᠷ ᠡᠷᠬᠢᠯᠡᠳᠡᠭ ᠮᠠᠢᠮᠠᠢᠴᠢᠨ ᠬᠦᠮᠦᠨ ᠪᠠᠢᠬᠰᠠᠨ ᠲᠤᠯᠠ ᠤᠢᠷ᠎ᠠ ᠬᠠᠪᠢ ᠵᠢᠨ ᠢᠷᠭᠡᠨ ᠠᠢᠯ ᠲᠠᠢ ᠡᠶ᠎ᠡ ᠨᠠᠢᠷᠲᠠᠢ ᠶᠠᠪᠤᠯᠴᠠᠳᠠᠭ᠂ ᠲᠡᠭᠡᠵᠤ ᠪᠠᠢᠭᠰᠠᠭᠠᠷ ᠲᠡᠳᠡᠨᠤ ᠭᠠᠷ ᠡᠴᠡ 〈ᠬᠢᠨᠭᠭᠠᠨ〉ᠲᠡᠮᠲᠡᠭᠲᠦ ᠲᠷᠠᠺᠲ᠋ᠤᠷᠢ 3800 ᠲᠦᠬᠦᠷᠢᠭ ᠵᠢᠨᠷ ᠬᠤᠳᠠᠯᠳᠤᠨ ᠠᠪᠤᠭᠰᠠᠨ ᠶᠤᠮ 》 ᠭᠡᠳ ᠬᠠᠨ ᠬᠦᠸᠸ ᠴᠢᠨᠭᠤᠨ ᠳᠠᠭᠤ ᠨᠢ ᠴᠢᠨᠭᠭᠠᠷᠠᠵᠤ ᠡᠬᠢᠯᠡᠪᠡ᠃ ᠲᠤᠬᠠᠢ ᠵᠢᠨ ᠦᠶᠡᠳᠤ ᠲᠷᠠᠺᠲ᠋ᠤᠷ ᠭᠡᠳᠡᠭᠢ ᠦᠵᠡᠬᠡ ᠴᠸ᠋ ᠦᠭᠡᠢ ᠬᠦᠮᠦᠰᠲᠤ 《ᠤᠳᠤᠬᠢᠴᠢᠯᠠᠬᠰᠠᠨ 》 ᠡᠨᠡ ᠮᠠᠰᠢᠨᠢ ᠲᠦᠴᠢᠬᠢᠨᠡᠲᠡᠯᠡ ᠵᠢᠯᠤᠭᠤᠳᠴᠤ ᠭᠠᠷᠬᠤ ᠶᠠᠮᠠᠷ ᠶᠡᠬᠡ ᠤᠮᠤᠬᠰᠢᠯ ᠠᠵᠢ᠃ ᠲᠡᠭᠡᠵᠤ ᠲᠠᠷᠢᠶᠠᠨ ᠠᠵᠢᠯᠬᠢᠬᠦ ᠭᠡᠭᠴᠢ ᠨᠢᠭᠡ ᠯᠡ ᠳᠤᠤᠷ᠎ᠠ ᠳᠦᠬᠦᠮ ᠪᠤᠯᠵᠤ᠂ ᠲᠷᠠᠺᠲ᠋ᠤᠷ ᠵᠢᠨᠨ ᠵᠢᠯᠤᠭᠤᠳᠴᠤ ᠠᠢᠯ ᠰᠠᠭᠠᠬᠠᠯᠲᠠ ᠪᠠᠨ ᠬᠠᠪᠰᠤᠷᠴᠦ ᠮᠤᠨᠭ᠌ ᠦᠭᠡᠢ ᠤᠯᠠᠨ ᠠᠵᠢᠯ ᠬᠢᠵᠤ ᠶᠠᠪᠤᠪᠠ᠃ ᠲᠷᠠᠺᠲ᠋ᠤᠷ ᠵᠢᠨᠷ ᠤᠰᠤ ᠲᠡᠭᠡᠭᠡᠪᠡᠯ ᠨᠢᠭᠡ ᠡᠳᠦᠷ 10 ᠭᠠᠷᠤᠢ ᠮᠸ᠋ ᠲᠠᠷᠢᠶ᠎ᠠ ᠵᠢ ᠤᠰᠤᠯᠠᠵᠤ᠂ ᠲᠤᠬᠠᠢ ᠵᠢᠨ ᠦᠶᠡᠳᠤ ᠲᠡᠳᠡᠨᠡᠢᠬᠢᠨ ᠲᠠᠷᠢᠶ᠎ᠠ ᠪᠠᠨ ᠤᠰᠤᠯᠠᠵᠤ ᠪᠠᠷᠠᠲᠠᠯ᠎ᠠ ᠬᠤᠷᠢᠭᠠᠳ ᠡᠳᠦᠷ ᠵᠠᠷᠤᠴᠠᠭᠤᠯᠳᠠᠭ᠃ ᠡᠨᠡ ᠨᠢ ᠮᠤᠷᠢᠨ ᠲᠡᠷᠭᠡ ᠪᠡᠷ ᠤᠰᠤ ᠲᠡᠭᠡᠭᠡᠵᠦ ᠪᠠᠢᠬᠰᠠᠨᠢ ᠪᠤᠳᠤᠪᠠᠯ ᠨᠡᠯᠢᠶᠡᠳ ᠬᠦᠴᠦᠨᠳᠤ ᠠᠷᠪᠢᠲᠠᠢ ᠮᠦᠷᠲᠡᠭᠡᠨ ᠴᠠᠭ ᠳᠠᠭᠠᠨ ᠴᠸ᠋ ᠭᠠᠮᠲᠠᠢ᠃ ᠬᠤᠵᠢᠮ ᠨᠢ ᠲᠠᠷᠢᠶᠠᠨ ᠠᠵᠢᠯᠢ ᠨᠡᠩ ᠳᠦᠭᠦᠮᠴᠢᠯᠡᠭᠰᠡᠨ ᠨᠢ 2000 ᠤᠨ ᠡᠴᠡ ᠰᠡᠬᠦᠯᠡᠷ 48000 ᠭᠠᠷᠤᠢ ᠲᠦᠬᠦᠷᠢᠭ ᠵᠢᠡᠷ ᠦᠷ᠎ᠡ ᠰᠠᠴᠤᠬᠤ ᠮᠠᠰᠢᠨ ᠠᠪᠤᠭᠰᠠᠨᠤ ᠳᠠᠷᠠᠭᠠᠬᠢ ᠤᠴᠢᠷ ᠪᠤᠯᠴᠢᠬᠠᠨ᠎ᠠ᠃《ᠡᠢᠮᠦ ᠮᠠᠰᠢᠨ ᠲᠠᠢ ᠪᠤᠯᠤᠬᠰᠠᠨ ᠡᠴᠡ ᠲᠠᠷᠢᠶ᠎ᠠ ᠲᠠᠷᠢᠬᠤ ᠭᠡᠳᠡᠭ ᠴᠢᠨᠢ ᠨᠢᠭᠡ ᠭᠠᠷᠠᠭᠤᠨ ᠳᠤᠳᠤᠷᠠᠬᠢ ᠠᠵᠢᠯ ᠡ》ᠭᠡᠵᠦ ᠲᠡᠷᠡ ᠪᠡᠷ ᠪᠤᠳᠤᠬᠤ ᠲᠤᠭᠠᠯᠠᠩ ᠳ᠋ᠠᠭᠠᠨ ᠰᠢᠨᠵᠢᠯᠡᠬᠦ ᠤᠬᠠᠭᠠᠨ ᠬᠦᠭᠵᠢᠵᠤ ᠨᠡᠢᠭᠡᠮ ᠴᠢᠨᠡᠭᠡᠯᠢᠭᠵᠢᠭᠰᠡᠨᠳᠤ ᠤᠯᠠᠮ ᠴᠸ᠋ ᠵᠤᠷᠢᠬᠵᠢᠬᠤ ᠪᠤᠯᠵᠠᠢ᠃ 2015 ᠤᠨᠳᠤ ᠲᠡᠷᠡ ᠪᠡᠷ ᠤᠳᠤᠬᠢᠴᠢᠯᠠᠬᠰᠠᠨ ᠰᠢᠨ᠎ᠡ ᠮᠠᠶᠢᠭᠤᠨ ᠤᠶᠤᠨᠳᠤ ᠲᠠᠷᠢᠮᠠᠯᠤᠨ ᠮᠠᠰᠢᠨ ᠵᠢᠨᠨ ᠬᠤᠳᠠᠯᠳᠤᠨ ᠠᠪᠴᠠᠢ᠂ ᠲᠡᠭᠡᠭᠰᠡᠨ ᠡᠴᠡ ᠰᠡᠭᠦᠯᠡᠷ ᠨᠢᠭᠡ ᠭᠠᠷᠠᠭᠢ ᠪᠤᠤ ᠬᠡᠯᠡ᠂ ᠨᠢᠭᠡᠯᠡ ᠡᠳᠦᠷᠴᠤ ᠬᠡᠷᠡᠭᠰᠡᠬᠦ ᠦᠭᠡᠢ ᠪᠡᠷ ᠪᠦᠬᠦ ᠲᠠᠷᠢᠶᠠᠨ ᠠᠵᠢᠯ ᠵᠢᠨᠨ ᠳᠠᠭᠤᠰᠬᠠᠴᠢᠬᠠᠳᠠᠭ ᠪᠤᠯᠤᠭᠰᠠᠨᠳᠤ ᠲᠡᠷᠡ ᠰᠢᠨ᠎ᠡ ᠮᠡᠷᠭᠡᠵᠢᠯᠤᠨ ᠰᠢᠮ᠎ᠡ ᠵᠢ ᠭᠠᠢᠬᠠᠰᠢᠷᠠᠨᠠ᠃《ᠠᠨᠭᠬᠠᠨᠳ᠋ᠠᠭᠠᠨ ᠨᠢᠭᠡ ᠮᠸ᠋ ᠲᠠᠷᠢᠶ᠎ᠠ ᠡᠴᠡ 400 ᠵᠢᠨᠭ ᠠᠮᠤ ᠭᠠᠷᠳᠠᠭ᠂ ᠡᠨᠡ ᠨᠢ ᠤᠳᠤᠬᠠᠨᠤ ᠬᠢ ᠲᠠᠢ ᠬᠠᠷᠢᠴᠠᠭᠤᠯᠪᠠᠯ ᠲᠡᠭᠷᠢ ᠭᠠᠵᠠᠷᠤᠨ ᠵᠦᠷᠢᠶ᠎ᠠ ᠭᠡᠵᠤ ᠮᠡᠳᠡ᠂ ᠡᠨᠡ ᠵᠢᠯ ᠮᠠᠨᠠᠢᠬᠢᠨᠤ 400 ᠮᠸ᠋ ᠲᠠᠷᠢᠶ᠎ᠠ ᠡᠴᠡ 50 ᠲᠦᠮᠡᠨ ᠵᠢᠨᠭ ᠬᠤᠷᠢᠶᠠᠯᠲᠠ ᠤᠯᠤᠨ᠎ᠠ》 ᠭᠡᠵᠤ ᠬᠠᠨ ᠬᠦᠸᠸ ᠴᠢᠨᠭ ᠠᠳᠠᠯ ᠠᠮᠢᠳᠤᠷᠠᠯᠳᠠᠭᠠᠨ ᠪᠠᠬᠠᠳᠤᠮ᠎ᠠ ᠪᠠᠢᠯ᠎ᠠ᠃
ᠬᠤᠵᠢᠷ ᠲᠠᠢ ᠰᠢᠪᠠᠷ ᠵᠢᠡᠷ ᠭᠡᠷ ᠰᠢᠪᠠᠵᠤ ᠪᠠᠢᠭᠰᠠᠨ ᠡᠴᠡ ᠪᠠᠨ ᠬᠠᠲᠠᠭᠤ ᠲᠤᠭᠤᠰᠬ᠎ᠠ ᠪᠡᠷ ᠪᠠᠢᠰᠢᠨᠭ᠌ ᠪᠠᠷᠢᠵᠤ ᠱᠠᠬᠰᠢᠭᠤᠯᠵᠤ ᠪᠠᠢᠬᠰᠠᠨ ᠨᠢ ᠪᠠᠰᠠ ᠯᠡ ᠲᠡᠳᠡᠨᠡᠢᠬᠢ ᠭᠠᠴᠠᠭᠠᠨᠳ᠋ᠠᠭᠠᠨ ᠠᠩᠬᠠᠨᠤ ᠬᠢ᠃ 1997 ᠤᠨᠳᠤ᠂ ᠬᠠᠨ ᠬᠦᠸᠸ ᠴᠢᠨᠭ ᠬᠠᠨᠢᠯᠠᠵᠤ ᠲᠠᠰᠤᠯᠴᠠᠬᠰᠠᠨ ᠠᠮᠠᠷᠠᠭ ᠬᠠᠳᠠᠨ ᠭᠠᠴᠠᠭ᠎ᠠ ᠨᠤᠳᠤᠬᠲᠠᠢ ᠸᠠᠨᠭ᠌ ᠰᠢᠶᠠᠨᠭ᠌ ᠬᠤᠨᠭ᠌ ᠲᠠᠢ ᠪᠠᠨ ᠰᠢᠨᠡᠭᠡᠨ ᠪᠠᠷᠢᠬᠰᠠᠨ ᠲᠤᠭᠤᠰᠬᠠᠨ ᠪᠠᠢᠰᠢᠩᠳ᠋ᠠᠭᠠᠨ ᠱᠤᠤᠬᠢᠲᠠᠯᠠ ᠦᠢᠮᠡᠬᠦᠯᠦᠭᠰᠡᠨ ᠶᠡᠬᠡ ᠬᠤᠷᠢᠮ ᠬᠢᠵᠦ᠂ ᠡᠷᠦᠬᠡ ᠵᠢᠨ ᠡᠵᠡᠨ ᠭᠡᠷᠤᠨ ᠨᠤᠶᠠᠨ ᠪᠤᠯᠵᠠᠢ᠃ ᠡᠷᠦᠬᠡ ᠪᠤᠰᠬᠠᠭᠰᠠᠨ ᠦᠩᠭᠡᠷᠡᠭᠰᠡᠨᠤ ᠵᠤᠭᠤᠭ ᠵᠢᠡᠨ ᠳᠡᠯᠭᠡᠬᠦ ᠵᠢᠨ ᠵᠠᠪᠲᠤ᠂ ᠲᠡᠳᠡᠨᠤ ᠠᠳᠤᠭᠤᠨ ᠰᠦᠷᠦᠭ ᠨᠢ ᠬᠤᠲᠠ ᠤᠷᠤᠭᠤ ᠪᠠᠨ ᠤᠷᠤᠵᠤ ᠢᠷᠡᠬᠦ ᠨᠢ ᠬᠠᠷᠠᠭᠳᠠᠯ᠎ᠠ᠃ ᠴᠢᠬᠢ ᠰᠤᠷᠳᠤᠯᠵᠠᠭᠤᠯᠤᠨ ᠤᠷᠤᠵᠤ ᠢᠷᠡᠬᠦ ᠲᠠᠷᠭᠤ ᠰᠠᠢᠲᠠᠢ ᠠᠳᠤᠭᠤᠳ ᠵᠢᠡᠨ ᠬᠠᠷᠠᠭᠠᠳ ᠬᠠᠨ ᠭᠦᠸᠧ ᠴᠢᠩ᠄《ᠮᠠᠨᠤ ᠠᠳᠤᠭᠤᠨ ᠰᠦᠷᠦᠭ ᠳᠦᠷᠪᠡᠭᠡᠨ ᠠᠳᠤᠭᠤ ᠡᠴᠡ ᠦᠷᠡᠵᠢᠵᠤ ᠢᠷᠡᠵᠡᠢ᠃ ᠨᠠᠮ᠎ᠠ ᠵᠢ ᠠᠨᠭᠬ᠎ᠠ ᠠᠢᠯ ᠪᠤᠯᠬᠤᠳᠤ ᠮᠠᠨᠠᠢᠬᠢᠨᠤ ᠠᠳᠤᠭᠤ 30 ᠭᠠᠷᠤᠢ ᠪᠠᠢᠯ᠎ᠠ》 ᠭᠡᠵᠤ ᠳᠤᠷᠠᠰᠪᠠ᠃ ᠤᠳᠤ ᠪᠤᠯ ᠭᠠᠭᠴᠠ ᠵᠢᠯᠤᠨ ᠬᠤᠳᠠᠯᠳᠤᠬᠤ ᠡᠷ᠎ᠡ ᠤᠨᠠᠭ᠎ᠠ ᠨᠢ 30 ᠭᠠᠷᠤᠢ ᠪᠤᠯᠤᠭᠰᠠᠨ ᠠᠳᠤᠭᠤ ᠵᠤᠵᠠᠭᠠᠨ ᠡᠷᠦᠬᠡ ᠪᠤᠯᠵᠠᠢ᠃
ᠬᠠᠳᠠᠨ ᠨᠠᠭᠤᠷᠤᠨ ᠵᠢᠡᠨ ᠴᠠᠯᠬᠢᠶ᠎ᠠ ᠵᠢ ᠴᠢᠩᠨᠠᠵᠤ᠂ ᠬᠠᠮᠠᠷ ᠲᠤᠷᠭᠢᠯᠠᠬᠤ ᠠᠳᠤᠭᠤᠳᠤᠨ ᠵᠢᠡᠨ ᠴᠢᠮᠡᠭᠡ ᠪᠡᠷ ᠰᠡᠳᠬᠢᠯ ᠵᠢᠡᠨ ᠳᠦᠭᠦᠷᠭᠡᠵᠦ ᠶᠠᠪᠤᠬᠤ ᠨᠢ ᠬᠠᠨ ᠭᠦᠸᠧ ᠴᠢᠩᠳᠤ ᠠᠪᠴᠤ ᠬᠡᠯᠡᠪᠡᠯ ᠨᠤᠲᠤᠭ ᠵᠢᠡᠨ ᠰᠠᠬᠢᠵᠤ ᠨᠠᠭᠤᠷ ᠵᠢᠡᠨ ᠮᠠᠨᠠᠬᠰᠠᠨ ᠡᠨᠡ ᠨᠠᠰᠤᠨᠤ ᠬᠢᠨᠢ ᠠᠮᠢᠳᠤᠷᠠᠯᠤᠨ ᠱᠠᠩᠨᠠᠯ ᠲᠡᠷᠡ ᠠᠵᠢ᠃
ᠬᠠᠳᠠᠨ ᠨᠠᠭᠤᠷᠤᠨ ᠳᠤᠯᠬᠢᠶ᠎ᠠ ︱ ᠮᠠᠯ ᠲᠠᠷᠢᠶ᠎ᠠ ᠵᠢ ᠬᠤᠤᠰᠯᠠᠭᠤᠯᠤᠬᠰᠠᠨ ᠬᠤᠰᠢᠭᠤᠴᠢ ᠵᠠᠯᠠᠭᠤ
ᠬᠠᠳᠠᠨ ᠨᠠᠭᠤᠷᠤᠨ ᠵᠡᠭᠦᠨ ᠲᠠᠯ᠎ᠠ ᠪᠡᠷ ᠤᠮᠠᠷᠠᠰᠢᠯᠠᠭᠰᠠᠨ ᠲᠠᠯ᠎ᠠ ᠵᠢᠨ ᠰᠢᠷ᠎ᠠ ᠵᠠᠮ ᠦᠷᠭᠡᠨ ᠲᠠᠯ᠎ᠠ ᠵᠢᠨ ᠵᠢᠡᠨ ᠵᠠᠩᠢ ᠳᠠᠭᠤᠷᠢᠶᠠᠭᠰᠠᠨ ᠮᠡᠲᠦ ᠲᠦᠯᠭᠡᠨ ᠳ᠋ᠡᠭᠡᠨ ᠲᠦᠯᠭᠡᠨ᠂ ᠳᠤᠯᠭᠢᠨ ᠳ᠋ᠠᠭᠠᠨ ᠳᠤᠯᠭᠢᠨ ᠠᠭᠠᠳ ᠤᠰᠤ ᠴᠢᠭᠢᠭᠤᠨ ᠵᠢᠡᠨ ᠵᠠᠢᠵᠢ ᠰᠦᠯᠵᠢᠨ ᠠᠯᠤᠰᠢ ᠵᠤᠷᠢᠨ ᠰᠤᠨᠤᠯᠵᠠᠨ᠎ᠠ᠃ ᠵᠡᠭᠡᠰᠦ ᠬᠤᠯᠤᠰᠤ ᠦᠯᠦᠩᠳᠦᠨ᠂ ᠰᠢᠪᠠᠷ ᠨᠠᠮᠤᠭ ᠲᠤᠭᠲᠠᠭᠰᠠᠨ ᠨᠠᠷᠢᠬᠠᠨ ᠪᠤᠯᠠᠭᠤᠨ ᠬᠦᠪᠡᠭᠡ ᠳᠠᠭᠠᠵᠤ ᠶᠠᠪᠤᠬᠤᠳᠤ ᠲᠡᠷᠳᠡᠭᠡᠳᠤ ᠰᠦᠷᠦᠭ ᠰᠦᠷᠦᠭ ᠠᠳᠤᠭᠤᠳ ᠲᠠᠷᠢᠶᠠᠨ ᠭᠤᠤᠷᠰᠤᠨᠳᠤ ᠪᠡᠯᠴᠢᠭᠡᠷᠯᠡᠬᠦ ᠨᠢ ᠬᠠᠷᠠᠭᠳᠠᠨ᠂ ᠡᠨᠡ ᠨᠤᠲᠤᠭᠤᠨ ᠪᠠᠢᠭᠠᠯᠢᠯᠢᠭ ᠦᠵᠡᠮᠵᠢ ᠪᠤᠯᠤᠨ ᠠᠷᠠᠳᠤᠨ ᠠᠮᠢᠳᠤᠷᠠᠯᠤᠨ ᠪᠤᠷᠤ ᠵᠢᠷᠤᠭᠢ ᠦᠪᠡᠷᠤᠨ ᠬᠡᠯᠪᠡᠷᠢ ᠪᠡᠷ ᠵᠢᠡᠨ ᠵᠢᠷᠤᠭᠯᠠᠨ ᠬᠠᠷᠠᠭᠤᠯᠬᠤ ᠮᠡᠲᠦ᠃
ᠪᠢᠳᠡ ᠢᠩᠭᠢᠵᠦ ᠶᠠᠪᠤᠭᠰᠠᠭᠠᠷ ᠬᠠᠳᠠᠨ ᠨᠠᠭᠤᠷᠤᠨ ᠠᠷᠤ ᠳᠡᠨᠵᠢᠨᠳᠤ ᠰᠠᠭᠤᠭᠰᠠᠨ ᠨᠢᠭᠡ ᠠᠢᠯᠳᠤ ᠬᠦᠷᠴᠦ ᠤᠴᠢᠭᠰᠠᠨ ᠨᠢ ᠵᠠᠯᠠᠢᠳ ᠬᠤᠰᠢᠭᠤᠨᠤ ᠲᠡᠮᠡᠭᠡᠵᠢ ᠪᠠᠯᠭᠠᠰᠤᠨᠤ ᠺᠤᠤᠱᠠᠨ ᠭᠠᠴᠠᠭᠠᠨᠤ ᠰᠢᠶᠠ ᠶᠤᠸᠠᠨ ᠬᠠᠢ ᠵᠢᠨ ᠬᠢ ᠪᠠᠢᠭᠰᠠᠨ ᠶᠤᠮ᠃ ᠺᠤᠤᠱᠠᠨ ᠭᠠᠴᠠᠭ᠎ᠠ ᠪᠤᠯ ᠬᠠᠳᠠᠨ ᠨᠠᠭᠤᠷᠤᠨ ᠡᠷᠬᠢ ᠲᠠᠭᠠᠵᠤ ᠰᠠᠭᠤᠷᠢᠰᠢᠬᠰᠠᠨ ᠠᠢᠯ ᠶᠤᠮ᠃ ᠪᠠᠢᠭᠠᠯᠢ ᠵᠢᠨ ᠬᠠᠮᠠᠭᠠᠯᠠᠯᠲᠠ ᠵᠢᠨ ᠤᠷᠤᠨᠤ ᠪᠠᠢᠭᠠᠯᠢ ᠵᠢᠨ ᠳᠦᠷᠬᠦᠵᠢ ᠤᠤᠯ ᠬᠡᠪ ᠵᠢᠡᠷ ᠨᠢ ᠪᠠᠢᠯᠭᠠᠬᠤ᠂ ᠬᠦᠷᠦᠰᠦ ᠰᠢᠷᠤᠢ ᠵᠢ ᠡᠪᠳᠡᠨ ᠰᠦᠢᠳᠬᠡᠵᠦ ᠦᠯᠦ ᠪᠤᠯᠬᠤ ᠲᠤᠭᠲᠠᠭᠠᠯᠢ ᠳᠠᠭᠠᠵᠤ ᠤᠳᠤ ᠪᠤᠯᠲᠠᠯ᠎ᠠ ᠭᠠᠴᠠᠭ᠎ᠠ ᠬᠤᠭᠤᠷᠤᠨᠳᠤᠬᠢ ᠵᠠᠮ ᠵᠢᠡᠨ ᠰᠢᠷᠤᠢ ᠵᠢᠨ ᠵᠠᠮ ᠵᠢᠡᠷ ᠨᠢ ᠦᠯᠡᠳᠡᠭᠡᠵᠦ ᠪᠠᠢᠳᠠᠭ ᠡᠴᠡ ᠮᠠᠨᠤ ᠶᠠᠪᠤᠵᠤ ᠢᠷᠡᠭᠰᠡᠨ ᠲᠠᠯ᠎ᠠ ᠵᠢᠨ ᠰᠢᠷ᠎ᠠ ᠵᠠᠮ ᠡᠨᠡ ᠨᠤᠲᠤᠭᠤᠨ ᠡᠯᠢᠭᠡᠨᠳᠤ ᠵᠤᠷᠠᠢᠭᠰᠠᠭᠠᠷ ᠪᠠᠢᠭ᠎ᠠ ᠨᠢ ᠲᠡᠷᠡ ᠠᠵᠢ᠃

ᠰᠢᠶᠠ ᠶᠤᠸᠠᠨ ᠬᠠᠢ ᠵᠢᠨ ᠬᠢ ᠭᠡᠵᠦ ᠵᠠᠭᠤᠭᠠᠳ ᠦᠬᠡᠷ ᠂ 500 ᠭᠠᠷᠤᠢ ᠬᠤᠨᠢ ᠂ 1000 ᠭᠠᠷᠤᠢ ᠮᠸ᠋ ᠲᠠᠷᠢᠶ᠎ᠠ ᠲᠠᠢ ᠠᠢᠯ ᠠᠢᠮᠠᠭ ᠲᠠᠭᠠᠨ ᠠᠮᠢᠳᠤᠷᠠᠯ ᠤᠨᠳᠤᠷᠤᠯᠭ᠎ᠠ ᠪᠡᠷ ᠬᠤᠰᠢᠭᠤᠷᠠᠵᠤ ᠪᠠᠢᠳᠠᠭ ᠂ ᠨᠡᠷ᠎ᠡ ᠨᠢᠳᠡᠷᠲᠡᠬᠡᠨ ᠨᠡᠶ᠋ᠢᠴᠡᠭᠰᠡᠨ ᠲᠠᠷᠢᠮᠠᠯ ᠲᠡᠵᠢᠭᠡᠪᠦᠷᠢᠶᠢ ᠬᠤᠤᠰᠯᠠᠭᠤᠯᠤᠬᠰᠠᠨ ᠲᠤᠮᠤ ᠡᠷᠦᠬᠡ ᠵᠢᠨ ᠨᠢᠭᠡ ᠶᠤᠮ᠃ ᠨᠠᠮᠤᠷᠤᠨ ᠬᠤᠷᠢᠶᠠᠯᠳᠡ ᠵᠢᠨ ᠢᠳᠡ ᠬᠦᠭ ᠪᠤᠯᠵᠤ᠂《ᠡᠳᠤᠷ ᠬᠦᠢᠳᠡᠷᠡᠬᠦ ᠡᠴᠡ ᠡᠮᠤᠨ᠎ᠠ ᠬᠤᠷᠢᠶᠠᠯᠳᠠ ᠵᠢᠨ ᠠᠵᠢᠯ ᠵᠢᠡᠨ ᠲᠠᠭᠤᠰᠬᠠᠬᠤ ᠦᠬᠡᠢ ᠪᠤᠯ ᠴᠠᠰᠤ ᠤᠷᠤᠪᠡᠯ ᠬᠡᠴᠡᠬᠦᠤ ᠪᠤᠯᠤᠨᠠᠳᠠ》 ᠬᠡᠮᠡᠨ ᠰᠠᠨᠳᠤᠷᠤᠬᠰᠠᠨ ᠰᠢᠶᠠ ᠶᠤᠸᠠᠨ ᠬᠠᠢ ᠲᠠᠷᠢᠶ᠎ᠠ ᠬᠤᠷᠢᠶᠠᠬᠤ ᠠᠵᠢᠯᠴᠢᠳ ᠵᠢᠡᠨ ᠶᠠᠭᠠᠷᠠᠭᠤᠯᠤᠬᠰᠨᠨ ᠲᠡᠭᠡᠷ᠎ᠠ ᠨᠢ ᠶᠠᠭᠠᠷᠠᠭᠤᠯᠵᠤ᠂ ᠡᠷᠳᠡᠨᠢ ᠰᠢᠰᠢ ᠪᠡᠨ ᠬᠤᠷᠢᠶᠠᠵᠤ ᠪᠠᠢᠯ᠎ᠠ᠃
ᠬᠤᠨᠢ ᠦᠬᠡᠷᠤᠨ ᠵᠢᠡᠨ ᠶᠡᠳᠡᠷ ᠲᠤᠷᠤᠢ ᠡᠴᠡ ᠪᠤᠰᠤᠳᠢ ᠨᠢ ᠬᠠᠪᠤᠷᠤᠨ ᠲᠠᠷᠢᠶᠠᠯᠠᠭ᠎ᠠ ᠡᠴᠡ ᠡᠮᠤᠨ᠎ᠠ ᠨᠠᠮᠤᠷᠤᠨ ᠬᠤᠷᠢᠶᠠᠯᠳᠠ ᠲᠠᠭᠤᠰᠬᠤ ᠪᠤᠯᠳᠠᠯ᠎ᠠ ᠷᠠᠰᠢᠶᠠᠨ ᠬᠤᠳᠠ ᠵᠢᠨ ᠦᠢᠷᠠᠯᠴᠠᠭ᠎ᠠ ᠬᠡᠳᠤᠨ ᠮᠢᠡᠭᠭᠠᠨ ᠮᠸ᠋ ᠪᠡᠯᠴᠢᠭᠡᠷ ᠲᠦᠷᠢᠶᠡᠰᠤᠯᠡᠨ ᠬᠦᠮᠤᠨ ᠬᠦᠯᠦᠰᠤᠯᠡᠨ ᠬᠠᠷᠢᠭᠤᠯᠠᠭᠤᠯᠳᠠᠭ᠃ 《ᠪᠡᠯᠴᠢᠭᠡᠷ ᠲᠦᠷᠢᠶᠡᠰᠤᠯᠡᠬᠦ ᠮᠦᠡᠭᠭᠦ᠂ ᠨᠠᠭᠠᠰᠢ ᠴᠠᠭᠠᠰᠢ ᠵᠦᠭᠡᠭᠡᠪᠤᠷᠢᠯᠡᠬᠦ ᠮᠠᠰᠢᠨ ᠤᠨᠤᠭ᠎ᠠ ᠵᠢᠨ ᠰᠦᠢᠳᠬᠡᠯ᠂ ᠬᠦᠮᠤᠨ ᠬᠦᠯᠤᠰᠤᠯᠡᠬᠦ ᠮᠦᠡᠭᠭᠦ ᠁ ᠬᠡᠳ ᠪᠠᠭ᠎ᠠ ᠪᠤᠰᠤ ᠦᠷᠲᠡᠭ ᠵᠠᠷᠤᠴᠠᠭᠤᠯᠳᠠᠭ 》 ᠴᠸ᠋ ᠮᠠᠯ ᠵᠢᠡᠨ ᠤᠷᠬᠢᠵᠤ᠂ ᠴᠤᠷ ᠭᠠᠭᠴᠠ ᠲᠠᠷᠢᠶᠠᠯᠠᠩ ᠵᠢᠡᠷ ᠠᠮᠢᠳᠤᠷᠠᠳᠠᠭ ᠦᠭᠡᠢ ᠵᠢᠨ ᠳᠠᠩᠰᠠᠶᠢ ᠰᠢᠶᠠ ᠶᠤᠸᠠᠨ ᠬᠠᠢ ᠲᠤᠭᠠᠴᠠᠵᠤ ᠭᠠᠷᠤᠯ᠎ᠠ᠃
ᠮᠢᠩᠭ᠎ᠠ ᠭᠠᠷᠤᠢ ᠮᠤ᠌ ᠲᠠᠷᠢᠶ᠎ᠠ ᠪᠠᠨ ᠮᠠᠰᠢᠨ ᠵᠢᠡᠷ ᠬᠤᠷᠢᠶᠠᠵᠤ ᠳᠠᠭᠤᠰᠤᠭᠰᠠᠨ ᠤ ᠳᠠᠷᠠᠭ᠎ᠠ ᠤᠨᠠᠵᠤ ᠳᠤᠰᠤᠭᠰᠠᠨ ᠡᠷᠳᠡᠨᠢ ᠰᠢᠰᠢ ᠵᠢᠴᠢ ᠡᠰᠢ ᠰᠦᠷᠡᠯ ᠨᠢ ᠲᠡᠷᠡ ᠴᠡᠭ ᠵᠢᠡᠷ ᠵᠢᠡᠨ ᠮᠠᠯ ᠰᠦᠷᠦᠭᠤᠨ ᠬᠢᠨᠢ ᠡᠪᠦᠯᠤᠨ ᠪᠤᠷᠳᠤᠭ᠎ᠠ ᠵᠢ ᠬᠠᠩᠭᠠᠴᠢᠬᠠᠳᠠᠭ ᠲᠤᠯᠠ ᠪᠠᠭ᠎ᠠ ᠪᠤᠰᠤ ᠠᠵᠢᠯ ᠬᠦᠳᠡᠯᠮᠦᠷᠢ ᠪᠠ ᠲᠡᠵᠢᠭᠡᠯ ᠪᠤᠷᠳᠤᠭᠠᠨᠤ ᠦᠷᠲᠡᠭᠢ ᠠᠷᠪᠢᠯᠠᠴᠢᠬᠠᠳᠠᠭ ᠭᠡᠨ᠎ᠡ᠃ ᠲᠠᠷᠢᠶᠠᠨ ᠭᠤᠤᠷᠰᠤᠨᠳᠤ ᠪᠡᠯᠴᠢᠭᠰᠡᠨ ᠦᠬᠡᠷ ᠬᠤᠨᠢᠨᠤ ᠰᠢᠭᠡᠭ ᠪᠠᠭᠠᠰᠤ ᠨᠢ ᠠᠬᠢᠭᠠᠳ ᠲᠠᠷᠢᠶᠠᠨ ᠭᠠᠵᠠᠷ ᠲᠠᠭᠠᠨ ᠪᠤᠷᠳᠤᠭᠤᠷ ᠪᠤᠯᠵᠤ᠂ ᠠᠮᠤ ᠲᠠᠷᠢᠶᠠᠨᠤ ᠡᠯᠪᠡᠭ ᠬᠤᠷᠢᠶᠠᠯᠲᠠ ᠤᠯᠬᠤ ᠳ᠋ᠤᠨᠢ ᠲᠤᠰᠠ ᠪᠤᠯᠳᠠᠭ ᠰᠠᠢᠨ ᠲᠠᠯ᠎ᠠ ᠲᠠᠢ᠃ ᠡᠨᠡ ᠨᠢ ᠮᠦᠨᠴᠤ ᠮᠠᠯᠵᠢᠬᠤ ᠲᠠᠷᠢᠶᠠᠯᠠᠬᠤ ᠵᠢ ᠬᠤᠤᠰᠯᠠᠭᠤᠯᠬᠤ ᠵᠢᠨ ᠳᠠᠪᠠᠭᠤ ᠲᠠᠯ᠎ᠠ ᠪᠦᠭᠡᠳ ᠰᠢᠶᠠ ᠶᠤᠸᠠᠨ ᠬᠠᠢ ᠵᠢᠨ ᠮᠠᠯ ᠰᠦᠷᠦᠭ ᠵᠢᠡᠨ ᠬᠤᠳᠠᠯᠳᠤᠨ ᠰᠢᠢᠳᠪᠦᠷᠢᠯᠡᠬᠦ ᠳᠤᠷ᠎ᠠ ᠦᠭᠡᠢ ᠪᠠᠢᠳᠠᠭᠤᠨ ᠰᠢᠯᠲᠠᠭᠠᠨ ᠠᠵᠢ ᠃ ᠬᠡᠳᠦᠢᠪᠡᠷ ᠵᠤᠨ ᠨᠠᠮᠤᠷᠤᠨ ᠶᠡᠬᠡᠩᠬᠢ ᠴᠠᠭ ᠲᠠᠭᠠᠨ ᠬᠡᠳᠦᠨ ᠵᠠᠭᠤᠨ ᠭᠠᠵᠠᠷᠤᠨ ᠠᠯᠤᠰ ᠲᠡᠬᠢ ᠷᠠᠰᠢᠶᠠᠨ ᠬᠤᠲᠠ ᠵᠢᠨ ᠤᠢᠷᠠᠯᠴᠠᠭ᠎ᠠ ᠪᠡᠯᠴᠢᠭᠡᠷ ᠲᠦᠷᠢᠶᠡᠰᠦᠯᠡᠨ ᠮᠠᠯ ᠵᠢᠡᠨ ᠲᠡᠵᠢᠭᠡᠬᠦ ᠨᠢ ᠶᠠᠷᠰᠢᠭ ᠲᠦᠪᠡᠭ ᠲᠠᠢ ᠰᠢᠭ ᠪᠤᠯᠪᠠᠴᠤ ᠰᠢᠶᠠ ᠶᠤᠸᠠᠨ ᠬᠠᠢ ᠵᠢᠨ ᠪᠤᠳᠤᠯᠳᠤ ᠬᠠᠷᠢᠨ ᠲᠡᠢᠮᠦ ᠪᠢᠰᠢ᠂ 《ᠬᠠᠮᠠᠭᠠᠯᠠᠯᠳᠠ ᠵᠢᠨ ᠤᠷᠤᠨᠤ ᠪᠠᠨ ᠠᠮᠢ ᠠᠬᠤᠢ ᠵᠢ ᠬᠠᠮᠠᠭᠠᠯᠠᠴᠢᠬᠠᠬᠤ ᠮᠦᠷᠲᠡᠭᠡᠨ ᠲᠠᠷᠢᠶᠠᠨ ᠭᠠᠵᠠᠷᠤᠨ ᠦᠩ ᠰᠢᠮ᠎ᠡ ᠵᠢ ᠪᠠᠲᠤᠯᠠᠵᠤ᠂ ᠦᠯᠡᠳᠡᠭᠳᠡᠯ ᠡᠰᠢ ᠰᠦᠷᠡᠯ ᠵᠢᠡᠨ ᠰᠢᠢᠳᠪᠦᠷᠢᠯᠡᠴᠢᠬᠡᠬᠦ ᠪᠤᠯᠬᠤᠷ ᠁》 ᠤᠯᠵᠠ ᠲᠠᠢ ᠮᠠᠢᠮᠠᠢ ᠪᠤᠯᠬᠤ ᠨᠢ ᠳᠠᠮᠵᠢᠭ ᠦᠭᠡᠢ᠃
ᠲᠡᠳᠡᠨᠤ ᠲᠠᠷᠢᠶᠠᠨ ᠭᠠᠵᠠᠷ ᠨᠢ ᠤᠰᠤ ᠬᠦᠷᠤᠰᠤ ᠰᠠᠢᠳᠠᠢ ᠵᠢᠨ ᠲᠡᠭᠡᠷ᠎ᠠ ᠭᠦᠶᠦᠬᠡᠨ ᠪᠤᠯᠠᠵᠤ ᠳᠤᠰᠤᠯᠠᠭᠠᠨ ᠤᠰᠤᠯᠠᠬᠤ ᠣᠲᠣ ᠦᠶ᠎ᠡᠶᠢᠨ ᠲᠠᠷᠢᠶᠠᠯᠠᠩᠤᠨ ᠮᠡᠷᠭᠡᠵᠢᠯᠢ ᠬᠡᠷᠡᠭᠯᠡᠭᠰᠡᠨ ᠡᠴᠡ ᠤᠯᠠᠮᠵᠢᠯᠠᠯᠳᠤ ᠪᠦᠳᠤᠬᠦᠯᠢᠭ ᠲᠠᠷᠢᠬᠤ ᠵᠠᠬᠪᠤᠷ ᠡᠴᠡ ᠲᠦᠢᠯᠪᠤᠷᠢᠳᠠᠢ ᠰᠠᠯᠵᠠᠢ᠃ ᠰᠢᠨᠵᠢᠯᠡᠬᠦ᠌ ᠤᠬᠠᠭᠠᠨᠴᠢ ᠬᠠᠮᠢᠶᠠᠷᠤᠯᠲᠠ᠂ ᠬᠦᠷᠦᠰᠦ ᠤᠰᠤᠨᠤ ᠳᠠᠪᠠᠭᠤᠯᠢᠭ ᠲᠠᠭᠠᠨ ᠲᠦᠰᠢᠭᠯᠡᠨ᠂ ᠰᠢᠶᠠ ᠶᠤᠸᠠᠨ ᠬᠠᠢ ᠵᠢᠨ ᠡᠷᠳᠡᠨᠢ ᠰᠢᠰᠢᠶᠢᠨ ᠮᠦ᠍ ᠨᠢᠭᠡᠴᠢ ᠵᠢᠨ ᠤᠨᠠᠯᠲᠠ ᠨᠢ ᠬᠠᠮᠤᠭᠤᠨ ᠥᠨᠳᠥᠷᠲᠡᠬᠡᠨ 2078 ᠵᠢᠩᠳᠦ ᠬᠦᠷᠴᠦ᠍᠂ ᠵᠥᠪᠬᠡᠨ ᠲᠠᠷᠢᠮᠠᠯᠤᠨ ᠦᠢᠯᠡᠰᠦᠨ ᠵᠢᠯᠦᠨ ᠣᠷᠣᠯᠭ᠎ᠠ ᠨᠢ 50 ᠲᠦᠮᠡᠨ ᠲᠥᠭᠥᠷᠢᠭᠲᠦ᠍ ᠬᠦᠷᠴᠦ ᠪᠠᠢᠨ᠎ᠠ᠃
ᠨᠠᠷᠠ ᠪᠠᠷᠠᠭᠤᠨ᠎ᠠ ᠬᠡᠯᠪᠡᠢᠵᠤ᠂ ᠨᠠᠮᠤᠷᠤᠨ ᠰᠠᠯᠬᠢ ᠰᠡᠷ ᠰᠡᠷ ᠦᠯᠢᠶᠡᠨᠠ᠃ ᠡᠡᠭᠨᠡᠷᠡᠨ ᠵᠢᠭᠳᠡᠷᠡᠭᠰᠡᠨ ᠲᠤᠬᠢᠯᠢᠭ ᠴᠡᠪᠡᠷᠭᠡᠨ ᠬᠡᠷ ᠪᠠᠢᠰᠢᠡᠭ᠂ ᠬᠠᠰᠢᠶ᠎ᠠ ᠬᠤᠷᠤᠭ᠎ᠠ ᠵᠢ ᠨᠢ ᠬᠠᠷᠠᠬᠤᠳᠤ ᠠᠵᠢᠯᠴᠢ ᠠᠢᠯ ᠬᠡᠳᠡᠭ ᠨᠢ ᠢᠯᠡᠭᠡᠨ᠃ ᠡᠬᠦᠳᠠᠨ ᠡᠮᠤᠨᠠᠬᠢ ᠲᠠᠷᠢᠶᠠᠨ ᠭᠠᠵᠠᠷ ᠲᠸ᠋ ᠰᠢᠶᠠ ᠶᠤᠸᠠᠨ ᠬᠠᠢ ᠵᠢᠨ ᠠᠪᠤ ᠮᠠᠰᠢᠨ ᠵᠢᠯᠤᠭᠤᠳᠤᠨ ᠡᠷᠳᠡᠨᠢ ᠰᠢᠰᠢ ᠵᠢᠨ ᠡᠰᠢ ᠰᠦᠷᠡᠯ ᠵᠢᠡᠨ ᠬᠤᠮᠢᠵᠤ ᠲᠠᠭᠤᠰᠬᠠᠭᠠᠳ ᠮᠠᠯ ᠵᠢᠡᠨ ᠡᠪᠡᠰᠤᠯᠡᠬᠦ ᠪᠡᠷ ᠫᠸᠡᠭ ᠤᠷᠤᠭᠤ ᠪᠡᠨ ᠠᠯᠬᠤᠬᠤᠳᠤ᠂ ᠲᠤᠳᠤᠷ᠎ᠠ ᠬᠡᠷ ᠲᠤᠨᠢ ᠬᠦᠭᠡᠷᠤᠬᠦᠢ ᠡᠵᠢ ᠨᠢ ᠲᠤᠭᠤᠭ᠎ᠠ ᠰᠢᠨᠠᠭ᠎ᠠ ᠲᠠᠴᠢᠬᠢᠨᠠᠭᠤᠯᠵᠤ ᠬᠤᠭᠤᠯᠠ ᠤᠮᠳᠠ ᠪᠡᠨ ᠪᠠᠵᠠᠭᠠᠨ᠂ ᠭᠠᠯᠠᠭᠤ ᠲᠠᠬᠢᠶ᠎ᠠ ᠪᠡᠨ ᠲᠡᠵᠢᠭᠡᠭᠡᠳ ᠮᠤᠡᠭᠭᠠᠨᠢᠨᠠ᠃ ᠬᠤᠶᠠᠷ ᠬᠦᠭᠰᠢᠨ ᠬᠦᠤᠳᠡᠭᠡᠨ ᠪᠠᠭ᠎ᠠ ᠴᠸ᠋ ᠬᠡᠰᠡᠨ ᠲᠤᠰᠠ ᠲᠠᠮ ᠪᠤᠯᠴᠢᠬᠠᠬᠤ ᠪᠤᠯᠪᠠᠤ ᠬᠡᠰᠡᠨ ᠪᠠᠢᠳᠠᠯ ᠲᠠᠢ ᠦᠪᠡᠷ ᠦᠪᠡᠷᠤᠨ ᠬᠢᠷᠢᠳᠡᠭᠡᠨ ᠴᠢᠷᠮᠠᠢᠵᠤ ᠪᠠᠢᠭ᠎ᠠ ᠠᠵᠢ᠃
ᠰᠢᠶᠠ ᠶᠤᠸᠠᠨ ᠬᠠᠢ ᠪᠠᠰᠠ ᠨᠢᠭᠡ ᠲᠡᠷᠭᠡ ᠡᠷᠳᠡᠨᠢ ᠰᠢᠰᠢ ᠪᠡᠨ ᠲᠡᠭᠡᠭᠡᠭᠡᠳ ᠠᠷᠤ ᠬᠠᠰᠢᠶᠠᠨᠳᠠᠭᠠᠨ ᠪᠠᠭᠤᠯᠭᠠᠴᠢᠬᠠᠯ᠎ᠠ᠃ ᠠᠭᠤᠯᠠ ᠮᠡᠳᠤ ᠤᠪᠤᠭᠠᠯᠠᠬᠰᠠᠨ ᠡᠷᠳᠡᠨᠢ ᠰᠢᠰᠢ ᠪᠡᠨ ᠬᠠᠷᠠᠨ ᠬᠠᠷᠠᠨ ᠰᠢᠶᠠ ᠶᠤᠸᠠᠨ ᠬᠠᠢ ᠶᠡᠭᠡ ᠯᠡ ᠪᠠᠶᠠᠷᠳᠠᠢ ᠬᠡᠷ ᠵᠦᠭ ᠵᠢᠡᠨ ᠠᠯᠬᠤᠯ᠎ᠠ᠃
《ᠬᠠᠳᠠᠨ ᠨᠠᠭᠤᠷᠤᠨ ᠦᠢᠷᠠᠯᠴᠠᠭ᠎ᠠ᠂ ᠭᠠᠴᠠᠭᠠᠨᠤ ᠡᠮᠤᠨ᠎ᠠ ᠲᠠᠯᠠᠳᠤ ᠭᠤᠷᠪᠡᠨ ᠵᠢᠯᠤ᠋ᠨ ᠡᠮᠤᠨ᠎ᠠ ᠡᠴᠡ ᠰᠢᠷᠭᠢᠭᠡᠳ ᠤᠳᠠᠭᠰᠠᠨ ᠪᠤᠯᠠᠭ ᠳᠠᠬᠢᠭᠠᠳ ᠤᠷᠬᠢᠯᠵᠤ ᠡᠬᠢᠯᠡᠭᠰᠡᠨ ᠰᠢᠦ᠃ ᠡᠨᠡ ᠴᠢᠨᠢ ᠠᠮᠢ ᠠᠬᠤᠢ ᠪᠠᠨ ᠬᠠᠮᠠᠭᠠᠯᠠᠵᠤ ᠰᠠᠢᠵᠢᠷᠠᠭᠤᠯᠤᠭᠰᠠᠨᠤ ᠰᠠᠢᠨ ᠰᠢᠳᠠ》 ᠬᠡᠵᠤ ᠰᠢᠶᠠ ᠶᠤᠸᠠᠨ ᠬᠠᠢ ᠵᠢᠨ ᠬᠡᠯᠡᠵᠤ ᠪᠠᠢᠭᠰᠠᠨ ᠦᠭᠡ ᠵᠢ ᠡᠷᠭᠢᠴᠡᠭᠦᠯᠦᠭᠰᠡᠭᠡᠷ ᠪᠢᠳᠡ ᠪᠤᠴᠠᠬᠤ ᠵᠠᠮ ᠵᠢᠡᠨ ᠡᠯᠭᠦᠬᠦᠳᠤ ᠵᠠᠮᠤᠨ ᠬᠠᠵᠠᠭᠤᠳᠠᠬᠢ ᠪᠤᠯᠠᠭᠤᠨ ᠤᠰᠤ ᠰᠢᠩᠭᠡᠬᠦ ᠨᠠᠷᠠᠨᠤ ᠲᠤᠶᠠᠭᠠᠨᠳᠤ ᠭᠢᠯᠲᠠᠭᠠᠨᠠᠨ ᠰᠢᠵᠢᠷᠲᠤᠨᠠ᠃
ᠰᠤᠷᠪᠤᠯᠵᠢᠯᠠᠬᠴᠢ ᠵᠢᠨ ᠡᠪᠦᠷ ᠳᠡᠮᠳᠡᠭᠯᠡᠯ᠄
ᠬᠠᠳᠠᠨ ᠨᠠᠭᠤᠷ ᠬᠠᠯᠬᠢᠯᠡᠨ ᠴᠠᠯᠬᠢᠯᠠᠵᠦ᠂ ᠳᠠᠪᠠᠯᠭᠠᠯᠠᠨ ᠳᠤᠯᠬᠢᠶᠡᠯᠡᠨᠠ᠃ ᠲᠦᠷᠦ ᠬᠦᠷᠦᠨᠦ ᠤᠷᠢᠶᠠᠯᠠᠯ᠂ ᠲᠦᠮᠡᠨ ᠤᠯᠠᠨᠦ ᠤᠬᠠᠮᠰᠠᠷᠯᠠᠯ ᠵᠢᠠᠷ ᠬᠠᠮᠤᠭ ᠳᠡᠯᠡᠬᠡᠢ ᠰᠡᠷᠬᠦᠵᠦ᠂ ᠬᠠᠳᠠᠨ ᠨᠠᠭᠤᠷ ᠴᠸ᠋ ᠠᠮᠢᠯᠠᠯ ᠵᠢᠠᠨ ᠤᠯᠵᠠᠢ᠃ ᠪᠠᠢᠭᠠᠯᠢ ᠤᠷᠴᠢᠨᠦ ᠬᠠᠮᠠᠭᠠᠯᠠᠯᠳᠠ ᠳ᠋ᠤ ᠤᠷᠤᠭᠰᠠᠨ ᠵᠢᠠᠷ ᠪᠠᠷᠠᠬᠤ ᠦᠭᠡᠢ᠂ ᠪᠢᠨᠳᠤᠷᠢᠶᠠ ᠴᠡᠩᠭᠡᠷ ᠤᠰᠤᠨ ᠨᠢ ᠬᠡᠪᠡᠯᠢ ᠪᠡᠨ ᠳᠡᠯᠡᠨ ᠦᠷᠭᠡᠵᠢᠭᠰᠡᠭᠡᠷ ᠁
ᠰᠤᠷᠪᠤᠯᠵᠢᠯᠠᠭ᠎ᠠ ᠮᠠᠨᠢ ᠳᠠᠭᠤᠰᠬᠤᠳᠦ᠂ ᠤᠷᠤᠢ ᠨᠠᠮᠤᠷᠤᠨ ᠦᠳᠡᠰᠢ ᠵᠢᠨ ᠨᠠᠷᠠᠨ ᠰᠢᠩᠭᠡᠵᠦ᠂ ᠤᠭᠳᠠᠷᠭᠤᠢ ᠳ᠋ᠤ ᠤᠳᠤᠨ ᠮᠡᠴᠢᠳ ᠲᠦᠭᠡᠵᠦ᠂ ᠥᠩᠭᠡᠳᠦ ᠰᠠᠷᠠᠨ ᠲᠤᠶᠠᠭᠠᠷᠠᠴᠢᠬᠠᠬᠰᠠᠨ ᠪᠠᠢᠯ᠎ᠠ᠃
ᠬᠠᠳᠠᠨ ᠨᠠᠭᠤᠷ ᠵᠢᠠᠷ ᠭᠤᠤᠯ ᠬᠦᠢᠰᠤ ᠪᠤᠯᠭᠠᠭᠰᠠᠨ ᠳᠡᠮᠡᠭᠡᠵᠢ ᠵᠢᠨ ᠨᠤᠭᠤ ᠭᠠᠵᠠᠷ ᠨᠢ ᠨᠠᠭᠤᠷᠤᠨ ᠳᠤᠭᠤᠷᠢᠨ ᠳ᠋ᠤ ᠨᠤᠳᠤᠭᠰᠢᠭᠰᠠᠨ ᠬᠦᠮᠦᠨ ᠠᠷᠠᠳᠤᠨ ᠬᠠᠳᠠᠭᠤ ᠪᠠᠷᠢᠮᠳᠠᠯᠠᠯ᠂ ᠬᠡᠳᠤᠨ ᠦᠶ᠎ᠠ ᠵᠢᠨ ᠬᠦᠮᠦᠰᠤᠨ ᠵᠢᠳᠬᠦᠯ ᠴᠢᠷᠮᠠᠢᠯᠭ᠎ᠠ ᠪᠡᠷ ᠬᠤᠰᠢᠭᠤ ᠳᠡᠰᠤᠨ ᠬᠠᠮᠠᠭᠠᠯᠠᠯᠳᠠ ᠵᠢᠨ ᠤᠷᠤᠨ ᠪᠠᠢᠭᠰᠠᠨ ᠡᠴᠡ ᠪᠡᠨ ᠦᠪᠡᠷᠳᠡᠭᠡᠨ ᠵᠠᠰᠠᠬᠤ ᠤᠷᠤᠨᠦ ᠳᠡᠰ ᠤᠨ ᠬᠠᠮᠠᠭᠠᠯᠠᠯᠳᠠ ᠵᠢᠨ ᠤᠷᠤᠨ ᠵᠢᠠᠷ ᠵᠦᠪᠰᠢᠶᠡᠷᠡᠭᠳᠡᠵᠦ᠂ ᠠᠬᠢᠭᠠᠳ ᠤᠯᠤᠰᠤᠨ ᠳᠡᠰ ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠯᠵᠦ᠂ ᠨᠡᠩ ᠰᠢᠨᠵᠢᠯᠡᠬᠦ ᠤᠬᠠᠭᠠᠨᠴᠢ ᠰᠤᠳᠤᠯᠤᠨ ᠮᠠᠭᠠᠳᠯᠠᠯᠳᠠ᠂ ᠨᠠᠷᠢᠨ ᠤᠨᠤᠪᠴᠢᠳᠠᠢ ᠠᠷᠭ᠎ᠠ ᠪᠤᠳᠤᠯᠭ᠎ᠠ᠂ ᠤᠶᠤᠨᠴᠢ ᠬᠢᠨᠡᠨ ᠬᠠᠮᠢᠶᠠᠷᠤᠯᠳᠡ ᠪᠡᠷ ᠬᠠᠮᠠᠭᠠᠯᠠᠭᠳᠠᠬᠤ ᠪᠤᠯᠵᠦ᠂ ᠦᠵᠡᠮᠵᠢ ᠪᠠᠢᠭᠠᠯᠢ ᠨᠢ ᠤᠯᠠᠮ ᠭᠤᠶᠤᠵᠢᠵᠤ ᠂ ᠵᠡᠬᠦᠨ ᠡᠮᠦᠨᠡᠳᠤ ᠠᠽᠢᠶ᠎ᠠ ᠵᠢᠨ ᠨᠡᠬᠦᠳᠡᠯᠤᠨ ᠰᠢᠪᠠᠭᠤᠳᠤᠨ ᠦᠷᠳᠡᠭᠡᠯᠡᠨ ᠪᠠᠭᠤᠬᠤ ᠴᠢᠬᠤᠯᠠ ᠪᠠᠭᠤᠴᠠ ᠪᠤᠯᠤᠭᠰᠠᠨ ᠪᠠᠢᠨ᠎ᠠ᠃
ᠨᠠᠭᠤᠷ ᠵᠢᠠᠨ ᠰᠠᠨᠠᠭᠰᠠᠨ ᠨᠡᠬᠦᠳᠡᠯᠤᠨ ᠰᠢᠪᠠᠭᠤᠳ ᠪᠤᠴᠠᠬᠤ ᠪᠡᠨ ᠮᠠᠷᠳᠠᠨ ᠡᠷᠬᠢᠯᠳᠤᠨᠠ᠂ ᠨᠤᠳᠤᠭ ᠵᠢᠠᠨ ᠭᠡᠰᠡᠨ ᠬᠦᠮᠦᠨ ᠠᠷᠠᠳ ᠨᠢ ᠨᠠᠭᠤᠷ ᠵᠢᠠᠨ ᠳᠠᠭᠠᠭᠠᠳ ᠬᠤᠷᠭᠤᠳᠠᠨ᠎ᠠ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃